ᠠᠩᠬᠢᠯᠤᠮ᠎ᠠ ᠤᠯᠠᠯᠵᠢАнхилам улалж

ᠠᠩᠬᠢᠯᠤᠮ᠎ᠠ ᠤᠯᠠᠯᠵᠢ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠂ ᠨᠢᠮᠪᠡᠭᠡ ᠰᠢᠭ ᠠᠩᠬᠢᠯᠤᠮ᠎ᠠ᠃ ᠰᠦᠷᠡᠯ ᠨᠢ ᠪᠦᠳᠦᠭᠦᠨ᠂ 2m ᠣᠷᠴᠢᠮ ᠥᠨᠳᠥᠷ᠂ ᠦᠶ᠎ᠡ ᠳ᠋ᠦ᠍ᠨᠢ ᠯᠡ ᠰᠢᠭ ᠡᠳ᠋ ᠪᠣᠢ᠃ ᠨᠠᠪᠴᠢᠨ ᠤ᠋ ᠢᠯᠲᠠᠰᠤ ᠨᠢ 1m ᠣᠷᠴᠢᠮ ᠤᠷᠲᠤ᠂ 15mm ᠥᠷᠭᠡᠨ᠂ ᠬᠣᠶᠠᠷ ᠲᠠᠯ᠎ᠠ ᠨᠢ ᠪᠦᠷ ᠪᠤᠭᠤᠷᠤᠯ ᠮᠥᠷᠲᠡᠭᠡᠨ ᠰᠢᠷᠦᠭᠦᠨ᠃ ᠲᠦᠷᠦᠭᠦᠪᠴᠢ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠮᠠᠰᠢ ᠨᠠᠷᠢᠨ᠂ 1.5—2cm ᠤᠷᠲᠤ᠂ ᠤᠯᠠᠭᠠᠨ ᠪᠤᠶᠤ ᠰᠢᠷᠠᠪᠲᠤᠷ ᠬᠦᠷᠡᠩ᠂ ᠶᠡᠷᠦᠩᠬᠡᠢ ᠪᠠᠷᠢᠭᠤᠯ ᠠ᠋ᠴᠠ ᠪᠠᠨ 3—5 ᠳᠠᠬᠢᠨ ᠤᠷᠲᠤ; ᠬᠠᠭᠤᠷᠮᠠᠭ ᠱᠣᠷᠣᠯᠵᠢᠨ ᠬᠡᠯᠪᠡᠷᠢᠲᠦ ᠪᠠᠭ ᠴᠡᠴᠡᠭ ᠨᠢ ᠪᠦᠰᠡ ᠰᠢᠭ ᠡᠴᠡ ᠤᠷᠲᠤᠯᠵᠢᠨ ᠪᠥᠭᠡᠷᠡᠩᠬᠡᠢ ᠶ᠋ᠢᠨ ᠬᠣᠭᠣᠷᠣᠨᠳᠣᠬᠢ ᠬᠡᠯᠪᠡᠷᠢ ᠲᠡᠢ᠂ ᠰᠠᠷᠪᠠᠭᠠᠷ᠂ ᠭᠤᠷᠪᠠᠳᠠᠨ ᠰᠠᠯᠠᠭᠠᠯᠠᠨ᠎ᠠ; ᠴᠠᠴᠤᠭ ᠬᠡᠯᠪᠡᠷᠢᠲᠦ ᠪᠠᠭ ᠴᠡᠴᠡᠭ ᠨᠢ ᠬᠣᠣᠰ ᠬᠣᠣᠰ ᠢ᠋ᠶ᠋ᠠᠷ ᠤᠷᠭᠤᠨ᠎ᠠ᠂ 1.5—2cm ᠤᠷᠲᠤ᠂ ᠳᠥᠷᠪᠡᠨ ᠦᠶ᠎ᠡ ᠲᠡᠢ; ᠪᠠᠷᠢᠭᠤᠯ ᠦᠭᠡᠢ ᠵᠢᠵᠢᠭ ᠲᠦᠷᠦᠭᠦᠦ ᠨᠢ ᠬᠣᠣᠰ ᠪᠡᠯᠭᠡ ᠲᠡᠢ᠂ ᠪᠦᠰᠡ ᠰᠢᠭ ᠪᠤᠶᠤ ᠬᠠᠪᠲᠠᠭᠠᠢ ᠲᠡᠪᠡᠨᠡ ᠰᠢᠭ ᠪᠦᠰᠡ ᠬᠡᠯᠪᠡᠷᠢ ᠲᠡᠢ᠂ ᠰᠤᠷ ᠦᠭᠡᠢ᠂ ᠱᠣᠪᠬᠣ ᠦᠵᠦᠭᠦᠷ ᠲᠡᠢ; ᠨᠢᠭᠡᠳᠦᠭᠡᠷ ᠬᠠᠯᠢᠰᠤ ᠶ᠋ᠢᠨ ᠦᠵᠦᠭᠦᠷ ᠲᠤᠨᠢ ᠬᠣᠶᠠᠷ ᠵᠢᠵᠢᠭ ᠦᠵᠦᠭᠦᠷ ᠲᠡᠢ᠂ ᠠᠷᠤ ᠨᠢᠷᠤᠭᠤ ᠳ᠋ᠤᠨᠢ ᠮᠠᠰᠢ ᠨᠠᠷᠢᠨ ᠳᠠᠯᠠᠪᠴᠢ ᠲᠠᠢ; ᠬᠣᠶᠠᠳᠤᠭᠠᠷ ᠭᠠᠳᠠᠷ ᠬᠡᠪᠡᠭ ᠦ᠋ᠨ ᠦᠵᠦᠭᠦᠷ ᠨᠢ ᠭᠦᠢᠬᠡᠨ ᠣᠨᠢ ᠲᠠᠢ᠂ ᠣᠬᠣᠷ ᠱᠣᠪᠬᠣ ᠦᠵᠦᠭᠦᠷ ᠲᠡᠢ ᠪᠣᠯᠪᠠᠴᠤ ᠰᠤᠷ ᠦᠭᠡᠢ ᠪᠠᠢᠳᠠᠭ; ᠪᠠᠷᠢᠭᠤᠯ ᠪᠦᠬᠦᠢ ᠵᠢᠵᠢᠭ ᠲᠦᠷᠦᠭᠦᠦ ᠨᠢ ᠬᠥᠬᠡᠪᠲᠦᠷ ᠪᠣᠷᠣ ᠥᠩᠭᠡᠲᠡᠢ᠃
ᠮᠠᠨ ᠤ᠋ ᠤᠯᠤᠰ ᠤ᠋ᠨ ᠡᠮᠦᠨᠡᠲᠦ ᠭᠡᠰᠡᠭ ᠦ᠋ᠨ ᠣᠯᠠᠩᠬᠢ ᠮᠣᠵᠢ ᠣᠷᠣᠨ ᠳ᠋ᠤ᠌ ᠪᠦᠷ ᠲᠠᠷᠢᠵᠤ ᠪᠣᠢ᠃
ᠪᠦᠬᠦᠯᠢ ᠤᠷᠭᠤᠮᠠᠯ ᠠ᠋ᠴᠠ ᠨᠢ ᠠᠩᠬᠢᠯᠤᠮ᠎ᠠ ᠲᠣᠰᠣ ᠭᠠᠷᠭᠠᠨ ᠠᠪᠴᠤ ᠦᠨᠦᠷᠲᠦ ᠤᠰᠤ᠂ ᠰᠠᠪᠤᠩ ᠵᠡᠷᠭᠡ ᠶ᠋ᠢ ᠬᠢᠬᠦ ᠳ᠋ᠦ᠍ ᠬᠡᠷᠡᠭᠯᠡᠨ᠎ᠡ᠃
ᠬᠢᠲᠠᠳ ᠨᠡᠷ᠎ᠡ᠄香茅
ᠠᠩᠭ᠌ᠯᠢ ᠨᠡᠷ᠎ᠡ᠄Cymbogon citratus (DC.) Stapf
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠲᠤᠶᠠᠭ᠎ᠠ
