ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠤᠳᠤᠷᠢᠳᠬᠠᠯ Сэрүүхэн тал нутаг – <свис> Вальтер Босгард ( Walter Bosshard)- Удиртгал ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠤᠳᠤᠷᠢᠳᠬᠠᠯ Сэрүүхэн тал нутаг – <свис> Вальтер Босгард ( Walter Bosshard)- Удиртгал

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠤᠳᠤᠷᠢᠳᠬᠠᠯ Сэрүүхэн тал нутаг – <свис> Вальтер Босгард ( Walter Bosshard)- Удиртгал

ᠠᠩᠭᠢᠯᠠᠯ:ᠲᠤᠭᠤᠵᠢ ᠷᠣᠮᠠᠨ
2024-06-08

546

ᠤᠳᠤᠷᠢᠳᠬᠠᠯ

  
       ᠠᠷᠪᠠ ᠶᠢᠰᠦ᠂ ᠬᠣᠷᠢᠳᠤᠭᠠᠷ ᠵᠠᠭᠤᠨ ᠤ᠋ ᠦᠶ᠎ᠡ ᠶ᠋ᠢᠨ ᠤᠯᠤᠰ ᠲᠥᠷᠥ᠂ ᠠᠵᠤ ᠠᠬᠤᠢ ᠪᠠ ᠲᠧᠩᠨᠢᠭ ᠮᠡᠷᠭᠡᠵᠢᠯ ᠦ᠋ᠨ ᠯᠤᠲᠤ ᠶᠡᠬᠡ ᠬᠤᠪᠢᠷᠠᠯᠲᠠ ᠨᠢ ᠡᠨᠡ ᠳᠡᠯᠡᠬᠡᠢ ᠳ᠋ᠦ᠍ ᠣᠷᠣᠰᠢᠵᠤ ᠪᠠᠢᠭ᠎ᠠ ᠣᠯᠠᠩᠬᠢ ᠦᠨᠳᠦᠰᠦᠲᠡᠨ ᠤᠭᠰᠠᠭᠠᠲᠠᠨ ᠤ᠋ ᠡᠳᠦᠷ ᠳᠣᠳᠣᠮ ᠤ᠋ᠨ ᠠᠮᠢᠳᠤᠷᠠᠯ ᠳ᠋ᠤ᠌ ᠶᠣᠰᠣᠲᠠᠢ ᠯᠠ ᠦᠨᠳᠦᠰᠦ ᠪᠡᠷ ᠨᠢ ᠡᠷᠭᠢᠭᠦᠯᠦᠯ᠎ᠡ ᠭᠡᠮᠡᠷ ᠬᠤᠪᠢᠷᠠᠯᠲᠠ ᠶ᠋ᠢ ᠠᠪᠴᠢᠷᠠᠭᠰᠠᠨ ᠰᠠᠨ᠃ ᠥᠷᠥᠨᠡᠳᠠᠬᠢᠨ ᠤ᠋ ᠰᠣᠶᠣᠯ ᠪᠣᠯᠪᠠᠰᠤᠨ ᠤ᠋ ᠥᠷᠭᠡᠵᠢᠨ ᠲᠡᠯᠡᠬᠦ ᠶ᠋ᠢ ᠳᠠᠭᠠᠯᠳᠤᠨ ᠲᠢᠪ ᠳᠡᠯᠡᠬᠡᠢ ᠶ᠋ᠢᠨ ᠬᠠᠮᠤᠭ ᠤ᠋ᠨ ᠪᠣᠢᠳᠠ ᠪᠥᠭᠯᠡᠭᠦᠦ ᠭᠠᠵᠠᠷ ᠲᠤ᠌ ᠬᠦᠷᠲᠡᠯ᠎ᠡ ᠰᠢᠨ᠎ᠡ ᠪᠠ ᠬᠠᠭᠤᠴᠢᠨ ᠂ ᠥᠩᠭᠡᠷᠡᠭᠰᠡᠨ ᠪᠠ ᠢᠷᠡᠭᠡᠳᠦᠢ ᠭᠡᠬᠦ ᠮᠡᠲᠦ ᠶ᠋ᠢᠨ ᠣᠯᠠᠨ ᠲᠠᠯ᠎ᠠ ᠶ᠋ᠢᠨ ᠵᠥᠷᠢᠴᠡᠯ ᠮᠥᠷᠭᠥᠯᠳᠦᠭᠡᠨ ᠭᠠᠷᠬᠤ ᠳ᠋ᠤ᠌ ᠬᠦᠷᠦᠭᠰᠡᠨ ᠪᠢᠯᠡ᠃ ᠳᠡᠯᠡᠬᠡᠢ ᠶ᠋ᠢᠨ ᠡᠨᠡ ᠣᠯᠠᠨ ᠤᠯᠤᠰ ᠣᠷᠣᠨ ᠤ᠋ ᠳᠣᠲᠣᠷ᠎ᠠ ᠠ᠋ᠴᠠ ᠮᠣᠩᠭᠣᠯ ᠪᠣᠯ ᠡᠷᠲᠡ ᠦᠶ᠎ᠡ ᠶ᠋ᠢᠨ ᠵᠠᠩ ᠳᠠᠳᠬᠠᠯ ᠪᠠ ᠰᠡᠳᠬᠢᠬᠦᠢ ᠠᠷᠠᠨᠰᠢᠨ ᠢ᠋ᠶ᠋ᠠᠨ ᠡᠳᠦᠭᠡ ᠳ᠋ᠦ᠍ ᠬᠦᠷᠲᠡᠯ᠎ᠡ ᠬᠠᠳᠠᠭᠠᠯᠠᠨ ᠠᠪᠴᠤ ᠦᠯᠡᠳᠡᠭᠰᠡᠨ ᠴᠥᠭᠡᠨ ᠬᠡᠳᠦᠬᠡᠨ ᠣᠷᠣᠨ ᠤ᠋ ᠨᠢᠭᠡ ᠨᠢ ᠪᠣᠯᠳᠠᠭ᠃ ᠮᠣᠩᠭᠣᠯ ᠣᠷᠣᠨ ᠤ᠋ ᠭᠠᠵᠠᠷ ᠵᠦᠢ ᠶ᠋ᠢᠨ ᠲᠠᠯ᠎ᠠ ᠪᠠᠷ ᠬᠢ ᠲᠠᠯ᠎ᠠ ᠨᠤᠲᠤᠭ ᠪᠠ ᠭᠣᠪᠢ ᠴᠦᠯ ᠦ᠋ᠨ ᠪᠣᠢᠳᠠ ᠪᠥᠭᠯᠡᠭᠦᠦ ᠪᠠᠢᠳᠠᠯ᠂ ᠠᠵᠤ ᠠᠬᠤᠢ ᠶ᠋ᠢᠨ ᠲᠠᠯ᠎ᠠ ᠪᠠᠷ ᠬᠢ ᠳᠡᠯᠡᠬᠡᠢ ᠶ᠋ᠢᠨ ᠥᠭᠡᠷ᠎ᠡ ᠪᠤᠰᠤᠳ ᠣᠷᠣᠨ ᠲᠠᠢ ᠬᠠᠷᠢᠴᠠᠭᠤᠯᠪᠠᠯ ᠴᠢᠬᠤᠯᠠ ᠪᠤᠰᠤ ᠪᠠᠢᠭ᠎ᠠ ᠪᠠᠢᠳᠠᠯ ᠵᠢᠴᠢ ᠠᠭᠤᠷᠬᠠᠢ ᠡᠷᠦᠳᠡᠰᠦ ᠶ᠋ᠢᠨ ᠲᠠᠯ᠎ᠠ ᠪᠠᠷ ᠬᠢ ᠨᠡᠷ᠎ᠡ ᠴᠤᠤ ᠮᠠᠨᠳᠤᠭᠰᠠᠨ ᠴᠢᠬᠤᠯᠠ ᠬᠠᠳᠠᠭᠠᠯᠠᠭᠳᠠᠴᠠ ᠪᠠᠢᠬᠤ ᠦᠭᠡᠢ ᠵᠡᠷᠭᠡ ᠨᠥᠬᠥᠴᠡᠯ ᠨᠢ ᠲᠡᠭᠦᠨ ᠳ᠋ᠦ᠍ ᠠᠪᠴᠤ ᠬᠡᠯᠡᠪᠡᠯ ᠬᠥᠷᠰᠢ ᠵᠡᠷᠭᠡᠯᠡᠳᠡᠭᠡ ᠲᠣᠮᠣ ᠭᠦᠷᠦᠨ ᠨᠤᠭᠦᠳ ᠦ᠋ᠨ ᠲᠦᠷᠢᠯᠲᠡ ᠡᠴᠡ ᠬᠠᠭᠠᠴᠠᠢᠯᠠᠬᠤ ᠨᠢᠭᠡ ᠶᠣᠰᠣᠨ ᠤ᠋ ᠪᠠᠢᠭᠠᠯᠢ ᠠ᠋ᠴᠠ ᠪᠦᠲᠦᠭᠰᠡᠨ ᠬᠠᠮᠠᠭᠠᠯᠠᠯᠲᠠ ᠪᠣᠯᠤᠭᠰᠠᠨ ᠠᠵᠢ᠃ ᠮᠣᠩᠭᠣᠯ ᠤ᠋ᠨ ᠠᠷᠠᠳ ᠲᠦᠮᠡᠨ ᠡᠩᠬᠡ ᠲᠠᠢᠪᠤᠩ ᠤ᠋ᠨ ᠳᠤᠮᠳᠠ ᠡᠷᠲᠡ ᠦᠶ᠎ᠡ ᠶ᠋ᠢᠨ ᠤᠯᠠᠮᠵᠢᠯᠠᠯ ᠢ᠋ᠶ᠋ᠠᠨ ᠦᠶ᠎ᠡ ᠳᠠᠮᠵᠢᠨ ᠤᠳᠤᠮᠯᠠᠨ ᠵᠠᠯᠭᠠᠭᠰᠠᠭᠠᠷ ᠢᠷᠡᠭᠰᠡᠨ ᠪᠥᠭᠡᠳ ᠣᠶᠤᠨ ᠰᠠᠨᠠᠭᠠᠨ ᠤ᠋ ᠬᠤᠪᠢ ᠳ᠋ᠤ᠌ ᠮᠥᠨ ᠯᠡ ᠠᠷᠪᠠᠨ ᠭᠤᠷᠪᠠ᠂ ᠳᠥᠷᠪᠡᠳᠦᠭᠡᠷ ᠵᠠᠭᠤᠨ ᠤ᠋ ᠦᠶ᠎ᠡ ᠳ᠋ᠡᠬᠢ ᠣᠷᠣᠰ ᠪᠣᠯᠤᠨ ᠵᠡᠭᠦᠨ ᠡᠮᠦᠨᠡᠲᠦ ᠧᠦ᠋ᠷᠣᠫᠠ ᠬᠦᠷᠲᠡᠯ᠎ᠡ ᠳᠣᠪᠲᠣᠯᠤᠨ ᠬᠦᠷᠴᠦ ᠳᠠᠢᠯᠠᠨ ᠳᠠᠭᠠᠭᠤᠯᠵᠤ ᠪᠠᠢᠭᠰᠠᠨ ᠳᠡᠯᠡᠬᠡᠢ ᠳ᠋ᠠᠬᠢᠨ᠎ᠠ ᠨᠡᠷ᠎ᠡ ᠲᠥᠷᠥ ᠪᠡᠨ ᠮᠠᠨᠳᠤᠭᠤᠯᠤᠭᠰᠠᠨ ᠡᠷᠲᠡ ᠦᠶ᠎ᠡ ᠶ᠋ᠢᠨ ᠡᠪᠦᠭᠡ ᠳᠡᠭᠡᠳᠦᠰ ᠴᠢᠩᠭᠢᠰ ᠬᠠᠭᠠᠨ ᠤ᠋ ᠪᠠᠨ ᠴᠠᠭ ᠦᠶ᠎ᠡ ᠳ᠋ᠦ᠍ ᠠᠮᠢᠳᠤᠷᠠᠭᠰᠠᠭᠠᠷ ᠪᠠᠢᠳᠠᠭ ᠪᠢᠯᠡ᠃ 
       ᠲᠤᠬᠠᠢ ᠶ᠋ᠢᠨ ᠦᠶ᠎ᠡ ᠶ᠋ᠢᠨ ᠮᠣᠩᠭᠣᠯᠴᠤᠳ ᠤ᠋ᠨ ᠨᠤᠲᠤᠭ ᠳᠡᠪᠢᠰᠬᠡᠷ ᠨᠢ ᠰᠢᠪᠧᠷᠢᠶ᠎ᠡ ᠡᠴᠡ ᠴᠠᠭᠠᠨ ᠬᠡᠷᠡᠮ᠂ ᠬᠢᠩᠭᠠᠨ ᠳᠠᠪᠠᠭ᠎ᠠ ᠠ᠋ᠴᠠ ᠲᠥᠪᠡᠳ ᠦ᠋ᠨ ᠥᠨᠳᠥᠷᠯᠢᠭ ᠦ᠋ᠨ ᠬᠥᠬᠡ ᠨᠠᠭᠤᠷ ᠵᠢᠴᠢ ᠠᠯᠲᠠᠢ ᠨᠢᠷᠤᠭᠤ᠂ ᠲᠡᠭᠷᠢ ᠠᠭᠤᠯᠠ ᠬᠦᠷᠲᠡᠯ᠎ᠡ ᠦᠷᠭᠦᠯᠵᠢᠯᠡᠳᠡᠭ ᠪᠠᠢᠭᠰᠠᠨ ᠶᠤᠮ᠃ ᠡᠨᠡ ᠬᠦ᠌ ᠨᠡᠭᠦᠳᠡᠯᠴᠢᠨ ᠦᠨᠳᠦᠰᠦᠲᠡᠨ ᠦ᠌ ᠡᠷᠲᠡ ᠦᠶ᠎ᠡ ᠶ᠋ᠢᠨ ᠲᠡᠦᠬᠡ ᠶ᠋ᠢᠨ ᠲᠤᠬᠠᠢ ᠲᠤᠩ ᠴᠥᠭᠡᠨ ᠪᠣᠯᠪᠠᠴᠤ ᠨᠡᠯᠢᠶᠡᠳ ᠪᠦᠷᠢᠨ ᠪᠦᠲᠦᠨ ᠰᠤᠷᠪᠤᠯᠵᠢ ᠮᠠᠲ᠋ᠧᠷᠢᠶᠠᠯ ᠬᠢᠲᠠᠳ ᠲᠡᠦᠬᠡᠨ ᠪᠢᠴᠢᠭ ᠦ᠋ᠳ ᠲᠦ᠍ ᠲᠡᠮᠳᠡᠭᠯᠡᠭᠳᠡᠨ ᠦᠯᠡᠳᠡᠵᠡᠢ᠃ ᠮᠣᠩᠭᠣᠯᠴᠤᠳ ᠥᠪᠡᠷ ᠦ᠋ᠨ ᠢ᠋ᠶ᠋ᠡᠨ ᠳᠡᠭᠡᠳᠦᠰ ᠢ᠋ ᠲᠥᠪᠡᠳ ᠦ᠋ᠨ ᠤᠯᠠᠮᠵᠢᠯᠠᠯ ᠶᠠᠷᠢᠶᠠᠨ ᠳ᠋ᠠᠬᠢ ᠸᠠᠩ ᠠ᠋ᠴᠠ ᠢᠷᠡᠯᠲᠡᠢ ᠭᠡᠮᠡᠨ ᠲᠡᠮᠳᠡᠭᠯᠡᠭᠰᠡᠨ ᠪᠠᠢᠳᠠᠭ᠃ ᠮᠥᠨ ᠡᠳᠡᠭᠡᠷ ᠲᠡᠦᠬᠡ ᠶ᠋ᠢᠨ ᠪᠢᠴᠢᠭ ᠳᠣᠲᠣᠷ᠎ᠠ ᠶᠢᠰᠦᠭᠡᠢ ᠪᠠᠭᠠᠲᠤᠷ ᠨᠢᠭᠡᠨ ᠴᠠᠰᠤ ᠲᠠᠢ ᠡᠳᠦᠷ ᠳᠡᠭᠦᠦ ᠨᠠᠷ ᠢ᠋ᠶ᠋ᠠᠨ ᠳᠠᠭᠠᠭᠤᠯᠵᠤ ᠲᠠᠤᠯᠠᠢ ᠠᠩᠨᠠᠵᠤ ᠶᠠᠪᠤᠵᠤ ᠪᠠᠢᠬᠤ ᠳᠤᠮᠳᠠ ᠪᠠᠨ ᠮᠡᠷᠭᠢᠳ ᠠᠢᠮᠠᠭ ᠤ᠋ᠨ ᠰᠢᠨ᠎ᠡ ᠪᠡᠷᠢ ᠪᠡᠨ ᠲᠣᠰᠣᠨ ᠠᠪᠴᠤ ᠶᠠᠪᠤᠭ᠎ᠠ ᠠᠶᠠᠨ ᠤ᠋ ᠬᠥᠰᠬᠡ ᠲᠡᠢ ᠲᠠᠭᠠᠷᠠᠯᠳᠤᠵᠤ᠂ ᠥᠭᠡᠯᠦᠨ ᠡᠬᠡ ᠶ᠋ᠢ ᠬᠦᠴᠦ ᠪᠡᠷ ᠪᠤᠯᠢᠶᠠᠨ ᠠᠪᠤᠭᠠᠳ ᠡᠬᠡᠨᠡᠷ ᠢ᠋ᠶ᠋ᠡᠨ ᠪᠣᠯᠭᠠᠭᠰᠠᠨ ᠭᠡᠮᠡᠨ ᠲᠡᠮᠳᠡᠭᠯᠡᠵᠦ ᠪᠠᠢᠳᠠᠭ ᠪᠢᠯᠡ᠃ 1162 ᠣᠨ ᠳ᠋ᠤ᠌ ᠥᠭᠡᠯᠦᠨ ᠡᠬᠡ ᠨᠢ ᠭᠠᠷ ᠲᠠᠭᠠᠨ ᠨᠥᠵᠢ ᠠᠳᠬᠤᠭᠰᠠᠨ ᠭᠠᠢᠬᠠᠮᠰᠢᠭᠲᠠᠢ ᠪᠡᠯᠭᠡ ᠲᠡᠮᠳᠡᠭ ᠪᠦᠬᠦᠢ ᠬᠥᠪᠡᠭᠦᠨ ᠢ᠋ᠶ᠋ᠡᠨ ᠲᠥᠷᠥᠭᠰᠡᠨ ᠠᠵᠢ᠃ ᠡᠴᠢᠭᠡ ᠡᠬᠡ ᠨᠢ ᠡᠨᠡ ᠬᠦ᠌ ᠬᠥᠪᠡᠭᠦᠨ ᠳ᠋ᠡᠭᠡᠨ ᠲᠡᠮᠦᠵᠢᠨ ᠭᠡᠮᠡᠨ ᠨᠡᠷ᠎ᠡ ᠬᠠᠢᠷᠠᠯᠠᠵᠤ᠂ ᠲᠠᠯ᠎ᠠ ᠨᠤᠲᠤᠭ ᠤ᠋ᠨ ᠠᠷᠠᠳ ᠲᠦᠮᠡᠨ ᠦ᠌ ᠦᠷ᠎ᠡ ᠬᠣᠢᠴᠢᠰ ᠢ᠋ᠶ᠋ᠠᠨ ᠰᠤᠷᠭᠠᠨ ᠬᠥᠮᠦᠵᠢᠭᠦᠯᠬᠦ ᠤᠯᠠᠮᠵᠢᠯᠠᠯᠲᠤ ᠵᠠᠩᠰᠢᠯ ᠢ᠋ᠶ᠋ᠠᠷ ᠢ᠋ᠶ᠋ᠠᠨ ᠬᠥᠮᠦᠵᠢᠭᠦᠯᠦᠨ ᠪᠣᠢᠵᠢᠭᠤᠯᠤᠭᠰᠠᠨ ᠪᠠᠢᠨ᠎ᠠ᠃ ᠲᠡᠮᠦᠵᠢᠨ ᠢ᠋ ᠶᠢᠰᠦᠨ ᠨᠠᠰᠤᠲᠠᠢ ᠲᠡᠷᠡ ᠵᠢᠯ ᠨᠢ ᠶᠢᠰᠦᠭᠡᠢ ᠪᠠᠭᠠᠲᠤᠷ ᠡᠴᠢᠭᠡ ᠨᠢ ᠲᠡᠭᠦᠨ ᠢ᠋ ᠳᠠᠭᠠᠭᠤᠯᠵᠤ᠂ ᠬᠣᠲᠠ ᠤᠷᠤᠭ ᠪᠣᠯᠬᠤ ᠬᠣᠩᠭᠢᠷᠠᠳ ᠠᠢᠮᠠᠭ ᠠ᠋ᠴᠠ ᠪᠡᠷᠢ ᠰᠤᠷᠠᠬᠤ ᠪᠠᠷ ᠠᠶᠠᠯᠠᠭᠰᠠᠨ ᠪᠢᠯᠡ᠃ ᠶᠢᠰᠦᠭᠡᠢ ᠪᠠᠭᠠᠲᠤᠷ ᠲᠡᠨᠳᠡ ᠡᠴᠡ ᠪᠤᠴᠠᠨ ᠢᠷᠡᠬᠦ ᠵᠠᠮ ᠳ᠋ᠠᠭᠠᠨ ᠲᠠᠲ᠋ᠠᠷᠴᠤᠳ ᠤ᠋ᠨ ᠬᠤᠷᠢᠮ ᠲᠠᠢ ᠲᠠᠭᠠᠷᠠᠵᠤ᠂ ᠲᠦᠷ ᠰᠠᠭᠠᠲᠠᠬᠤ ᠳ᠋ᠠᠭᠠᠨ ᠲᠡᠳᠡᠨ ᠦ᠌ ᠥᠭᠭᠦᠭᠰᠡᠨ ᠬᠣᠣᠷᠲᠤ ᠠᠷᠢᠬᠢᠨ ᠳ᠋ᠤ᠌ ᠬᠣᠣᠷᠳᠠᠭᠳᠠᠵᠤ ᠨᠠᠰᠤ ᠪᠠᠷᠠᠭᠰᠠᠨ ᠤ᠋ ᠳᠠᠷᠠᠭ᠎ᠠ ᠲᠡᠮᠦᠵᠢᠨ᠂ ᠡᠵᠢ ᠥᠭᠡᠯᠦᠨ ᠡᠬᠡ ᠶ᠋ᠢᠨ ᠭᠠᠷ ᠳᠡᠭᠡᠷ᠎ᠡ ᠥᠰᠴᠦ ᠬᠥᠮᠦᠵᠢᠭᠰᠡᠨ ᠠᠵᠢ᠃ ᠡᠨᠡ ᠦᠶ᠎ᠡ ᠡᠴᠡ ᠡᠬᠢᠯᠡᠨ ᠣᠢᠷ᠎ᠠ ᠵᠠᠭᠤᠷ᠎ᠠ ᠶ᠋ᠢᠨ ᠳᠠᠢᠰᠤᠩᠨᠠᠭᠰᠠᠨ ᠣᠯᠠᠨ ᠠᠢᠮᠠᠭ ᠶᠠᠰᠤᠲᠠᠨ ᠨᠤᠭᠤᠳ ᠤ᠋ᠨ ᠳᠤᠮᠳᠠ ᠵᠠᠯᠠᠭᠤᠬᠠᠨ ᠲᠡᠮᠦᠵᠢᠨ ᠬᠦᠨᠳᠦ ᠬᠡᠴᠡᠭᠦᠦ ᠪᠠᠢᠳᠠᠯ ᠲᠠᠢ ᠨᠢᠭᠤᠷᠯᠠᠨ᠂ ᠠᠮᠢ ᠨᠠᠰᠤᠨ ᠤ᠋ ᠠᠶᠤᠯ ᠲᠦᠭᠰᠢᠭᠦᠷᠢ ᠳ᠋ᠦ᠍ ᠴᠦ᠍ ᠤᠴᠠᠷᠠᠵᠤ ᠪᠠᠢᠭᠰᠠᠨ ᠪᠣᠯᠪᠠᠴᠤ ᠡᠨᠡ ᠨᠢ ᠬᠠᠷᠢᠨ ᠲᠡᠭᠦᠨ ᠵᠠᠩ ᠴᠢᠨᠠᠷ ᠢ᠋ ᠪᠣᠯᠪᠠᠰᠤᠷᠠᠭᠤᠯᠤᠨ ᠬᠠᠲᠠᠭᠤᠵᠢᠭᠤᠯᠬᠤ ᠳ᠋ᠤ᠌ ᠴᠢᠬᠤᠯᠠ ᠦᠢᠯᠡᠳᠦᠯ ᠦᠵᠡᠭᠦᠯᠦᠭᠰᠡᠨ ᠶᠦᠮ ᠃ 1189 ᠣᠨ ᠳ᠋ᠤ᠌ ᠲᠡᠮᠦᠵᠢᠨ ᠬᠣᠷᠢᠨ ᠨᠠᠢ᠍ᠮᠠᠨ ᠨᠠᠰᠤᠲᠠᠢ ᠳ᠋ᠠᠭᠠᠨ ᠬᠡᠷᠦᠯᠦᠨ ᠮᠥᠷᠡᠨ ᠦ᠌ ᠲᠠᠯ᠎ᠠ ᠨᠤᠲᠤᠭ ᠲᠤ᠌ ᠬᠠᠭᠠᠨ ᠡᠷᠭᠦᠮᠵᠢᠯᠡᠭᠳᠡᠵᠡᠢ᠃ 《ᠡᠨᠡ ᠡᠳᠦᠷ ᠡᠴᠡ ᠡᠬᠢᠯᠡᠨ ᠭᠤᠷᠪᠠᠨ ᠥᠷᠯᠥᠭᠡ ᠳᠠᠷᠠᠭᠠᠯᠠᠨ ᠨᠢᠭᠡᠨ ᠥᠩᠭᠡᠲᠦ ᠰᠢᠪᠠᠭᠤ ᠭᠡᠷ ᠦ᠋ᠨ ᠡᠮᠦᠨᠡᠬᠢ ᠳᠥᠷᠪᠡᠯᠵᠢᠨ ᠴᠢᠯᠠᠭᠤᠨ ᠳᠡᠭᠡᠷ᠎ᠡ ᠨᠢᠰᠦᠨ ᠢᠷᠡᠵᠦ ᠰᠠᠭᠤᠭᠠᠳ ( ᠴᠢᠩᠭᠢᠰ ! ᠴᠢᠩᠭᠢᠰ ! ᠴᠢᠩᠭᠢᠰ ! ) ᠭᠡᠮᠡᠨ ᠳᠣᠩᠭᠣᠳᠤᠭᠰᠠᠨ ᠤᠴᠢᠷ ᠠ᠋ᠴᠠ ᠲᠡᠮᠦᠵᠢᠨ ᠰᠤᠤᠲᠤ ᠪᠣᠭᠳᠠ ᠴᠢᠩᠭᠢᠰ ᠬᠠᠭᠠᠨ ᠬᠡᠮᠡᠬᠦ ᠳᠠᠶᠠᠩ ᠳᠡᠯᠡᠬᠡᠢ ᠳ᠋ᠦ᠍ ᠠᠯᠳᠠᠷᠰᠢᠭᠰᠠᠨ ᠨᠡᠷ᠎ᠡ ᠴᠣᠯᠠ ᠲᠠᠢ ᠪᠣᠯᠤᠭᠰᠠᠨ ᠪᠥᠭᠡᠳ ᠭᠡᠷ ᠦ᠋ᠨ ᠡᠮᠦᠨᠡᠬᠢ ᠳᠥᠷᠪᠡᠯᠵᠢᠨ ᠬᠠᠳᠠ ᠨᠢ ᠥᠪᠡᠰᠦᠪᠡᠨ ᠬᠣᠶᠠᠷ ᠬᠡᠰᠡᠭ ᠪᠣᠯᠤᠨ ᠬᠠᠭᠠᠷᠠᠭᠠᠳ ᠳᠤᠮᠳᠠ ᠠ᠋ᠴᠠ ᠨᠢ ᠬᠠᠰᠪᠤᠤ ᠲᠠᠮᠠᠭ᠎ᠠ ᠭᠠᠷᠴᠤ ᠢᠷᠡᠵᠡᠢ》 ᠭᠡᠮᠡᠨ ᠡᠷᠲᠡ ᠦᠶ᠎ᠡ ᠶ᠋ᠢᠨ ᠨᠢᠭᠡᠨ ᠰᠤᠳᠤᠷ ᠲᠤ᠌ ᠲᠡᠮᠳᠡᠭᠯᠡᠭᠳᠡᠨ ᠦᠯᠡᠳᠡᠭᠰᠡᠨ ᠪᠠᠢᠳᠠᠭ᠃ 
       ᠴᠢᠩᠭᠢᠰ ᠬᠠᠭᠠᠨ ᠨᠡᠭᠦᠳᠡᠯᠴᠢᠨ ᠣᠯᠠᠨ ᠤ᠋ ᠡᠵᠡᠨ ᠬᠠᠭᠠᠨ ᠢ᠋ᠶ᠋ᠠᠷ ᠡᠷᠭᠦᠮᠵᠢᠯᠡᠭᠳᠡᠭᠰᠡᠨ ᠡᠴᠡ ᠡᠬᠢᠯᠡᠭᠡᠳ ᠮᠣᠩᠭᠣᠯᠴᠤᠳ ᠤ᠋ᠨ ᠲᠡᠦᠬᠡᠨ ᠳᠡᠭᠡᠷᠡᠬᠢ ᠬᠠᠮᠤᠭ ᠤ᠋ᠨ ᠠᠯᠳᠠᠷ ᠬᠦᠨᠳᠦ ᠲᠡᠢ ᠴᠠᠭ ᠦᠶ᠎ᠡ ᠨᠢ ᠡᠬᠢᠯᠡᠭᠰᠡᠨ ᠪᠢᠯᠡ᠃ ᠡᠨᠡ ᠬᠦ᠌ ᠴᠠᠭ ᠦᠶ᠎ᠡ ᠳ᠋ᠦ᠍ ᠨᠡᠭᠦᠳᠡᠯᠴᠢᠨ ᠮᠣᠩᠭᠣᠯᠴᠤᠳ ᠨᠢ ᠪᠠᠷᠤᠭ ᠯᠠ ᠪᠦᠬᠦ ᠠᠽᠢᠶ᠎ᠠ ᠲᠢᠪ ᠧᠦ᠋ᠷᠣᠫᠠ ᠲᠢᠪ ᠦ᠋ᠨ ᠴᠢᠬᠤᠯᠠ ᠴᠢᠬᠤᠯᠠ ᠭᠠᠵᠠᠷ ᠣᠷᠣᠨ ᠢ᠋ ᠡᠵᠡᠯᠡᠨ ᠠᠪᠤᠭᠰᠠᠨ ᠪᠥᠭᠡᠳ ᠳᠡᠯᠡᠬᠡᠢ ᠶ᠋ᠢᠨ ᠲᠡᠦᠬᠡᠨ ᠳ᠋ᠦ᠍ ᠭᠠᠭᠴᠠᠬᠠᠨ ᠯᠠ ᠬᠠᠷᠠᠭᠳᠠᠵᠤ ᠪᠣᠯᠬᠤ ᠤᠯᠤᠰ ᠤ᠋ᠨ ᠭᠠᠵᠠᠷ ᠤ᠋ᠨ ᠵᠢᠷᠤᠭ ᠢ᠋ ᠪᠣᠢ ᠪᠣᠯᠭᠠᠭᠰᠠᠨ ᠠᠵᠢ᠃ ᠲᠠᠯ᠎ᠠ ᠨᠤᠲᠤᠭ ᠠ᠋ᠴᠠ ᠭᠠᠷᠴᠤ ᠢᠷᠡᠭᠰᠡᠨ ᠡᠨᠡ ᠬᠦ᠌ ᠪᠦᠷᠢᠮᠦᠰᠦᠨ ᠰᠣᠶᠣᠯᠵᠢᠵᠤ ᠪᠣᠯᠪᠠᠰᠤᠷᠠᠭ᠎ᠠ ᠦᠭᠡᠢ ᠠᠷᠠᠳ ᠲᠦᠮᠡᠨ ᠥᠪᠡᠷ ᠦ᠋ᠨ ᠲᠡᠢᠨ ᠪᠠᠢᠯᠳᠤᠭᠠᠨ ᠤ᠋ ᠭᠠᠷᠮᠠᠭᠠᠢ ᠴᠢᠨᠠᠷ ᠪᠣᠯᠤᠨ ᠤᠳᠤᠷᠢᠳᠤᠭᠴᠢ ᠶ᠋ᠢᠨ ᠢ᠋ᠶ᠋ᠡᠨ ᠶᠠᠭᠤᠨ ᠠ᠋ᠴᠠ ᠴᠤ᠌ ᠠᠶᠤᠵᠤ ᠰᠦᠷᠳᠡᠳᠡᠭ ᠦᠭᠡᠢ ᠵᠠᠩ ᠴᠢᠨᠠᠷ ᠲᠤ᠌ ᠲᠦᠰᠢᠭᠯᠡᠨ ᠲᠤᠬᠠᠢ ᠶ᠋ᠢᠨ ᠦᠶ᠎ᠡ ᠳ᠋ᠡᠭᠡᠨ ᠬᠦᠷᠴᠦ ᠳᠡᠢᠯᠬᠦ ᠡᠩ ᠳᠡᠯᠡᠬᠡᠢ ᠶ᠋ᠢᠨ ᠭᠠᠵᠠᠷ ᠪᠦᠬᠦᠨ ᠢ᠋ ᠳᠠᠢᠯᠠᠨ ᠳᠠᠭᠠᠭᠤᠯᠤᠭᠰᠠᠨ ᠪᠠᠢᠳᠠᠭ᠃ ᠪᠦᠲᠦᠮᠵᠢᠲᠡᠢ ᠰᠠᠢᠨ ᠠᠶᠠᠨ ᠲᠡᠢᠨ ᠪᠠ ᠰᠡᠴᠡᠨ ᠮᠡᠷᠭᠡᠨ ᠤᠯᠤᠰ ᠤ᠋ᠨ ᠪᠣᠳᠣᠯᠭ᠎ᠠ ᠨᠢ ᠴᠢᠩᠭᠢᠰ ᠬᠠᠭᠠᠨ ᠤ᠋ ᠨᠡᠷ᠎ᠡ ᠲᠥᠷᠥ ᠪᠣᠯᠤᠨ ᠪᠠᠢᠷᠢ ᠰᠠᠭᠤᠷᠢ ᠶ᠋ᠢ ᠦᠳᠲᠡᠷ ᠲᠦᠷᠭᠡᠨ ᠪᠠᠲᠤᠵᠢᠭᠤᠯᠵᠤ᠂ ᠣᠬᠣᠷᠬᠠᠨ ᠬᠤᠭᠤᠴᠠᠭᠠᠨ ᠤ᠋ ᠳᠣᠲᠣᠷ᠎ᠠ ᠥᠪᠡᠷ ᠵᠠᠭᠤᠷ᠎ᠠ ᠪᠠᠨ ᠬᠠᠭᠠᠴᠠᠨ ᠰᠠᠯᠵᠤ ᠳᠠᠢᠰᠤᠩᠨᠠᠯᠴᠠᠵᠤ ᠪᠠᠢᠭᠰᠠᠨ ᠲᠠᠯ᠎ᠠ ᠨᠤᠲᠤᠭ ᠤ᠋ᠨ ᠣᠯᠠᠨ ᠶᠠᠰᠤᠲᠠᠨ ᠢ᠋ ᠨᠢᠭᠡᠳᠬᠡᠵᠦ ᠠᠪᠴᠠᠢ᠃ ᠧᠦ᠋ᠷᠣᠫᠠᠴᠤᠳ ᠲᠤ᠌ ᠳᠣᠮᠣᠭ ᠶᠠᠷᠢᠶ᠎ᠠ ᠮᠡᠲᠦ ᠪᠡᠷ ᠶᠠᠷᠢᠭᠳᠠᠵᠤ ᠪᠠᠢᠳᠠᠭ ᠮᠣᠩᠭᠣᠯ ᠬᠠᠭᠠᠨᠲᠤ ᠤᠯᠤᠰ ᠤ᠋ᠨ ᠨᠡᠢᠰᠯᠡᠯ ᠬᠠᠷᠠᠬᠣᠷᠣᠮ ᠢ᠋ ᠲᠡᠷᠡ ᠪᠠᠢᠭᠤᠯᠤᠭᠰᠠᠨ ᠪᠥᠭᠡᠳ ᠡᠨᠡ ᠬᠦ᠌ ᠨᠡᠢᠰᠯᠡᠯ ᠡᠴᠡ 1247 ᠣᠨ ᠳ᠋ᠤ᠌ ᠠᠩᠬᠠᠳᠠᠭᠴᠢ ᠾᠷᠢᠰᠲ᠋ᠣᠰ ᠱᠠᠰᠢᠨ ᠤ᠋ ᠱᠠᠰᠢᠨ ᠰᠤᠷᠲᠠᠯᠴᠢᠯᠠᠭᠴᠢ ᠳᠣᠲᠣᠭᠠᠳᠤ ᠠᠽᠢᠶ᠎ᠠ ᠳ᠋ᠠᠬᠢ ᠪᠠᠷᠲᠠᠭᠠᠨᠲᠤ ᠠᠶᠠᠯᠠᠯ ᠢ᠋ᠶ᠋ᠠᠨ ᠳᠠᠭᠤᠰᠬᠠᠵᠤ ᠷᠤᠮᠠ ᠳ᠋ᠠᠭᠠᠨ ᠪᠤᠴᠠᠵᠤ ᠢᠷᠡᠭᠰᠡᠨ ᠪᠢᠯᠡ᠃  
       ᠴᠢᠩᠭᠢᠰ ᠬᠠᠭᠠᠨ ᠥᠪᠡᠷ ᠦ᠋ᠨ ᠢ᠋ᠶ᠋ᠡᠨ ᠬᠠᠭᠠᠨᠲᠤ ᠤᠯᠤᠰ ᠢ᠋ᠶ᠋ᠠᠨ ᠪᠠᠢᠭᠤᠯᠵᠤ᠂ ᠪᠠᠲᠤᠳᠬᠠᠵᠤ ᠲᠣᠭᠲᠠᠭᠰᠠᠨ ᠤ᠋ ᠪᠠᠨ ᠳᠠᠷᠠᠭ᠎ᠠ ᠬᠠᠷᠠᠴᠠ ᠪᠠᠨ ᠬᠥᠷᠰᠢ ᠵᠡᠷᠭᠡᠯᠡᠳᠡᠭᠡ ᠤᠯᠤᠰ ᠭᠦᠷᠦᠨ ᠦ᠌ ᠵᠦᠭ ᠰᠢᠯᠵᠢᠭᠦᠯᠦᠯ᠎ᠡ᠃ 1211 ᠣᠨ ᠳ᠋ᠤ᠌ ᠲᠡᠭᠦᠨ ᠦ᠌ ᠬᠦᠴᠦᠷᠬᠡᠭ ᠴᠡᠷᠢᠭ ᠠᠩᠭᠢ ᠡᠮᠦᠨᠡᠰᠢ ᠳᠣᠪᠲᠣᠯᠤᠨ ᠣᠷᠣᠭᠠᠳ᠂ ᠬᠠᠲᠤᠨ ᠭᠣᠣᠯ ᠬᠦᠷᠲᠡᠯ᠎ᠡ ᠡᠵᠡᠯᠡᠨ ᠠᠪᠤᠭᠰᠠᠨ ᠪᠥᠭᠡᠳ ᠭᠤᠷᠪᠠᠨ ᠵᠢᠯ ᠦ᠋ᠨ ᠳᠠᠷᠠᠭ᠎ᠠ ᠨᠢ ᠲᠤᠬᠠᠢ ᠶ᠋ᠢᠨ ᠦᠶ᠎ᠡ ᠶ᠋ᠢᠨ ᠠᠯᠲᠠᠨ ᠤᠯᠤᠰ ᠤ᠋ᠨ ᠨᠡᠢᠰᠯᠡᠯ ᠪᠡᠭᠡᠵᠢᠩ ᠢ᠋ ᠡᠵᠡᠯᠡᠨ ᠠᠪᠴᠠᠢ᠃ ᠳᠠᠷᠠᠭ᠎ᠠ ᠨᠢ ᠲᠡᠷᠡ ᠳᠣᠷᠣᠨᠠᠲᠤ ᠳ᠋ᠠᠬᠢ ᠴᠡᠷᠢᠭ ᠲᠡᠢᠨ ᠦ᠌ ᠠᠵᠢᠯ ᠢ᠋ᠶ᠋ᠠᠨ ᠭᠠᠷᠮᠠᠭᠠᠢ ᠬᠠᠪᠰᠤᠷᠤᠭᠴᠢ ᠮᠤᠬᠤᠯᠠᠢ ᠳ᠋ᠠᠭᠠᠨ ᠨᠠᠢᠳᠠᠵᠤ ᠲᠡᠭᠦᠨ ᠢ᠋ ᠶᠡᠷᠦᠩᠬᠡᠢ ᠵᠠᠬᠢᠷᠤᠭᠴᠢ ᠪᠠᠷ ᠲᠣᠬᠣᠭᠠᠨ ᠲᠣᠮᠢᠯᠠᠭᠠᠳ᠂ ᠥᠪᠡᠷ ᠢ᠋ᠶ᠋ᠡᠨ ᠥᠷᠦᠨᠡᠰᠢ ᠳᠠᠢᠯᠠᠬᠤ ᠠᠶᠠᠨ ᠲᠡᠢᠨ ᠳ᠋ᠦ᠍ ᠪᠡᠯᠡᠳᠬᠡᠵᠡᠢ᠃1217 ᠣᠨ ᠠ᠋ᠴᠠ ᠡᠬᠢᠯᠡᠭᠡᠳ 1227 ᠣᠨ ᠳ᠋ᠤ᠌ ᠲᠡᠭᠦᠨ ᠢ᠋ ᠨᠠᠰᠤ ᠪᠠᠷᠠᠬᠤ ᠬᠦᠷᠲᠡᠯ᠎ᠡ ᠮᠣᠩᠭᠣᠯ ᠤ᠋ᠨ ᠮᠣᠷᠢᠲᠤ ᠴᠡᠷᠢᠭ ᠦ᠋ᠨ ᠡᠩᠨᠡᠭᠡ ᠥᠷᠦᠨᠡᠰᠢ ᠪᠡᠨ ᠳᠠᠢᠯᠠᠵᠤ᠂ ᠡᠬᠢᠯᠡᠭᠡᠳ ᠲᠦᠷᠺᠰᠲ᠋ᠠᠨ ᠳ᠋ᠤ᠌ ᠳᠠᠭᠠᠷᠢᠨ ᠣᠷᠣᠭᠠᠳ ᠲᠡᠨᠳᠡᠬᠢ ᠪᠠᠶᠠᠯᠢᠭ ᠬᠣᠲᠠ ᠪᠣᠯᠬᠤ ᠪᠤᠬᠠᠷ᠎ᠠ ᠪᠣᠯᠤᠨ ᠰᠠᠮᠠᠷᠺᠠᠨᠳ᠋ ᠬᠣᠲᠠ ᠶ᠋ᠢ ᠤᠤᠯᠭᠠᠯᠠᠨ ᠳᠡᠭᠡᠷᠡᠮᠳᠡᠵᠦ ᠰᠦᠢᠳᠬᠡᠭᠡᠳ᠂ ᠳᠠᠷᠠᠭ᠎ᠠ ᠨᠢ ᠤᠮᠠᠷᠠᠲᠤ ᠫᠠᠷᠢᠰ᠂ ᠡᠮᠦᠨᠡᠲᠦ ᠣᠷᠣᠰ᠂ ᠠᠹᠭᠠᠨᠢᠰᠲ᠋ᠠᠨ ᠪᠣᠯᠤᠨ ᠤᠮᠠᠷᠠᠲᠤ ᠡᠨᠡᠳᠬᠡᠭ ᠬᠦᠷᠲᠡᠯ᠎ᠡ ᠳᠠᠢᠯᠠᠨ ᠳᠠᠭᠠᠭᠤᠯᠤᠭᠰᠠᠨ ᠪᠢᠯᠡ᠃  
       ᠮᠣᠩᠭᠣᠯ ᠬᠠᠭᠠᠨᠲᠤ ᠤᠯᠤᠰ ᠤ᠋ᠨ ᠤᠳᠤᠷᠢᠳᠤᠭᠴᠢ ᠶ᠋ᠢᠨ ᠵᠠᠯᠭᠠᠮᠵᠢᠯᠠᠭᠴᠢ ᠪᠠᠷ ᠴᠢᠩᠭᠢᠰ ᠬᠠᠭᠠᠨ ᠥᠪᠡᠷ ᠦ᠋ᠨ ᠭᠤᠷᠪᠠᠳᠤᠭᠠᠷ ᠬᠥᠪᠡᠭᠦᠨ ᠥᠭᠡᠳᠡᠢ ᠶ᠋ᠢ ᠲᠣᠭᠲᠠᠭᠠᠭᠰᠠᠨ ᠪᠠᠢᠪᠠ᠃ ᠡᠨᠡ ᠦᠶ᠎ᠡ ᠳ᠋ᠦ᠍ ᠥᠭᠡᠳᠡᠢ ᠡᠮᠦᠨᠡᠰᠢ ᠳᠠᠢᠯᠠᠬᠤ ᠠᠵᠢᠯᠯᠠᠭ᠎ᠠ ᠶ᠋ᠢ ᠵᠢᠯᠣᠭᠣᠳᠴᠤ ᠂ ᠪᠤᠰᠤᠳ ᠠᠬ᠎ᠠ ᠳᠡᠭᠦᠦᠰ ᠨᠢ ᠥᠷᠥᠨᠡᠳᠠᠬᠢᠨ ᠢ᠋ ᠳᠠᠢᠯᠠᠨ ᠳᠠᠭᠠᠭᠤᠯᠬᠤ ᠠᠶᠠᠨ ᠲᠡᠢᠨ ᠳ᠋ᠦ᠍ ᠶᠠᠪᠤᠵᠤ ᠪᠠᠢᠵᠠᠢ᠃ ᠥᠭᠡᠳᠡᠢ ᠬᠠᠭᠠᠨ ᠢ᠋ ᠨᠠᠰᠤ ᠪᠠᠷᠠᠭᠰᠠᠨ ᠤ᠋ ᠳᠠᠷᠠᠭ᠎ᠠ ᠵᠠᠯᠭᠠᠮᠵᠢᠯᠠᠭᠴᠢ ᠶ᠋ᠢᠨ ᠠᠰᠠᠭᠤᠳᠠᠯ ᠳᠡᠭᠡᠷ᠎ᠡ ᠠᠩᠬ᠎ᠠ ᠤᠳᠠᠭ᠎ᠠ ᠭᠡᠷ ᠪᠦᠯᠢ ᠶ᠋ᠢᠨ ᠳᠣᠲᠣᠷ᠎ᠠ ᠵᠥᠷᠢᠴᠡᠯᠳᠦᠭᠡᠨ ᠡᠭᠦᠰᠴᠡᠢ᠃ ᠶᠡᠬᠡ ᠪᠡᠷ ᠳᠠᠯᠠᠨ ᠥᠷᠭᠡᠵᠢᠭᠰᠡᠨ ᠨᠤᠲᠤᠭ ᠳᠡᠪᠢᠰᠬᠡᠷ ᠲᠡᠢ ᠪᠣᠯᠤᠭᠰᠠᠨ ᠮᠣᠩᠭᠣᠯ ᠬᠠᠭᠠᠨᠲᠤ ᠤᠯᠤᠰ ᠨᠢ ᠬᠡᠳᠦ ᠬᠡᠳᠦᠨ ᠲᠤᠰᠠᠭᠠᠷ ᠲᠣᠭᠲᠠᠨᠢᠭᠰᠠᠨ ᠤᠯᠤᠰ ᠭᠦᠷᠦᠨ ᠪᠣᠯᠵᠤ ᠬᠤᠪᠢᠶᠠᠭᠳᠠᠵᠤ᠂ ᠴᠢᠩᠭᠢᠰ ᠬᠠᠭᠠᠨ ᠤ᠋ ᠠᠴᠢ ᠬᠥᠪᠡᠭᠦᠨ ᠬᠤᠪᠢᠯᠠᠢ 1264 ᠣᠨ ᠳ᠋ᠤ᠌ ᠶᠡᠬᠡ ᠬᠠᠭᠠᠨ ᠤ᠋ ᠣᠷᠣ ᠰᠢᠷᠠᠭᠰᠠᠨ ᠤ᠋ ᠳᠠᠷᠠᠭ᠎ᠠ ᠲᠡᠷᠡ ᠪᠡᠷ ᠡᠨᠡ ᠬᠦ᠌ ᠡᠩ ᠳᠡᠯᠡᠬᠡᠢ ᠳ᠋ᠦ᠍ ᠳᠡᠯᠭᠡᠭᠰᠡᠨ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠢ᠋ ᠵᠠᠬᠢᠷᠴᠤ ᠳᠡᠢᠯᠬᠦ ᠡᠴᠡ ᠨᠢᠭᠡᠨᠲᠡ ᠥᠩᠭᠡᠷᠡᠵᠡᠢ᠃ ᠲᠡᠢᠨ ᠬᠦ᠌ ᠬᠤᠪᠢᠯᠠᠢ ᠬᠠᠭᠠᠨ ᠡᠭᠦᠨ ᠦ᠌ ᠡᠰᠡᠷᠭᠦ ᠳ᠋ᠦ᠍ ᠬᠢᠲᠠᠳ ᠤ᠋ᠨ ᠪᠦᠬᠦ ᠨᠤᠲᠤᠭ ᠢ᠋ ᠡᠵᠡᠯᠡᠬᠦ ᠪᠡᠷ ᠨᠠᠰᠤᠨ ᠤ᠋ ᠵᠣᠷᠢᠯᠭ᠎ᠠ ᠪᠠᠨ ᠪᠣᠯᠭᠠᠵᠤ᠂ ᠮᠣᠩᠭᠣᠯ ᠬᠠᠭᠠᠨᠲᠤ ᠤᠯᠤᠰ ᠤ᠋ᠨ ᠢ᠋ᠶ᠋ᠠᠨ ᠨᠡᠢᠰᠯᠡᠯ ᠬᠣᠲᠠ ᠶ᠋ᠢ ᠬᠠᠷᠠᠬᠣᠷᠣᠮ ᠠ᠋ᠴᠠ ᠲᠤᠯᠤᠨ ᠨᠠᠭᠤᠷ ᠤ᠋ᠨ ᠬᠠᠵᠠᠭᠤᠳᠠᠬᠢ ᠱᠠᠩᠳᠤ ᠬᠣᠲᠠ ᠳ᠋ᠤ᠌ ᠰᠢᠯᠵᠢᠭᠦᠯᠦᠭᠡᠳ᠂ ᠰᠡᠭᠦᠯᠡᠷ ᠨᠢ ᠨᠢᠭᠡᠮᠦᠰᠦᠨ ᠪᠡᠭᠡᠵᠢᠩ ᠬᠣᠲᠠ ᠳ᠋ᠤ᠌ ᠰᠢᠯᠵᠢᠭᠦᠯᠦᠭᠰᠡᠨ ᠪᠠᠢᠨ᠎ᠠ᠃  
       1271 ᠣᠨ ᠳ᠋ᠤ᠌ ᠬᠤᠪᠢᠯᠠᠢ ᠰᠡᠴᠡᠨ ᠬᠠᠭᠠᠨ ᠬᠢᠲᠠᠳ ᠤ᠋ᠨ ᠤᠯᠠᠮᠵᠢᠯᠠᠯᠲᠤ ᠬᠠᠭᠠᠨ ᠤ᠋ ᠴᠣᠯᠠ ᠶ᠋ᠢ ᠵᠢᠩᠬᠢᠨᠢ ᠪᠡᠷ ᠬᠡᠷᠡᠭᠯᠡᠵᠦ ᠂ ᠥᠪᠡᠷ ᠦ᠋ᠨ ᠬᠠᠭᠠᠨᠲᠤ ᠭᠦᠷᠦᠨ ᠢ᠋ᠶ᠋ᠡᠨ ᠶᠤᠸᠠᠨ ᠭᠡᠮᠡᠨ ᠨᠡᠷᠡᠯᠡᠭᠰᠡᠨ ᠦ᠌ ᠳᠠᠷᠠᠭ᠎ᠠ ᠮᠣᠩᠭᠣᠯ ᠤ᠋ᠨ ᠨᠣᠶᠠᠷᠬᠠᠯ ᠨᠢ ᠪᠦᠷᠢᠮᠦᠰᠦᠨ ᠬᠢᠲᠠᠳ ᠬᠡᠯᠪᠡᠷᠢ ᠲᠡᠢ ᠪᠣᠯᠵᠤ ᠬᠤᠪᠢᠷᠠᠭᠰᠠᠨ ᠶᠤᠮ ᠃ ᠬᠢᠲᠠᠳ ᠪᠢᠴᠢᠭᠲᠡᠨ ᠦ᠌ ᠵᠥᠪᠯᠡᠭᠴᠢ ᠨᠠᠷ ᠤ᠋ᠨ ᠰᠠᠨᠠᠭᠤᠯᠭ᠎ᠠ ᠶ᠋ᠢ ᠲᠡᠷᠡ ᠬᠦᠯᠢᠶᠡᠨ ᠠᠪᠤᠭᠰᠠᠨ ᠢ᠋ᠶ᠋ᠠᠷ ᠡᠨᠡ ᠬᠦ᠌ ᠬᠠᠭᠤᠴᠢᠨ ᠰᠣᠶᠣᠯᠲᠤ ᠭᠦᠷᠦᠨ ᠢ᠋ ᠡᠩᠬᠡ ᠲᠠᠢᠪᠤᠩ ᠢ᠋ᠶ᠋ᠠᠷ ᠡᠵᠡᠯᠡᠨ ᠠᠪᠬᠤ ᠪᠣᠯᠤᠮᠵᠢ ᠶ᠋ᠢ ᠪᠣᠢ ᠪᠣᠯᠭᠠᠭᠰᠠᠨ ᠶᠤᠮ᠃ ᠬᠤᠪᠢᠯᠠᠢ ᠬᠠᠭᠠᠨ ᠤ᠋ ᠨᠣᠶᠠᠷᠬᠠᠯ ᠤ᠋ᠨ ᠦᠶ᠎ᠡ ᠨᠢ ᠮᠣᠩᠭᠣᠯᠴᠤᠳ ᠤ᠋ᠨ ᠨᠣᠶᠠᠷᠬᠠᠯ ᠤ᠋ᠨ ᠬᠠᠮᠤᠭ ᠤ᠋ᠨ ᠬᠥᠭᠵᠢᠨ ᠴᠡᠴᠡᠭᠯᠡᠭᠰᠡᠨ ᠴᠠᠭ ᠦᠶ᠎ᠡ ᠬᠡᠮᠡᠭᠳᠡᠳᠡᠭ ᠪᠥᠭᠡᠳ ᠲᠡᠷᠡ ᠦᠶ᠎ᠡ ᠶ᠋ᠢᠨ ᠶᠤᠸᠠᠨ ᠤᠯᠤᠰ ᠤ᠋ᠨ ᠬᠢᠯᠢ ᠳᠣᠲᠣᠷᠠᠬᠢ ᠨᠡᠢᠭᠡᠮ ᠦ᠋ᠨ ᠡᠮᠬᠢ ᠳᠢᠭᠯᠢᠮ ᠨᠢ ᠬᠣᠵᠢᠮ ᠤ᠋ᠨ ᠲᠥᠷᠥ ᠨᠥᠬᠥᠳ ᠲᠦ᠍ ᠦᠯᠢᠭᠡᠷ ᠳᠠᠭᠤᠷᠢᠶᠠᠯ ᠪᠣᠯᠵᠤ ᠪᠠᠢᠭᠰᠠᠨ ᠭᠡᠳᠡᠭ ᠪᠢᠯᠡ᠃ ᠨᠡᠢᠰᠯᠡᠯ ᠬᠣᠲᠠ ᠪᠣᠯᠬᠤ ᠬᠠᠭᠠᠨ ᠪᠠᠯᠭᠠᠰᠤ ᠪᠤᠶᠤ ᠣᠳᠣ ᠶ᠋ᠢᠨ ᠪᠡᠭᠡᠵᠢᠩ ᠬᠣᠲᠠ ᠨᠢ ᠶᠡᠬᠡ ᠪᠠᠶᠠᠨ ᠲᠠᠩᠰᠤᠭ ᠴᠣᠭᠴᠠᠯᠠᠭᠳᠠᠨ ᠪᠠᠢᠭᠤᠯᠤᠭᠳᠠᠭᠰᠠᠨ ᠪᠠᠢᠳᠠᠭ᠃ ᠤᠷᠠᠯᠢᠭ ᠪᠣᠯᠤᠨ ᠤᠳᠬ᠎ᠠ ᠵᠣᠬᠢᠶᠠᠯ ᠤ᠋ᠨ ᠲᠠᠯ᠎ᠠ ᠪᠠᠷ ᠰᠢᠨ᠎ᠡ ᠰᠢᠨ᠎ᠡ ᠬᠡᠯᠪᠡᠷᠢ ᠤᠷᠤᠭᠤ ᠰᠢᠯᠵᠢᠵᠦ᠂ ᠪᠤᠷᠬᠠᠨ ᠤ᠋ ᠱᠠᠰᠢᠨ ᠤ᠋ ᠨᠣᠮᠯᠠᠯ ᠤ᠋ᠨ ᠨᠥᠯᠥᠭᠡ ᠶ᠋ᠢ ᠶᠡᠬᠡ ᠬᠦᠷᠲᠡᠭᠰᠡᠨ ᠪᠠᠢᠳᠠᠭ ᠰᠠᠨ᠃ 
       ᠬᠠᠭᠠᠨ ᠤ᠋ ᠣᠷᠣ ᠰᠣᠯᠢᠭᠳᠠᠭᠰᠠᠨ 1294 ᠣᠨ ᠤ᠋ ᠳᠠᠷᠠᠭ᠎ᠠ ᠮᠣᠩᠭᠣᠯ ᠤ᠋ᠨ ᠬᠠᠭᠠᠨᠲᠤ ᠲᠥᠷᠥ ᠨᠢ ᠤᠷᠤᠭᠤᠳᠠᠨ ᠳᠣᠷᠣᠢᠲᠠᠬᠤ ᠵᠠᠮ ᠳ᠋ᠠᠭᠠᠨ ᠣᠷᠣᠭᠠᠳ᠂ 1370 ᠣᠨ ᠳ᠋ᠤ᠌ ᠬᠤᠪᠢᠯᠠᠢ ᠰᠡᠴᠡᠨ ᠬᠠᠭᠠᠨ ᠤ᠋ ᠨᠠᠢ᠍ᠮᠠᠳᠤᠭᠠᠷ ᠦᠶ᠎ᠡ ᠶ᠋ᠢᠨ ᠵᠠᠯᠭᠠᠮᠵᠢᠯᠠᠭᠴᠢ ᠲᠣᠭᠣᠨᠳᠠᠮᠤᠷ ᠬᠠᠭᠠᠨ ᠨᠢ ᠳᠤᠮᠳᠠᠳᠤ ᠣᠷᠣᠨ ᠠ᠋ᠴᠠ ᠬᠥᠭᠡᠭᠡᠭᠳᠡᠨ ᠭᠠᠷᠴᠠᠢ᠃ ᠲᠣᠭᠣᠨᠳᠠᠮᠤᠷ ᠬᠠᠭᠠᠨ ᠳᠠᠭᠠᠭᠰᠠᠳ ᠢ᠋ᠶ᠋ᠠᠨ ᠳᠠᠭᠠᠭᠤᠯᠵᠤ ᠥᠪᠡᠷᠰᠡᠳ ᠦ᠋ᠨ ᠤᠤᠭᠠᠯ ᠨᠤᠲᠤᠭ ᠮᠣᠩᠭᠣᠯ ᠨᠤᠲᠤᠭ ᠲᠠᠭᠠᠨ ᠪᠤᠴᠠᠨ ᠢᠷᠡᠭᠰᠡᠨ ᠪᠠᠢᠨ᠎ᠠ᠃ ᠵᠠᠯᠠᠭᠤ ᠳ᠋ᠠᠭᠠᠨ ᠬᠤᠤᠱᠠᠩ ᠪᠣᠯᠤᠨ ᠳᠡᠭᠡᠷᠡᠮ ᠦ᠋ᠨ ᠲᠦᠷᠦᠭᠦᠦ ᠪᠣᠯᠵᠤ ᠥᠩᠭᠡᠷᠡᠭᠰᠡᠨ ᠵᠦ ᠶᠤᠸᠠᠨ ᠵᠠᠩ ᠬᠡᠮᠡᠭᠴᠢ ᠪᠡᠷ ᠲᠥᠷᠥ ᠶ᠋ᠢᠨ ᠡᠷᠬᠡ ᠶ᠋ᠢ ᠪᠤᠯᠢᠶᠠᠨ ᠠᠪᠴᠤ᠂ ᠮᠢᠩ ᠤᠯᠤᠰ ᠢ᠋ ᠪᠠᠢᠭᠤᠯᠵᠠᠢ᠃ ᠠᠯᠲᠠᠨ ᠳᠡᠯᠡᠬᠡᠢ ᠳ᠋ᠦ᠍ ᠨᠡᠷ᠎ᠡ ᠲᠥᠷᠥ ᠪᠡᠨ ᠮᠠᠨᠳᠤᠭᠤᠯᠵᠤ ᠪᠠᠢᠭᠰᠠᠨ ᠮᠣᠩᠭᠣᠯ ᠤ᠋ᠨ ᠲᠥᠷᠥ ᠨᠢ ᠲᠡᠭᠡᠭᠡᠳ ᠯᠡ ᠣᠯᠠᠨ ᠬᠡᠰᠡᠭ ᠪᠣᠯᠤᠨ ᠬᠠᠭᠠᠴᠠᠨ ᠵᠠᠳᠠᠷᠠᠪᠠ᠃ ᠤᠤᠭᠠᠯ ᠨᠤᠲᠤᠭ ᠲᠠᠭᠠᠨ ᠬᠠᠷᠢᠵᠤ ᠨᠡᠭᠦᠳᠡᠯ ᠮᠠᠯᠵᠢᠯ ᠤ᠋ᠨ ᠠᠮᠢᠳᠤᠷᠠᠯ ᠳ᠋ᠤ᠌ ᠪᠤᠴᠠᠭᠰᠠᠨ ᠮᠣᠩᠭᠣᠯᠴᠤᠳ ᠵᠢᠵᠢᠭ ᠤᠯᠤᠰ ᠠᠢᠮᠠᠭ ᠪᠣᠯᠵᠤ ᠵᠠᠳᠠᠷᠠᠭᠰᠠᠨ ᠲᠤᠯᠠ ᠠᠬᠢᠭᠠᠳ ᠤᠯᠤᠰ ᠲᠥᠷᠥ ᠶ᠋ᠢᠨ ᠲᠠᠪᠴᠠᠩ ᠳᠡᠭᠡᠷ᠎ᠡ ᠴᠢᠬᠤᠯᠠ ᠦᠢᠯᠡᠳᠦᠯ ᠦᠵᠡᠭᠦᠯᠵᠦ ᠳᠡᠢᠯᠬᠦ ᠡᠴᠡ ᠥᠩᠭᠡᠷᠡᠭᠰᠡᠨ ᠪᠠᠢᠨ᠎ᠠ᠃ ᠡᠭᠦᠨ ᠢ᠋ ᠳᠠᠭᠠᠯᠳᠤᠨ ᠳᠤᠮᠳᠠᠳᠤ ᠵᠠᠭᠤᠨ ᠤ᠋ ᠦᠶ᠎ᠡ ᠶ᠋ᠢᠨ ᠳᠡᠯᠡᠬᠡᠢ ᠶ᠋ᠢᠨ ᠲᠡᠦᠬᠡᠨ ᠳᠡᠭᠡᠷᠡᠬᠢ ᠨᠢᠭᠡᠨ ᠴᠢᠬᠤᠯᠠ ᠪᠦᠯᠦᠭ ᠨᠢ ᠵᠠᠯᠭᠠᠵᠤ ᠪᠡᠴᠢᠬᠦ ᠵᠦᠢᠯ ᠦᠭᠡᠢ ᠪᠣᠯᠤᠭᠠᠳ ᠡᠴᠦᠰ ᠦ᠋ᠨ ᠬᠠᠭᠤᠳᠠᠰᠤ ᠶ᠋ᠢᠨ ᠳᠠᠪᠬᠤᠷ ᠴᠠᠭ ᠢ᠋ᠶ᠋ᠠᠨ ᠲᠠᠯᠪᠢᠭᠰᠠᠨ ᠶᠤᠮ᠃ ᠮᠣᠩᠭᠣᠯᠴᠤᠳ ᠤ᠋ᠨ ᠳᠠᠢᠯᠠᠨ ᠳᠠᠭᠠᠭᠤᠯᠬᠤ ᠠᠶᠠᠨ ᠲᠡᠢᠨ ᠨᠢ ᠬᠥᠭᠵᠢᠨ ᠮᠠᠨᠳᠤᠵᠤ ᠪᠠᠢᠭᠰᠠᠨ ᠬᠣᠲᠠ ᠪᠠᠯᠭᠠᠳ ᠢ᠋ ᠰᠦᠢᠳᠬᠡᠨ ᠬᠠᠶᠠᠭᠰᠠᠨ ᠪᠥᠭᠡᠳ ᠬᠥᠮᠦᠨ ᠠᠮᠠ ᠶ᠋ᠢ ᠶᠡᠬᠡ ᠪᠡᠷ ᠴᠥᠭᠡᠷᠡᠭᠦᠯᠦᠭᠰᠡᠨ ᠪᠢᠯᠡ᠃ ᠡᠨᠡ ᠨᠢ ᠲᠠᠯ᠎ᠠ ᠨᠤᠲᠤᠭ ᠤ᠋ᠨ ᠢᠷᠭᠡᠳ ᠨᠢ ᠠᠯᠢ ᠨᠢᠭᠡᠨ ᠰᠣᠶᠣᠯ ᠪᠣᠯᠪᠠᠰᠤᠨ ᠲᠠᠢ ᠴᠤ᠌ ᠭᠡᠳ ᠲᠣᠬᠢᠷᠠᠬᠤ ᠦᠭᠡᠢ ᠭᠡᠳᠡᠭ ᠢ᠋ᠶ᠋ᠡᠨ ᠬᠠᠷᠠᠭᠤᠯᠤᠭᠰᠠᠨ ᠬᠡᠷᠡᠭ ᠶᠦᠮ᠃ ᠮᠣᠩᠭᠣᠯ ᠬᠠᠭᠠᠳ᠂ ᠬᠢᠲᠠᠳ ᠤ᠋ᠨ ᠲᠥᠷᠥ ᠶ᠋ᠢ ᠶᠡᠷᠡ ᠭᠠᠷᠤᠢ ᠵᠢᠯ ᠨᠣᠶᠠᠷᠬᠠᠵᠤ ᠳᠡᠢᠯᠦᠭᠰᠡᠨ ᠦ᠌ ᠰᠢᠯᠲᠠᠭᠠᠨ ᠨᠢ ᠲᠡᠳᠡ ᠴᠡᠷᠢᠭ ᠦ᠋ᠨ ᠬᠦᠴᠦ ᠪᠡᠷ ᠬᠢᠲᠠᠳ ᠤ᠋ᠨ ᠰᠣᠶᠣᠯ ᠢ᠋ ᠪᠠᠢᠯᠳᠤᠨ ᠳᠠᠭᠠᠭᠤᠯᠤᠭᠰᠠᠨ ᠬᠡᠷᠡᠭ ᠪᠥᠭᠡᠳ ᠡᠨᠡ ᠨᠢ ᠶᠠᠭ ᠯᠠ ᠮᠣᠩᠭᠣᠯᠴᠤᠳ ᠤ᠋ᠨ ᠫᠧᠷᠰ ᠢ᠋ ᠨᠣᠶᠠᠷᠬᠠᠵᠤ ᠪᠠᠢᠭᠰᠠᠨ ᠨᠢ ᠲᠡᠳᠡ ᠥᠪᠡᠰᠦᠪᠡᠨ ᠢᠰᠯᠠᠮ ᠤ᠋ᠨ ᠱᠠᠰᠢᠨ ᠢ ᠬᠦᠯᠢᠶᠡᠨ ᠠᠪᠤᠭᠰᠠᠨ ᠰᠢᠯᠲᠠᠭᠠᠨ ᠲᠠᠢ ᠠᠳᠠᠯᠢᠪᠲᠤᠷ ᠪᠢᠯᠡ᠃ ᠬᠢᠲᠠᠳ ᠪᠣᠯᠤᠨ ᠫᠧᠷᠰ ᠨᠢ ᠲᠤᠬᠠᠢ ᠶ᠋ᠢᠨ ᠮᠣᠩᠭᠣᠯ ᠬᠠᠭᠠᠨᠲᠤ ᠭᠦᠷᠦᠨ ᠦ᠌ ᠨᠢᠭᠡᠨ ᠬᠡᠰᠡᠭ ᠪᠣᠯᠤᠭᠰᠠᠨ ᠪᠣᠯᠬᠣᠷ ᠲᠡᠳᠡᠨ ᠦ᠌ ᠪᠦᠲᠦᠭᠡᠨ ᠪᠠᠢᠭᠤᠯᠤᠭᠰᠠᠨ ᠶᠡᠬᠡ ᠡᠷᠲᠡᠨ ᠦ᠌ ᠰᠣᠶᠣᠯ ᠪᠣᠯᠪᠠᠰᠤᠨ ᠨᠢ ᠦᠯᠡᠳᠡᠭᠳᠡᠨ ᠵᠠᠯᠭᠠᠮᠵᠢᠯᠠᠭᠳᠠᠵᠤ ᠳᠡᠢᠯᠦᠭᠰᠡᠨ ᠶᠦᠮ᠃ ᠢᠩᠭᠢᠭᠡᠳ ᠴᠢᠩᠭᠢᠰ ᠬᠠᠭᠠᠨ ᠨᠠᠰᠤ ᠪᠠᠷᠠᠭᠰᠠᠨ ᠤ᠋ ᠳᠠᠷᠠᠭᠠᠬᠢ ᠵᠠᠭᠤ ᠭᠠᠷᠤᠢ ᠵᠢᠯ ᠦ᠋ᠨ ᠳᠠᠷᠠᠭ᠎ᠠ ᠭᠡᠬᠦ ᠳ᠋ᠦ᠍ ᠳᠣᠲᠣᠭᠠᠳᠤ ᠠᠽᠢᠶ᠎ᠠ ᠨᠢ ᠠᠬᠢᠭᠠᠳ ᠯᠠ ᠵᠤᠨ ᠳ᠋ᠠᠭᠠᠨ ᠤᠰᠤ ᠪᠡᠯᠴᠢᠭᠡᠷ ᠲᠡᠭᠡᠨ ᠨᠡᠭᠦᠳᠡᠯᠯᠡᠳᠡᠭ᠂ ᠬᠦᠢᠲᠡᠨ ᠡᠪᠦᠯ ᠳ᠋ᠡᠭᠡᠨ ᠠᠢᠮᠠᠭ ᠤ᠋ᠨ ᠠᠬᠠᠯᠠᠭᠴᠢ ᠶ᠋ᠢᠨ ᠣᠷᠳᠣᠨ ᠤ᠋ ᠬᠠᠵᠠᠭᠤ ᠳ᠋ᠤ᠌ ᠥᠪᠡᠷ ᠦ᠋ᠨ ᠴᠠᠴᠠᠷ ᠮᠠᠢᠬᠠᠨ ᠢ᠋ᠶ᠋ᠠᠨ ᠪᠤᠰᠬᠠᠨ ᠡᠪᠦᠯᠵᠢᠳᠡᠭ ᠲᠣᠭᠠᠯᠠᠰᠢ ᠦᠭᠡᠢ ᠣᠯᠠᠨ ᠨᠡᠭᠦᠳᠡᠯᠴᠢᠨ ᠠᠢᠮᠠᠭ ᠲᠠᠢ ᠰᠠᠯᠵᠤ ᠪᠤᠲᠠᠷᠠᠭᠰᠠᠨ ᠭᠠᠵᠠᠷ ᠤ᠋ᠨ ᠵᠢᠷᠤᠭ ᠪᠣᠯᠵᠤ ᠳᠡᠯᠭᠡᠭᠳᠡᠭᠰᠡᠨ ᠪᠢᠯᠡ᠃ 
       ᠮᠣᠩᠭᠣᠯᠴᠤᠳ ᠳᠤᠮᠳᠠᠳᠤ ᠣᠷᠣᠨ ᠠ᠋ᠴᠠ ᠬᠥᠭᠡᠭᠡᠭᠳᠡᠨ ᠭᠠᠷᠤᠭᠰᠠᠨ ᠤ᠋ ᠳᠠᠷᠠᠭ᠎ᠠ ᠮᠣᠩᠭᠣᠯ ᠢᠵᠠᠭᠤᠷᠲᠠᠳ ᠬᠤᠪᠢ ᠬᠣᠪᠢᠨ ᠳ᠋ᠠᠭᠠᠨ ᠣᠯᠠᠨ ᠤᠳᠠᠭ᠎ᠠ ᠠᠯᠳᠠᠭᠰᠠᠨ ᠭᠠᠵᠠᠷ ᠢ᠋ᠶ᠋ᠠᠨ ᠡᠭᠡᠭᠦᠯᠦᠨ ᠠᠪᠬᠤ ᠪᠠᠷ ᠳᠠᠭᠠᠷᠢᠭᠰᠠᠨ ᠶᠤᠮ᠃ ᠭᠡᠬᠦ ᠳ᠋ᠦ᠍ ᠲᠡᠳᠡᠨ ᠦ᠌ ᠬᠦᠴᠦ ᠨᠢ ᠨᠢᠭᠡᠨᠲᠡ ᠰᠤᠯᠠᠷᠠᠭᠰᠠᠨ ᠨᠢ ᠢᠯᠡᠳᠲᠡ ᠪᠠᠢᠵᠤ᠂ ᠮᠢᠩ ᠤᠯᠤᠰ ᠤ᠋ᠨ ᠴᠡᠷᠢᠭ ᠦ᠋ᠨ ᠡᠰᠡᠷᠭᠦ ᠢᠯᠠᠯᠲᠠ ᠲᠠᠢ ᠪᠠᠷ ᠲᠡᠮᠡᠴᠡᠵᠦ ᠴᠢᠳᠠᠭᠰᠠᠨ ᠦᠭᠡᠢ᠃ ᠮᠥᠨ ᠴᠢᠨᠠᠭᠰᠢᠯᠠᠪᠠᠯ ᠣᠯᠠᠨ ᠬᠡᠰᠡᠭ ᠪᠣᠯᠵᠤ ᠰᠠᠯᠵᠤ ᠪᠤᠲᠠᠷᠠᠭᠰᠠᠨ ᠠᠢᠮᠠᠭ ᠶᠠᠰᠤᠲᠠᠨ ᠢ᠋ᠶ᠋ᠠᠨ ᠴᠤ᠌ ᠨᠢᠭᠡᠳᠦᠭᠰᠡᠨ ᠤᠳᠤᠷᠢᠳᠤᠯᠭ᠎ᠠ ᠶ᠋ᠢᠨ ᠳᠣᠣᠷ᠎ᠠ ᠣᠷᠣᠭᠤᠯᠵᠤ ᠳᠡᠢᠯᠦᠭᠡ ᠦᠭᠡᠢ ᠪᠢᠯᠡ᠃ ᠬᠠᠮᠤᠭ ᠤ᠋ᠨ ᠰᠡᠭᠦᠯᠴᠢ ᠶ᠋ᠢᠨ ᠤᠳᠠᠭ᠎ᠠ ᠭᠡᠬᠦ ᠳ᠋ᠦ᠍ ᠠᠷᠪᠠᠨ ᠵᠢᠷᠭᠤᠳᠤᠭᠠᠷ ᠵᠠᠭᠤᠨ ᠤ᠋ ᠡᠬᠢᠨ ᠦ᠌ ᠬᠠᠭᠠᠰ ᠬᠤᠭᠤᠴᠠᠭᠠᠨ ᠳ᠋ᠤ᠌ ᠲᠡᠶᠠᠨ ᠬᠠᠭᠠᠨ ᠤ᠋ ᠤᠳᠤᠷᠢᠳᠤᠯᠭ᠎ᠠ ᠶ᠋ᠢᠨ ᠳᠣᠣᠷ᠎ᠠ ᠲᠦᠷ ᠴᠠᠭ ᠤ᠋ᠨ ᠨᠢᠭᠡᠳᠦᠯ ᠢ᠋ ᠪᠡᠶᠡᠯᠡᠭᠦᠯᠦᠭᠰᠡᠨ ᠪᠣᠯᠪᠠᠴᠤ ᠲᠡᠭᠦᠨ ᠢ᠋ ᠨᠠᠰᠤ ᠪᠠᠷᠠᠭᠰᠠᠨ ᠤ᠋ ᠳᠠᠷᠠᠭ᠎ᠠ ᠳᠠᠬᠢᠭᠠᠳ ᠯᠠ ᠬᠠᠭᠠᠴᠠᠨ ᠵᠠᠳᠠᠷᠠᠭᠰᠠᠨ ᠪᠠᠢᠳᠠᠯ ᠳ᠋ᠠᠭᠠᠨ ᠪᠤᠴᠠᠨ ᠣᠷᠣᠭᠠᠳ ᠲᠠᠶᠠᠨ ᠬᠠᠭᠠᠨ ᠤ᠋ ᠠᠬᠠᠮᠠᠳ ᠬᠥᠪᠡᠭᠦᠳ ᠨᠢ ᠮᠣᠩᠭᠣᠯ ᠤ᠋ᠨ ᠡᠮᠦᠨᠡᠲᠦ ᠬᠡᠰᠡᠭ ᠢ᠋ ᠵᠠᠬᠢᠷᠤᠨ ᠡᠵᠡᠯᠡᠵᠦ᠂ ᠤᠳᠬᠤᠨ ᠬᠥᠪᠡᠭᠦᠨ ᠨᠢ ᠤᠮᠠᠷᠠᠲᠤ ᠶ᠋ᠢᠨ ᠲᠠᠯ᠎ᠠ ᠨᠤᠲᠤᠭ ᠤᠷᠤᠭᠤ ᠨᠡᠭᠦᠨ ᠣᠳᠤᠭᠰᠠᠨ ᠶᠤᠮ᠃ ᠠᠳᠠ ᠠ᠋ᠴᠠ ᠡᠬᠢᠯᠡᠨ ᠡᠳᠦᠭᠡ ᠬᠦᠷᠲᠡᠯ᠎ᠡ ᠡᠦᠷᠭᠦᠯᠵᠢᠯᠡᠵᠦ ᠪᠠᠢᠭ᠎ᠠ ᠮᠣᠩᠭᠣᠯᠴᠤᠳ ᠤ᠋ᠨ ᠬᠤᠪᠢᠶᠠᠭᠳᠠᠯ – ᠠᠷᠤ ᠮᠣᠩᠭᠣᠯ ᠪᠤᠶᠤ ᠥᠪᠥᠷ ᠮᠣᠩᠭᠣᠯ ᠪᠣᠯᠤᠨ ᠤᠮᠠᠷᠠᠲᠤ ᠮᠣᠩᠭᠣᠯ ᠡᠮᠦᠨᠡᠲᠦ ᠮᠣᠩᠭᠣᠯ ᠭᠠᠷᠴᠤ ᠢᠷᠡᠭᠰᠡᠨ ᠠᠵᠢ᠃ 
       ᠠᠷᠪᠠᠨ ᠵᠢᠷᠭᠤᠳᠤᠭᠠᠷ ᠵᠠᠭᠤᠨ ᠤ᠋ ᠦᠶ᠎ᠡ ᠬᠦᠷᠲᠡᠯ᠎ᠡ ᠮᠣᠩᠭᠣᠯ ᠳ᠋ᠤ᠌ ᠪᠥᠬᠡ ᠶ᠋ᠢᠨ ᠱᠠᠰᠢᠨ ᠭᠣᠣᠯ ᠱᠠᠰᠢᠨ ᠰᠢᠲᠦᠯᠭᠡ ᠪᠣᠯᠵᠤ᠂ ᠪᠤᠷᠬᠠᠨ ᠤ᠋ ᠱᠠᠰᠢᠨ ᠤ᠋ ᠲᠠᠯ᠎ᠠ ᠪᠠᠷ ᠵᠥᠪᠬᠡᠨ ᠴᠥᠭᠡᠨ ᠲᠣᠭᠠᠨ ᠤ᠋ 《ᠤᠯᠠᠭᠠᠨ ᠮᠠᠯᠠᠭᠠᠢᠳᠠᠨ》 ᠤ᠋ ᠱᠠᠰᠢᠨ ᠳᠡᠯᠭᠡᠷᠡᠵᠦ ᠪᠠᠢᠭᠰᠠᠨ ᠶᠤᠮ᠃ ᠴᠠᠭ ᠦᠶ᠎ᠡ ᠶ᠋ᠢᠨ ᠥᠩᠭᠡᠷᠡᠬᠦ ᠶ᠋ᠢ ᠳᠠᠭᠠᠯᠳᠤᠨ ᠬᠠᠷᠢᠨ《ᠰᠢᠷ᠎ᠠ ᠶ᠋ᠢᠨ ᠱᠠᠰᠢᠨ》 ᠤ᠋ ᠨᠣᠮᠯᠠᠯ ᠢ᠋ ᠰᠢᠲᠦᠭᠴᠢᠳ ᠦ᠋ᠨ ᠲᠣᠭ᠎ᠠ ᠨᠢ ᠤᠯᠠᠮ ᠠ᠋ᠴᠠ ᠤᠯᠠᠮ ᠨᠡᠮᠡᠭᠳᠡᠵᠡᠢ᠃ ᠪᠤᠷᠬᠠᠨ ᠤ᠋ ᠱᠠᠰᠢᠨ ᠤ᠋ ᠡᠨᠡ ᠬᠦ᠌ ᠰᠠᠯᠪᠤᠷᠢ ᠳ᠋ᠤ᠌ ᠣᠯᠠᠨ ᠲᠣᠭᠠᠨ ᠤ᠋ ᠪᠣᠳᠢᠰᠠᠳ᠋ᠸ᠎ᠠ᠂ ᠪᠤᠷᠬᠠᠨ᠂ ᠴᠢᠳᠬᠥᠷ ᠲᠡᠢ ᠪᠠᠢᠵᠤ᠂ ᠲᠠᠯ᠎ᠠ ᠨᠤᠲᠤᠭ ᠤ᠋ᠨ ᠨᠡᠭᠦᠳᠡᠯᠴᠢᠨ ᠲᠦᠮᠡᠨ ᠦ᠌ ᠰᠡᠳᠬᠢᠯ ᠵᠢᠷᠦᠬᠡ ᠶ᠋ᠢ ᠶᠡᠬᠡᠪᠡᠷ ᠲᠡᠳᠡᠨ ᠠᠪᠤᠭᠰᠠᠨ ᠪᠠᠢᠨ᠎ᠠ᠃ ᠢᠩᠭᠢᠭᠡᠳ ᠪᠤᠷᠬᠠᠨ ᠤ᠋ ᠱᠠᠰᠢᠨ ᠠ᠋ᠴᠠ ᠪᠣᠯᠵᠤ᠂ ᠨᠡᠭᠦᠳᠡᠯᠴᠢᠨ ᠲᠦᠮᠡᠨ ᠮᠠᠨᠢ ᠲᠠᠯ᠎ᠠ ᠨᠤᠲᠤᠭ ᠤ᠋ᠨ ᠬᠥᠪᠡᠭᠦᠳ ᠢ᠋ᠶ᠋ᠡᠨ ᠣᠯᠠᠨ ᠲᠣᠭ᠎ᠠ ᠪᠠᠷ ᠶᠡᠬᠡ ᠪᠠᠭ᠎ᠠ ᠰᠦᠮ᠎ᠡ ᠬᠡᠢᠳ ᠲᠦ᠍ ᠣᠷᠣᠭᠤᠯᠵᠤ᠂ ᠣᠶᠤᠨ ᠰᠠᠨᠠᠭᠠᠨ ᠤ᠋ ᠠᠮᠤᠷ ᠠᠮᠤᠭᠤᠯᠠᠩ ᠪᠠᠢᠬᠤ ᠶ᠋ᠢ ᠱᠠᠭᠠᠷᠳᠠᠭᠰᠠᠨ ᠠ᠋ᠴᠠ ᠪᠣᠯᠵᠤ᠂ ᠮᠠᠯᠴᠢᠨ ᠠᠢᠯ ᠤ᠋ᠨ ᠬᠥᠮᠦᠨ ᠠᠮᠠ ᠶ᠋ᠢᠨ ᠥᠰᠦᠯᠲᠡ ᠶ᠋ᠢ ᠢᠯᠡᠳᠲᠡ ᠬᠢᠵᠠᠭᠠᠷᠯᠠᠭᠰᠠᠨ ᠪᠠᠢᠨ᠎ᠠ᠃ ᠮᠥᠨ ᠡᠭᠦᠨ ᠢ᠋ ᠳᠠᠭᠠᠯᠳᠤᠨ ᠪᠠᠭᠠᠲᠤᠷᠯᠢᠭ ᠮᠣᠷᠢᠲᠠᠳ ᠪᠣᠯᠤᠨ ᠳᠠᠢᠯᠠᠨ ᠳᠠᠭᠠᠭᠤᠯᠤᠭᠴᠢᠳ ᠪᠠᠢᠭᠰᠠᠨ ᠠ᠋ᠴᠠ ᠪᠠᠨ ᠡᠩᠬᠡ ᠲᠠᠢᠪᠤᠩ ᠮᠠᠯᠴᠢᠨ ᠠᠷᠠᠳ ᠪᠣᠯᠤᠨ ᠦᠨᠡᠨ ᠰᠦᠵᠢᠭ ᠲᠡᠢ ᠯᠠᠮᠠ ᠨᠠᠷ ᠪᠣᠯᠵᠤ ᠬᠤᠪᠢᠷᠠᠭᠠᠳ᠂ ᠮᠣᠩᠭᠣᠯ ᠲᠦᠮᠡᠨ ᠦ᠌ ᠳᠠᠢᠨᠴᠢ ᠪᠠᠭᠠᠲᠤᠷᠯᠢᠭ ᠴᠢᠨᠠᠷ ᠨᠢ ᠪᠦᠷᠢᠮᠦᠰᠦᠨ ᠠᠯᠳᠠᠭᠳᠠᠭᠰᠠᠨ ᠠᠵᠢ᠃ 
       ᠪᠡᠭᠡᠵᠢᠩ ᠳ᠋ᠡᠬᠢ ᠬᠠᠭᠠᠨ ᠤ᠋ ᠣᠷᠳᠣᠨ ᠪᠠ ᠠᠷᠤ ᠥᠪᠥᠷ ᠮᠣᠩᠭᠣᠯ ᠤ᠋ᠨ ᠵᠠᠰᠠᠭ ᠤ᠋ᠨ ᠡᠷᠬᠡ ᠪᠠᠷᠢᠭᠴᠢᠳ ᠲᠠᠢ ᠲᠣᠭᠲᠠᠭᠠᠭᠰᠠᠨ ᠬᠡᠯᠡᠯᠴᠡᠭᠡᠷ ᠳᠠᠬᠢ ᠮᠣᠩᠭᠣᠯᠴᠤᠳ ᠴᠢᠩ ᠭᠦᠷᠦᠨ ᠦ᠌ ᠬᠠᠷᠢᠶᠠᠨ ᠳ᠋ᠤ᠌ ᠥᠪᠡᠷᠲᠡᠭᠡᠨ ᠵᠠᠰᠠᠬᠤ ᠡᠷᠬᠡ ᠶ᠋ᠢ ᠡᠳ᠋ᠯᠡᠬᠦ ᠵᠢᠴᠢ ᠬᠢᠲᠠᠳ ᠢᠷᠭᠡᠳ ᠦ᠋ᠨ ᠴᠠᠭᠠᠨ ᠬᠡᠷᠡᠮ ᠡᠴᠡ ᠭᠠᠳᠠᠭᠰᠢ ᠨᠡᠭᠦᠳᠡᠯᠯᠡᠨ ᠢᠷᠡᠬᠦ ᠶ᠋ᠢ ᠴᠠᠭᠠᠵᠠᠯᠠᠬᠤ ᠵᠡᠷᠭᠡ ᠵᠤᠷᠪᠤᠰ ᠤ᠋ᠳ ᠨᠢ ᠴᠢᠩ ᠭᠦᠷᠦᠨ ᠢ᠋  ᠨᠤᠷᠠᠨ ᠤᠨᠠᠬᠤ ᠬᠦᠷᠲᠡᠯ᠎ᠡ ᠬᠡᠷᠡᠭᠵᠢᠭᠦᠯᠦᠭᠳᠡᠭᠰᠡᠭᠡᠷ ᠢᠷᠡᠭᠰᠡᠨ ᠶᠦᠮ᠃ ᠬᠢᠲᠠᠳ ᠤ᠋ᠨ ᠬᠤᠪᠢᠰᠬᠠᠯᠲᠤ ᠬᠥᠳᠡᠯᠭᠡᠭᠡᠨ ᠦ᠌ ᠳᠠᠪᠠᠯᠭᠠᠨ ᠤ᠋ ᠨᠥᠯᠥᠭᠡ ᠵᠢᠴᠢ ᠰᠡᠭᠦᠯᠡᠷᠬᠢ ᠣᠷᠣᠰ ᠤ᠋ᠨ ᠬᠦᠴᠦᠨ ᠴᠦ᠍ ᠡᠨᠡ ᠬᠦ᠌ ᠪᠣᠢᠳᠠ ᠪᠥᠭᠯᠡᠭᠦᠦ ᠳᠣᠲᠣᠭᠠᠳᠤ ᠠᠽᠢᠶ᠎ᠠ ᠶ᠋ᠢᠨ ᠲᠠᠯ᠎ᠠ ᠨᠤᠲᠤᠭ ᠲᠤ᠌ ᠲᠦᠷᠢᠨ ᠣᠷᠣᠵᠤ ᠢᠷᠡᠭᠰᠡᠨ ᠡᠴᠡ ᠬᠠᠶᠠ ᠵᠠᠷᠢᠮ ᠳ᠋ᠠᠭᠠᠨ ᠠᠳᠠ ᠬᠦᠨᠳᠦ ᠬᠡᠴᠡᠭᠦᠦ ᠵᠥᠷᠢᠴᠡᠯᠳᠦᠭᠡᠨ ᠪᠤᠶᠤ ᠦᠯᠦ ᠣᠢᠯᠠᠭᠠᠭᠳᠠᠬᠤ ᠵᠦᠢᠯᠡᠰ ᠢ᠋ ᠠᠪᠴᠢᠷᠠᠭᠰᠠᠨ ᠪᠢᠯᠡ᠃ ᠡᠨᠡ ᠪᠠᠢᠳᠠᠯ ᠨᠢ ᠦᠷᠭᠦᠯᠵᠢᠯᠡᠨ ᠬᠥᠭᠵᠢᠭᠰᠡᠭᠡᠷ ᠤᠮᠠᠷ᠎ᠠ ᠪᠣᠯᠤᠨ ᠡᠮᠦᠨ᠎ᠡ ᠵᠦᠭ ᠡᠴᠡ ᠲᠠᠯ᠎ᠠ ᠨᠤᠲᠤᠭ ᠲᠤ᠌ ᠥᠩᠭᠡᠯᠵᠡᠬᠦ ᠪᠠ ᠲᠦᠷᠢᠨ ᠣᠷᠣᠬᠤ ᠬᠠᠷᠢ ᠶ᠋ᠢᠨ ᠬᠢᠨ ᠦ᠌ ᠡᠰᠡᠷᠭᠦ ᠶᠠᠪᠤᠭᠳᠠᠬᠤ ᠨᠠᠮᠤᠭᠤᠬᠠᠨ ᠪᠣᠯᠪᠠᠴᠤ ᠪᠠᠭᠠᠲᠤᠷᠯᠢᠭ ᠲᠡᠮᠡᠴᠡᠯ ᠪᠣᠯᠤᠨ ᠬᠤᠪᠢᠷᠠᠭᠰᠠᠨ ᠪᠣᠯᠪᠠᠴᠤ ᠡᠴᠦᠰ ᠲᠡᠭᠡᠨ ᠮᠣᠩᠭᠣᠯᠴᠤᠳ ᠡᠨᠡ ᠬᠦ᠌ ᠲᠡᠮᠡᠴᠡᠯ ᠳ᠋ᠦ᠍ ᠨᠤᠭᠤᠷᠠᠭᠰᠠᠨ ᠪᠠᠢᠯ᠎ᠠ᠃ ᠠᠷᠤ ᠮᠣᠩᠭᠣᠯ ᠨᠢ ᠪᠠᠷᠤᠭ ᠯᠠ ᠡᠰᠡᠷᠭᠦᠴᠡᠯ ᠦᠭᠡᠢ ᠪᠡᠷ ᠪᠣᠯᠱᠧᠸᠢᠭ ᠨᠠᠮᠲᠠᠨ ᠤ᠋ ᠭᠠᠷ ᠲᠤ᠌ ᠣᠷᠣᠵᠤ᠂ ᠰᠦᠮ᠎ᠡ ᠶ᠋ᠢᠨ ᠬᠠᠭᠤᠴᠢᠨ ᠬᠣᠲᠠ ᠪᠣᠯᠬᠤ ᠥᠷᠭᠥᠭᠡ ᠪᠤᠶᠤ ᠣᠳᠣ ᠶ᠋ᠢᠨ ᠤᠯᠠᠭᠠᠪᠠᠭᠠᠳᠤᠷ ᠬᠣᠲᠠ ᠳ᠋ᠤ᠌ ᠺᠣᠮᠮᠤᠨᠢᠰᠲ ᠵᠠᠰᠠᠭ ᠤ᠋ᠨ ᠣᠷᠳᠣᠨ ᠪᠠᠢᠭᠤᠯᠤᠭᠳᠠᠵᠠᠢ᠃ ᠠᠷᠤ ᠮᠣᠩᠭᠣᠯ ᠳ᠋ᠤ᠌ ᠠᠮᠢᠳᠤᠷᠠᠵᠤ ᠪᠠᠢᠭᠰᠠᠨ ᠮᠠᠰᠢ ᠣᠯᠠᠨ ᠯᠠᠮᠠ ᠬᠤᠸᠠᠷᠠᠭ ᠬᠢᠭᠡᠳ ᠭᠡᠭᠡᠨ ᠬᠤᠲᠤᠭᠲᠤ ᠥᠪᠡᠷ ᠦ᠋ᠨ ᠦᠨ᠎ᠡ ᠳ᠋ᠦ᠍ ᠬᠦᠷᠬᠦ ᠵᠦᠢᠯᠡᠰ ᠢ᠋ᠶ᠋ᠡᠨ ᠪᠠᠭᠴᠠᠯᠠᠨ ᠠᠪᠤᠭᠠᠳ ᠮᠠᠯ ᠰᠦᠷᠦᠭ ᠢ᠋ᠶ᠋ᠡᠨ ᠲᠠᠭᠤᠵᠤ᠂ ᠥᠪᠥᠷ ᠮᠣᠩᠭᠣᠯ ᠳ᠋ᠠᠬᠢ ᠠᠢᠮᠠᠭ ᠤ᠋ᠨ ᠠᠬ᠎ᠠ ᠳᠡᠭᠦᠦ ᠨᠠᠷ ᠪᠣᠯᠤᠨ ᠯᠠᠮᠠ ᠨᠠᠢᠵᠠ ᠨᠠᠷ ᠢ᠋ᠶ᠋ᠠᠨ ᠡᠷᠢᠨ ᠬᠦᠷᠦᠭᠡᠳ ᠲᠡᠳᠡᠨ ᠳ᠋ᠦ᠍ ᠪᠠᠶᠠᠷᠯᠠᠨ ᠤᠭᠲᠤᠭᠳᠠᠭᠰᠠᠨ ᠶᠤᠮ᠃ ᠤᠮᠠᠷ᠎ᠠ ᠵᠦᠭ ᠡᠴᠡ ᠢᠷᠡᠭᠰᠡᠨ ᠬᠦᠴᠦᠷᠬᠡᠭᠯᠡᠯ ᠨᠢ ᠦᠷᠭᠦᠯᠵᠢᠯᠡᠬᠦ ᠶ᠋ᠢᠨ ᠳᠠᠭᠠᠤ ᠳᠡᠮᠡᠢ ᠤᠳᠠᠯ ᠦᠭᠡᠢ ᠡᠮᠦᠨ᠎ᠡ ᠵᠦᠭ ᠡᠴᠡ ᠢᠷᠡᠬᠦ ᠵᠣᠭᠰᠣᠰᠢ ᠦᠭᠡᠢ ᠳᠠᠷᠤᠯᠲᠠ ᠴᠤ᠌ ᠨᠡᠮᠡᠭᠳᠡᠭᠡᠳ ᠢᠷᠡᠯ᠎ᠡ᠃ ᠮᠢᠩᠭ᠎ᠠ ᠮᠢᠩᠭ᠎ᠠ ᠪᠠᠷ ᠲᠣᠭᠠᠯᠠᠭᠳᠠᠬᠤ ᠳᠣᠲᠣᠷ᠎ᠠ ᠭᠠᠵᠠᠷ ᠤ᠋ᠨ ᠲᠠᠷᠢᠶᠠᠴᠢᠳ ᠲᠠᠯ᠎ᠠ ᠨᠤᠲᠤᠭ ᠤ᠋ᠨ ᠬᠥᠪᠡᠭᠡ ᠬᠢᠵᠠᠭᠠᠷ ᠢ᠋ᠶ᠋ᠠᠷ ᠨᠡᠭᠦᠳᠡᠯᠯᠡᠨ ᠬᠦᠷᠴᠦ ᠢᠷᠡᠭᠰᠡᠨ ᠪᠥᠭᠡᠳ ᠵᠢᠯ ᠡᠴᠡ ᠵᠢᠯ ᠥᠭᠡᠳᠡᠯᠡᠨ ᠥᠩ ᠰᠢᠮᠡᠯᠢᠭ ᠪᠡᠯᠴᠢᠭᠡᠷ ᠲᠡᠢ ᠨᠣᠭᠣᠭᠠᠨ ᠲᠠᠯ᠎ᠠ ᠳ᠋ᠤ᠌ ᠲᠦᠷᠢᠨ ᠣᠷᠣᠵᠤ᠂ ᠮᠠᠯ ᠰᠦᠷᠦᠭ ᠦ᠋ᠨ ᠪᠡᠯᠴᠢᠭᠡᠷ ᠢ᠋ ᠬᠠᠭᠠᠯᠪᠤᠷᠢᠯᠠᠨ ᠲᠠᠷᠢᠶᠠᠨ ᠲᠠᠯᠠᠪᠠᠢ ᠪᠣᠯᠭᠠᠨ ᠬᠤᠪᠢᠷᠠᠭᠤᠯᠬᠤ ᠠᠵᠢ᠃ 
       ᠡᠨᠡ ᠦᠶ᠎ᠡ ᠳ᠋ᠦ᠍ ᠬᠦᠷᠲᠡᠯ᠎ᠡ ᠮᠣᠩᠭᠣᠯᠴᠤᠳ ᠲᠤ᠌ ᠥᠪᠡᠷ ᠦ᠋ᠨ ᠡᠬᠡ ᠨᠤᠲᠤᠭ ᠢ᠋ᠶ᠋ᠠᠨ ᠠᠪᠤᠷᠠᠨ ᠠᠪᠬᠤ ᠪᠣᠯᠤᠮᠵᠢ ᠨᠥᠬᠥᠴᠡᠯ ᠪᠠᠢᠭ᠎ᠠ ᠮᠡᠲᠦ ᠮᠡᠳᠡᠭᠳᠡᠵᠦ ᠪᠠᠢᠭᠰᠠᠨ ᠶᠤᠮ᠃ ᠨᠥᠮᠥᠷᠢᠵᠦ ᠪᠠᠢᠭ᠎ᠠ ᠠᠶᠤᠯ ᠳ᠋ᠤ᠌ ᠴᠢᠭᠯᠡᠭᠦᠯᠦᠨ ᠮᠣᠩᠭᠣᠯ ᠤ᠋ᠨ ᠣᠯᠠᠨ ᠠᠢᠮᠠᠭ ᠬᠣᠰᠢᠭᠤᠳ 1934 ᠣᠨ ᠳ᠋ᠤ᠌ ᠲᠡᠮᠴᠦᠭᠳᠣᠩᠷᠦᠪ ᠨᠣᠶᠠᠨ ᠢ᠋ᠶ᠋ᠠᠷ ᠲᠣᠯᠣᠭᠠᠢᠯᠠᠭᠴᠢ ᠪᠠᠨ ᠪᠣᠯᠭᠠᠭᠰᠠᠨ ᠬᠣᠯᠪᠣᠭᠠᠯᠠᠯ ᠢ᠋ ᠪᠠᠢᠭᠤᠯᠤᠭᠰᠠᠨ ᠪᠠᠢᠨ᠎ᠠ᠃ ᠰᠦᠮ᠎ᠡ ᠶ᠋ᠢᠨ ᠬᠣᠲᠠ ᠪᠠᠳᠤᠬᠠᠭᠠᠯᠭ᠎ᠠ ᠨᠢ ᠣᠯᠠᠨ ᠬᠤᠰᠢᠭᠤᠨ ᠤ᠋ ᠲᠥᠯᠥᠭᠡᠯᠡᠭᠴᠢ ᠨᠠᠷ ᠤ᠋ᠨ ᠠᠭᠤᠯᠵᠠᠬᠤ ᠲᠤᠰᠬᠠᠢ ᠭᠠᠵᠠᠷ ᠪᠣᠯᠵᠤ ᠪᠠᠢᠭᠰᠠᠨ ᠪᠥᠭᠡᠳ ᠭᠤᠷᠪᠠᠨ ᠵᠢᠯ ᠦ᠋ᠨ ᠳᠠᠷᠠᠭ᠎ᠠ ᠠᠳᠠ ᠨᠢᠭᠡᠳᠦᠭᠰᠡᠨ ᠵᠠᠰᠠᠭ ᠤ᠋ᠨ ᠣᠷᠳᠣᠨ ᠪᠠᠢᠭᠤᠯᠤᠭᠳᠠᠭᠰᠠᠨ ᠪᠢᠯᠡ᠃ ᠭᠡᠪᠡᠴᠦ ᠳᠡᠮᠡᠢ ᠤᠳᠠᠯ ᠦᠭᠡᠢ ᠡᠨᠡ ᠬᠦ᠌ ᠬᠥᠭᠵᠢᠯᠲᠡ ᠨᠢ ᠬᠠᠭᠤᠷᠮᠠᠭ ᠮᠠᠨᠵᠤ ᠤᠯᠤᠰ ᠠ᠋ᠴᠠ ᠬᠦᠷᠴᠦ ᠢᠷᠡᠭᠰᠡᠨ ᠶᠠᠫᠣᠨᠴᠤᠳ ᠲᠤ᠌ ᠡᠪᠳᠡᠭᠳᠡᠭᠰᠡᠨ ᠶᠦᠮ᠃ ᠠᠮᠠᠯᠠᠯᠲᠠ᠂ ᠮᠥᠩᠭᠥ ᠲᠥᠭᠥᠷᠢᠭ ᠪᠣᠯᠤᠨ ᠠᠷᠭ᠎ᠠ ᠵᠠᠯᠢ ᠶ᠋ᠢ ᠠᠯᠢ ᠪᠦᠬᠦᠨ ᠢ᠋ ᠤᠶᠠᠯᠳᠤᠭᠤᠯᠤᠨ ᠬᠡᠷᠡᠭᠯᠡᠭᠰᠡᠨ ᠦ᠌ ᠡᠴᠦᠰ ᠲᠦ᠍ ᠣᠯᠠᠨ ᠬᠤᠰᠢᠭᠤᠨ ᠤ᠋ ᠸᠠᠩ ᠬᠦᠩ ᠦ᠋ᠨ ᠨᠡᠷ᠎ᠡ ᠨᠥᠯᠥᠭᠡ ᠶ᠋ᠢ ᠪᠣᠳᠣᠯᠬᠢᠯᠠᠭᠰᠠᠨ ᠬᠡᠯᠡᠯᠴᠡᠭᠡᠷ ᠦ᠋ᠨ ᠵᠠᠰᠠᠭ ᠤ᠋ᠨ ᠣᠷᠳᠣᠨ ᠨᠢ ᠪᠠᠢᠭᠤᠯᠤᠭᠳᠠᠵᠠᠢ᠃ ᠲᠡᠮᠴᠦᠭᠳᠦᠩᠷᠦᠪ ᠨᠣᠶᠠᠨ ᠤ᠋ ᠵᠣᠬᠢᠶᠠᠨ ᠪᠠᠢᠭᠤᠯᠤᠭᠰᠠᠨ ᠡᠨᠡ ᠬᠦ᠌ ᠵᠠᠰᠠᠭ ᠤ᠋ᠨ ᠣᠷᠳᠣᠨ ᠨᠢ ᠨᠠᠵᠠᠭᠠᠢ ᠡᠰᠡᠷᠭᠦᠴᠡᠯ ᠦ᠋ᠨ ᠠᠷᠭ᠎ᠠ ᠪᠠᠷ ᠶᠠᠫᠣᠨ ᠤ᠋ ᠬᠦᠴᠦᠨ ᠢ᠋ ᠠᠯᠬᠤᠮ ᠠᠯᠬᠤᠮ ᠢ᠋ᠶ᠋ᠠᠷ ᠪᠠᠭᠤᠷᠠᠭᠤᠯᠵᠤ ᠠᠯᠠᠭ᠎ᠠ ᠪᠣᠯᠭᠠᠬᠤ ᠶ᠋ᠢ ᠵᠣᠷᠢᠬᠤ ᠶ᠋ᠢᠨ ᠬᠠᠮᠲᠤ ᠥᠪᠡᠷ ᠦ᠋ᠨ ᠢ᠋ᠶ᠋ᠡᠨ ᠪᠠᠢᠵᠤ ᠪᠠᠢᠭ᠎ᠠ ᠴᠢᠭᠤᠯᠭᠠᠨ ᠬᠣᠰᠢᠭᠤ ᠶ᠋ᠢ ᠪᠠᠭᠲᠠᠭᠠᠭᠰᠠᠨ ᠮᠣᠩᠭᠣᠯᠴᠤᠳ ᠢ᠋ᠶ᠋ᠠᠨ ᠠᠰ ᠢ᠋ᠶ᠋ᠠᠷ ᠨᠢ ᠰᠠᠯᠭᠠᠨ ᠠᠪᠬᠤ ᠪᠠᠷ ᠬᠦᠰᠡᠯ ᠵᠣᠷᠢᠯᠭ᠎ᠠ ᠪᠠᠨ ᠪᠣᠯᠭᠠᠵᠠᠢ᠃ ᠲᠡᠷᠡ ᠪᠡᠷ ᠥᠪᠡᠷ ᠦ᠋ᠨ ᠡᠨᠡ ᠬᠦ᠌ ᠲᠥᠯᠥᠪᠯᠡᠭᠡ ᠨᠢ ᠪᠡᠶᠡᠯᠡᠭᠳᠡᠯ ᠢ᠋ᠶ᠋ᠡᠨ ᠣᠯᠵᠤ ᠳᠡᠢᠯᠬᠦ ᠡᠴᠡ ᠨᠢᠭᠡᠨᠲᠡ ᠥᠩᠭᠡᠷᠡᠭᠰᠡᠨ ᠢ᠋ ᠣᠢᠯᠠᠭᠠᠭᠰᠠᠨ ᠤ᠋ ᠳᠠᠷᠠᠭ᠎ᠠ ᠭᠣᠮᠢᠨᠳᠠᠩ ᠤ᠋ᠨ ᠵᠠᠰᠠᠭ ᠤ᠋ᠨ ᠣᠷᠳᠣᠨ ᠤ᠋ ᠲᠦᠷᠦᠭᠦᠦ ᠵᠢᠶᠠᠩ ᠵᠢᠶᠧ ᠱᠢ ᠳ᠋ᠦ᠍ ᠨᠢᠭᠤᠴᠠ ᠡᠯᠴᠢᠨ ᠲᠣᠮᠢᠯᠠᠵᠤ᠂ ᠢᠷᠭᠡᠨ ᠤᠯᠤᠰ ᠲᠤ᠌ ᠵᠢᠭᠤᠲᠠᠨ ᠬᠦᠷᠬᠦ ᠰᠠᠨᠠᠭᠤᠯᠭ᠎ᠠ ᠶ᠋ᠢ ᠳᠡᠪᠰᠢᠭᠦᠯᠵᠡᠢ ᠃ ᠡᠭᠦᠨ ᠦ᠌ ᠬᠠᠷᠢᠭᠤ ᠳ᠋ᠤ᠌ ᠬᠠᠷᠢᠨ ᠲᠡᠭᠦᠨ ᠢ᠋ ᠦᠷᠭᠦᠯᠵᠢᠯᠡᠨ ᠣᠳᠣ ᠶ᠋ᠢᠨ ᠪᠠᠢᠳᠠᠯ ᠢ᠋ᠶ᠋ᠠᠨ ᠬᠠᠳᠠᠭᠠᠯᠠᠵᠤ᠂ ᠶᠠᠫᠣᠨᠴᠤᠳ ᠤ᠋ᠨ ᠬᠥᠳᠡᠯᠦᠯ ᠪᠠᠢᠳᠠᠯ ᠤ᠋ᠨ ᠲᠠᠯ᠎ᠠ ᠪᠠᠷ ᠮᠡᠳᠡᠭᠡᠯᠡᠵᠦ ᠪᠠᠢᠬᠤ ᠬᠡᠷᠡᠭᠲᠡᠢ ᠭᠡᠰᠡᠨ ᠵᠢᠶᠠᠩ ᠵᠢᠶᠧ ᠱᠢ ᠶ᠋ᠢᠨ ᠵᠠᠷᠯᠢᠭ ᠢ᠋ ᠣᠯᠤᠭᠰᠠᠨ ᠪᠠᠢᠨ᠎ᠠ᠃ ᠰᠥᠨᠢᠳ ᠪᠠᠷᠠᠭᠤᠨ ᠬᠤᠰᠢᠭᠤᠨ ᠤ᠋ ᠲᠡᠮᠴᠦᠭᠳᠣᠩᠷᠦᠪ ᠨᠣᠶᠠᠨ ᠥᠪᠡᠷ ᠦ᠋ᠨ ᠬᠤᠰᠢᠭᠤᠨ ᠤ᠋ ᠣᠷᠳᠣᠨ ᠠ᠋ᠴᠠ ᠪᠠᠨ 1937 ᠣᠨ ᠠ᠋ᠴᠠ ᠡᠬᠢᠯᠡᠨ ᠳᠣᠲᠣᠷ᠎ᠠ ᠭᠠᠵᠠᠷ ᠤ᠋ᠨ ᠪᠣᠯᠤᠨ ᠳᠡᠯᠡᠬᠡᠢ ᠶ᠋ᠢᠨ ᠪᠠᠢᠳᠠᠯ ᠤ᠋ᠨ ᠬᠥᠭᠵᠢᠯ ᠬᠤᠪᠢᠷᠠᠯᠲᠠ ᠶ᠋ᠢ ᠠᠵᠢᠭᠯᠠᠨ ᠰᠠᠭᠤᠭᠰᠠᠭᠠᠷ ᠪᠠᠢᠭᠰᠠᠨ ᠪᠥᠭᠡᠳ 1945 ᠣᠨ ᠤ᠋ ᠵᠤᠨ ᠤᠮᠠᠷ᠎ᠠ ᠵᠦᠭ ᠡᠴᠡ ᠵᠥᠪᠯᠡᠯᠲᠦ ᠬᠣᠯᠪᠣᠭᠠᠲᠤ ᠤᠯᠤᠰ ᠤ᠋ᠨ ᠴᠡᠷᠢᠭ ᠠᠩᠭᠢ ᠥᠪᠥᠷ ᠮᠣᠩᠭᠣᠯ ᠳ᠋ᠤ᠌ ᠲᠦᠷᠢᠨ ᠣᠷᠣᠬᠤ ᠦᠶ᠎ᠡ ᠪᠡᠷ ᠡᠬᠢᠯᠡᠭᠡᠳ ᠴᠢᠭᠤᠯᠤᠯᠲᠤ ᠬᠠᠭᠠᠯᠭ᠎ᠠ ᠳ᠋ᠤ᠌᠂ ᠰᠡᠭᠦᠯᠡᠷ ᠨᠢ ᠪᠡᠭᠡᠵᠢᠩ ᠬᠣᠲᠠ ᠳ᠋ᠤ᠌ ᠳᠤᠲᠠᠭᠠᠨ ᠬᠦᠷᠦᠭᠡᠳ᠂ ᠳᠠᠷᠠᠭ᠎ᠠ ᠪᠠᠷ ᠨᠢ ᠪᠠᠰᠠ ᠲᠤᠬᠠᠢ ᠶ᠋ᠢᠨ ᠦᠶ᠎ᠡ ᠶ᠋ᠢᠨ ᠳᠤᠮᠳᠠᠳᠤ ᠢᠷᠭᠡᠨ ᠤᠯᠤᠰ ᠤ᠋ᠨ ᠨᠡᠢᠰᠯᠡᠯ ᠬᠣᠲᠠ ᠪᠠᠢᠭᠰᠠᠨ ᠴᠦᠩᠴᠢᠩ ᠳ᠋ᠦ᠍ ᠠᠵᠢᠯ ᠬᠡᠷᠡᠭ ᠢ᠋ᠶ᠋ᠡᠨ ᠮᠡᠳᠡᠭᠦᠯᠬᠦ ᠪᠡᠷ ᠬᠦᠷᠴᠦ ᠪᠠᠢᠭᠰᠠᠨ ᠶᠤᠮ ᠃ ᠵᠥᠪᠯᠡᠯᠲᠦ ᠬᠣᠯᠪᠣᠭᠠᠲᠤ ᠤᠯᠤᠰ ᠤ᠋ᠨ ᠴᠡᠷᠢᠭ ᠠᠷᠮᠢ ᠢᠷᠡᠭᠰᠡᠨ ᠡᠴᠡ ᠬᠣᠢᠰᠢᠬᠢ ᠬᠡᠳᠦᠨ ᠰᠠᠷ᠎ᠠ ᠳ᠋ᠤ᠌ ᠡᠨᠡᠬᠦ ᠲᠠᠯ᠎ᠠ ᠨᠤᠲᠤᠭ ᠤ᠋ᠨ ᠨᠡᠭᠦᠳᠡᠯᠴᠢᠨ ᠠᠷᠠᠳ ᠴᠢᠩᠭᠢᠰ ᠬᠠᠭᠠᠨ ᠤ᠋ ᠨᠣᠶᠠᠷᠬᠠᠯ ᠠ᠋ᠴᠠ ᠨᠠᠭᠠᠰᠢᠬᠢ ᠬᠠᠮᠤᠭ ᠤ᠋ᠨ ᠶᠡᠬᠡ ᠦᠨᠳᠦᠰᠦᠨ ᠬᠤᠪᠢᠷᠠᠯᠲᠠ ᠶ᠋ᠢ ᠥᠩᠭᠡᠷᠡᠭᠦᠯᠦᠭᠰᠡᠨ ᠪᠢᠯᠡ᠃ ᠮᠠᠯ ᠰᠦᠷᠦᠭ ᠦ᠋ᠨ ᠪᠠᠷᠤᠭ ᠯᠠ ᠳᠥᠷᠪᠡᠨ ᠦ᠌ ᠭᠤᠷᠪᠠᠨ ᠬᠤᠪᠢ ᠶ᠋ᠢ ᠨᠢ ᠵᠥᠪᠯᠡᠯᠲᠦ ᠬᠣᠯᠪᠣᠭᠠᠲᠤ ᠤᠯᠤᠰ ᠤ᠋ᠨ ᠴᠡᠷᠢᠭ ᠠᠩᠭᠢ ᠣᠯᠵᠠᠯᠠᠨ ᠠᠪᠤᠭᠠᠳ ᠤᠮᠠᠷᠠᠰᠢ ᠪᠠᠨ ᠳᠠᠭᠤᠨ ᠣᠳᠤᠭᠰᠠᠨ ᠪᠤᠶᠤ ᠠᠯᠠᠭᠠᠳ ᠴᠡᠷᠢᠭ ᠠᠩᠭᠢ ᠳ᠋ᠠᠭᠠᠨ ᠬᠦᠨᠡᠰᠦ ᠪᠣᠯᠭᠠᠭᠰᠠᠨ ᠶᠤᠮ ᠃ ᠵᠥᠪᠯᠡᠯᠲᠦ ᠬᠣᠯᠪᠣᠭᠠᠲᠤ ᠤᠯᠤᠰ ᠤ᠋ᠨ ᠴᠡᠷᠢᠭ ᠠᠩᠭᠢ ᠶ᠋ᠢᠨ ᠳᠡᠭᠡᠷᠡᠮᠳᠡᠯ ᠦ᠋ᠨ ᠳᠠᠷᠠᠭ᠎ᠠ ᠪᠠᠷ ᠦᠯᠡᠳᠡᠭᠰᠡᠨ ᠮᠠᠯ ᠰᠦᠷᠦᠭ ᠢ᠋ ᠨᠢ ᠳᠡᠭᠡᠷᠡᠮᠴᠢᠳ ᠴᠥᠯᠪᠡᠨ ᠪᠤᠯᠢᠶᠠᠵᠤ ᠠᠪᠤᠭᠰᠠᠨ ᠶᠤᠮ᠃ ᠨᠢᠭᠡ ᠪᠦᠯᠦᠭ ᠲᠣᠮᠣ ᠰᠦᠮ᠎ᠡ ᠬᠡᠢᠳ ᠢ᠋ ᠨᠢ ᠴᠥᠯᠪᠡᠨ ᠳᠡᠭᠡᠷᠡᠮᠳᠡᠭᠰᠡᠨ ᠦ᠌ ᠳᠠᠷᠠᠭ᠎ᠠ ᠰᠢᠲᠠᠭᠠᠨ ᠰᠦᠢᠳᠬᠡᠵᠦ ᠬᠠᠶᠠᠭᠰᠠᠨ ᠪᠥᠭᠡᠳ ᠳᠤᠲᠠᠭᠠᠵᠤ ᠠᠮᠵᠢᠭ᠎ᠠ ᠦᠭᠡᠢ ᠪᠠᠢᠭᠰᠠᠨ ᠸᠠᠩ ᠬᠦᠩ ᠨᠣᠶᠠᠳ ᠤ᠋ᠨ ᠡᠳ᠋ ᠬᠥᠷᠥᠩᠭᠡ ᠶ᠋ᠢ ᠨᠢ ᠬᠦᠴᠦᠷᠬᠡᠭᠯᠡᠨ ᠡᠵᠡᠯᠡᠵᠡᠢ᠃ ᠲᠤᠬᠠᠢ ᠶ᠋ᠢᠨ ᠦᠶ᠎ᠡ ᠶ᠋ᠢᠨ ᠴᠢᠩᠭᠢᠰ ᠬᠠᠭᠠᠨ ᠤ᠋ ᠮᠣᠷᠢᠲᠤ ᠠᠩᠭᠢ ᠶ᠋ᠢᠨ ᠪᠠᠷᠠᠭᠤᠨ ᠠᠽᠢᠶ᠎ᠠ ᠪᠣᠯᠤᠨ ᠧᠦ᠋ᠷᠣᠫᠠ ᠳ᠋ᠤ᠌ ᠳᠠᠭᠠᠷᠢᠨ ᠣᠷᠣᠭᠰᠠᠨ ᠲᠠᠢ ᠠᠳᠠᠯᠢᠪᠲᠤᠷ ᠶᠠᠭ ᠯᠠ ᠡᠳᠦᠭᠡ ᠭᠡᠬᠦ ᠳ᠋ᠦ᠍ ᠠᠮᠠᠭᠠᠢ ᠵᠢᠯᠣᠭᠣ ᠦᠭᠡᠢ ᠪᠣᠯᠤᠭᠰᠠᠨ ᠴᠡᠷᠢᠭ ᠠᠷᠮᠢ ᠮᠣᠩᠭᠣᠯ ᠣᠷᠣᠨ ᠳ᠋ᠤ᠌ ᠲᠣᠭᠠᠯᠠᠰᠢ ᠦᠭᠡᠢ ᠣᠯᠠᠨ ᠭᠠᠢ ᠵᠣᠪᠠᠯᠠᠩ ᠢ ᠤᠴᠠᠷᠠᠭᠤᠯᠵᠤ᠂ ᠲᠤᠬᠠᠢ ᠶ᠋ᠢᠨ ᠦᠶ᠎ᠡ ᠶ᠋ᠢᠨ ᠳᠣᠷᠣᠨᠠᠳᠠᠬᠢᠨ ᠤ᠋ ᠬᠦᠴᠦᠷᠬᠡᠭ ᠮᠣᠩᠭᠣᠯ ᠤ᠋ᠨ ᠡᠵᠡᠨᠲᠦ ᠭᠦᠷᠦᠨ ᠦ᠌ ᠣᠮᠣᠭ ᠪᠠᠬᠠᠷᠬᠠᠯ ᠲᠠᠢ ᠬᠣᠢᠴᠢ ᠦᠶ᠎ᠡ ᠶ᠋ᠢᠨ ᠬᠢᠨ ᠳ᠋ᠦ᠍ ᠤᠷᠢᠳ ᠡᠮᠦᠨ᠎ᠡ ᠪᠠᠢᠭ᠎ᠠ ᠦᠭᠡᠢ ᠥᠯᠥᠰᠬᠦᠯᠡᠩ ᠭᠠᠴᠢᠭ ᠢ ᠠᠪᠴᠢᠷᠠᠭᠰᠠᠨ ᠪᠠᠢᠨ᠎ᠠ᠃ 

           ᠵᠢᠷᠤᠭ 1


       ᠡᠨᠡ ᠬᠣᠭᠣᠷᠣᠨᠳᠣ ᠨᠠᠨᠵᠢᠩ ᠤ᠋ᠨ ᠵᠠᠰᠠᠭ ᠤ᠋ᠨ ᠣᠷᠳᠣᠨ ᠨᠢ ᠠᠷᠤ ᠮᠣᠩᠭᠣᠯ ᠤ᠋ᠨ ᠲᠤᠰᠠᠭᠠᠷ ᠲᠣᠭᠲᠠᠨᠢᠭᠰᠠᠨ ᠢ᠋ ᠬᠦᠯᠢᠶᠡᠨ ᠵᠥᠪᠰᠢᠶᠡᠷᠡᠭᠰᠡᠨ ᠪᠥᠭᠡᠳ ᠡᠨᠡ ᠬᠦ᠌ ᠦᠢᠯᠡ ᠶᠠᠪᠤᠳᠠᠯ ᠨᠢ ᠬᠠᠷᠢᠨ ᠥᠪᠥᠷ ᠮᠣᠩᠭᠣᠯ ᠤ᠋ᠨ ᠵᠠᠯᠠᠭᠤ ᠨᠢᠭᠡ ᠦᠶ᠎ᠡ ᠶ᠋ᠢᠨ ᠬᠢᠨ ᠳ᠋ᠦ᠍ ᠰᠢᠨ᠎ᠡ ᠬᠦᠰᠡᠯ ᠡᠷᠡᠮᠡᠯᠵᠡᠯ ᠢ᠋ ᠠᠪᠴᠢᠷᠠᠭᠰᠠᠨ ᠪᠢᠯᠡ᠃ ᠢᠷᠭᠡᠨ ᠤᠯᠤᠰ ᠤ᠋ᠨ ᠵᠠᠰᠠᠭ ᠤ᠋ᠨ ᠣᠷᠳᠣᠨ ᠡᠨᠡ ᠬᠦ᠌ ᠠᠶᠤᠯ ᠲᠦᠭᠰᠢᠭᠦᠷᠢᠲᠦ ᠪᠠᠢᠳᠠᠯ ᠢ᠋ ᠡᠷᠲᠡ ᠨᠢᠭᠡᠨ ᠡᠳᠦᠷ ᠤᠬᠠᠭᠠᠷᠠᠨ᠂ ᠲᠠᠯ᠎ᠠ ᠨᠤᠲᠤᠭ ᠤ᠋ᠨ ᠠᠷᠠᠳ ᠲᠦᠮᠡᠨ ᠳ᠋ᠦ᠍ ᠥᠪᠡᠷᠲᠡᠭᠡᠨ ᠵᠠᠰᠠᠬᠤ ᠡᠷᠬᠡ ᠲᠡᠢ ᠪᠣᠯᠬᠤ ᠳ᠋ᠤᠨᠢ ᠲᠤᠰᠠ ᠪᠣᠯᠵᠤ ᠂ ᠡᠴᠦᠰ ᠲᠡᠭᠡᠨ ᠲᠠᠯ᠎ᠠ ᠨᠤᠲᠤᠭ ᠤ᠋ᠨ ᠠᠷᠠᠳ ᠲᠦᠮᠡᠨ ᠦ᠌ ᠲᠡᠦᠬᠡᠨ ᠳᠡᠭᠡᠷᠡᠬᠢ ᠬᠣᠶᠠᠷ ᠦᠨᠳᠦᠰᠦᠲᠡᠨ ᠦ᠌ ᠬᠠᠷᠢᠯᠴᠠᠨ ᠢᠲᠡᠭᠡᠯᠴᠡᠯ ᠢ᠋ ᠪᠣᠢ ᠪᠣᠯᠭᠠᠬᠤ ᠶ᠋ᠢ ᠲᠡᠳᠡ ᠴᠢᠩ ᠰᠡᠳᠬᠢᠯ ᠡᠴᠡ ᠪᠡᠨ ᠬᠦᠰᠡᠨ ᠪᠠᠷᠠᠯᠠᠵᠤ ᠪᠠᠢᠭᠰᠠᠨ ᠶᠤᠮ᠃ ᠨᠠᠨᠵᠢᠩ ᠤ᠋ᠨ ᠵᠠᠰᠠᠭ ᠤ᠋ᠨ ᠣᠷᠳᠣᠨ ᠨᠢ ᠬᠡᠳᠦᠢᠪᠡᠷ ᠡᠳᠦᠢ ᠲᠡᠳᠦᠢ ᠠᠮᠠᠯᠠᠯᠲᠠ ᠬᠢᠭᠰᠡᠨ ᠪᠣᠯᠪᠠᠴᠤ ᠵᠠᠪᠠᠯ ᠤᠷᠢᠳ ᠢ᠋ᠶ᠋ᠠᠷ ᠪᠦᠬᠦ ᠳᠤᠮᠳᠠᠳᠤ ᠶ᠋ᠢᠨ ᠨᠤᠲᠤᠭ ᠳᠡᠪᠢᠰᠬᠡᠷ ᠨᠢᠭᠡᠳᠦᠭᠰᠡᠨ ᠨᠥᠬᠥᠴᠡᠯ ᠳᠣᠣᠷ᠎ᠠ ᠰᠠᠶᠢ ᠥᠪᠡᠷᠲᠡᠭᠡᠨ ᠵᠠᠰᠠᠬᠤ ᠠᠰᠠᠭᠤᠳᠠᠯ ᠢ᠋ ᠪᠣᠳᠣᠯᠬᠢᠯᠠᠨ᠎ᠠ ᠭᠡᠮᠡᠨ ᠶᠠᠷᠢᠭᠰᠠᠨ ᠠᠵᠢ᠃ ᠢᠷᠭᠡᠨ ᠤᠯᠤᠰ ᠤ᠋ᠨ ᠵᠠᠰᠠᠭ ᠤ᠋ᠨ ᠣᠷᠳᠣᠨ ᠤ᠋ ᠡᠨᠡ ᠬᠦ᠌ ᠴᠢᠩᠭ᠎ᠠ ᠬᠠᠲᠠᠭᠤ ᠣᠪᠣᠷ ᠨᠢ ᠮᠣᠩᠭᠣᠯᠴᠤᠳ ᠲᠤ᠌ ᠠᠪᠴᠤ ᠬᠡᠯᠡᠪᠡᠯ ᠬᠦᠨᠳᠦ ᠬᠡᠴᠡᠭᠦᠦ ᠴᠣᠬᠢᠯᠲᠠ ᠪᠣᠯᠵᠤ ᠂ 1946 ᠣᠨ ᠪᠠ 1947 ᠣᠨ ᠳ᠋ᠤ᠌ ᠢᠷᠭᠡᠨ ᠤᠯᠤᠰ ᠤ᠋ᠨ ᠵᠠᠰᠠᠭ ᠤ᠋ᠨ ᠪᠠᠢᠭᠤᠯᠭ᠎ᠠ ᠡᠨᠡ ᠲᠠᠯ᠎ᠠ ᠪᠠᠷ ᠵᠠᠷᠴᠢᠮ ᠲᠣᠭᠲᠠᠭᠠᠯ ᠭᠠᠷᠭᠠᠭ᠎ᠠ ᠦᠭᠡᠢ ᠬᠡᠮᠡᠬᠦ ᠦᠷ᠎ᠡ ᠳ᠋ᠦᠩ ᠳ᠋ᠦ᠍ ᠬᠦᠷᠭᠡᠭᠰᠡᠨ ᠪᠢᠯᠡ᠃ ᠵᠥᠪᠯᠡᠯᠲᠦ ᠬᠣᠯᠪᠣᠭᠠᠲᠤ ᠤᠯᠤᠰ ᠤ᠋ᠨ ᠴᠡᠷᠢᠭ ᠠᠩᠭᠢ ᠤᠬᠤᠷᠢᠨ ᠭᠠᠷᠤᠭᠰᠠᠨ ᠤ᠋ ᠳᠠᠷᠠᠭ᠎ᠠ ᠠᠷᠤ ᠮᠣᠩᠭᠣᠯ ᠤ᠋ᠨ ᠲᠥᠯᠥᠭᠡᠯᠡᠭᠴᠢ ᠨᠠᠷ ᠥᠪᠥᠷ ᠮᠣᠩᠭᠣᠯ ᠳ᠋ᠤ᠌ ᠬᠣᠶᠠᠷ ᠮᠣᠩᠭᠣᠯ ᠤ᠋ᠨ ᠨᠢᠭᠡᠳᠦᠯ ᠦ᠋ᠨ ᠵᠠᠮ ᠱᠤᠭᠤᠮ ᠢ᠋ ᠡᠷᠢᠯᠬᠢᠯᠡᠵᠦ ᠪᠠᠢᠬᠤ ᠦᠶ᠎ᠡ ᠪᠡᠷ ᠳᠤᠮᠳᠠᠳᠤ ᠤᠯᠤᠰ ᠤ᠋ᠨ ᠺᠣᠮᠮᠤᠨᠢᠰᠲ ᠨᠠᠮ ᠤ᠋ᠨ ᠬᠢᠨ ᠲᠡᠨᠳᠡ ᠥᠪᠡᠷᠲᠡᠭᠡᠨ ᠵᠠᠰᠠᠬᠤ ᠬᠡᠮᠡᠬᠦ ᠨᠡᠷ᠎ᠡ ᠪᠦᠬᠦᠢ ᠵᠠᠰᠠᠭ ᠤ᠋ᠨ ᠡᠷᠬᠡ ᠶ᠋ᠢ ᠪᠠᠢᠭᠤᠯᠤᠭᠰᠠᠨ ᠪᠠᠢᠳᠠᠭ᠃ ᠣᠷᠣᠰ ᠤ᠋ᠨ ᠺᠣᠮᠮᠤᠨᠢᠰᠲ ᠦᠵᠡᠯ ᠪᠣᠳᠣᠯ ᠴᠤ᠌ ᠲᠡᠷᠡ᠂ ᠳᠤᠮᠳᠠᠳᠤ ᠤᠯᠤᠰ ᠤ᠋ᠨ ᠬᠢ ᠴᠦ᠍ ᠲᠡᠷᠡ᠂ ᠮᠣᠩᠭᠣᠯᠴᠤᠳ ᠲᠤ᠌ ᠠᠪᠴᠤ ᠬᠡᠯᠡᠪᠡᠯ ᠪᠦᠭᠦᠳᠡ ᠯᠡ ᠬᠠᠷᠢ ᠭᠠᠳᠠᠨ᠎ᠠ ᠶ᠋ᠢᠨ ᠬᠢ ᠪᠥᠭᠡᠳ ᠲᠡᠳᠡᠨ ᠳ᠋ᠦ᠍ ᠣᠢᠯᠠᠭᠠᠭᠳᠠᠰᠢ ᠦᠭᠡᠢ ᠪᠠᠢᠭᠰᠠᠨ ᠶᠤᠮ᠃ ᠴᠠᠭᠠᠨ ᠬᠡᠷᠡᠮ ᠡᠴᠡ ᠤᠮᠠᠷᠠᠰᠢᠬᠢ ᠣᠷᠣᠨ ᠤ᠋ ᠪᠦᠷᠢᠮᠦᠰᠦᠨ ᠨᠢᠭᠡᠳᠦᠯ ᠦ᠋ᠨ ᠲᠤᠬᠠᠢ ᠵᠥᠩᠨᠡᠯ ᠨᠢ ᠵᠠᠯᠠᠭᠤ ᠨᠢᠭᠡ ᠦᠶ᠎ᠡ ᠶ᠋ᠢᠨ ᠮᠣᠩᠭᠣᠯᠴᠤᠳ ᠲᠤ᠌ ᠠᠪᠴᠤ ᠬᠡᠯᠡᠪᠡᠯ ᠰᠡᠳᠬᠢᠯ ᠢ᠋ ᠨᠢ ᠲᠠᠲᠠᠵᠤ ᠴᠢᠰᠤ ᠶ᠋ᠢ ᠨᠢ ᠣᠷᠭᠢᠯᠤᠭᠤᠯᠬᠤ ᠵᠦᠢᠯ ᠪᠠᠢᠵᠤ᠂ ᠡᠭᠦᠨ ᠢ᠋ᠶ᠋ᠡᠨ ᠮᠣᠩᠭᠣᠯᠴᠤᠳ ᠡᠪᠦᠭᠡ ᠳᠡᠭᠡᠳᠦᠰ ᠦ᠋ᠨ ᠢ᠋ᠶ᠋ᠡᠨ ᠣᠯᠠᠨ ᠵᠢᠯ ᠦ᠋ᠨ ᠬᠦᠰᠡᠯ ᠮᠥᠷᠥᠭᠡᠳᠦᠯ ᠦ᠋ᠨ ᠪᠡᠶᠡᠯᠡᠭᠳᠡᠯ᠂ ᠡᠷᠲᠡ ᠦᠶ᠎ᠡ ᠶ᠋ᠢᠨ ᠴᠢᠩᠭᠢᠰ ᠬᠠᠭᠠᠨ ᠤ᠋ ᠬᠦᠴᠦᠷᠬᠡᠭ ᠲᠥᠷᠥ ᠵᠠᠰᠠᠭ ᠤ᠋ᠨ ᠰᠡᠷᠭᠦᠨ ᠮᠠᠨᠳᠤᠯᠲᠠ ᠭᠡᠮᠡᠨ ᠢᠲᠡᠭᠡᠵᠦ ᠪᠠᠢᠭᠰᠠᠨ ᠶᠤᠮ᠃ ᠣᠷᠣᠰᠴᠤᠳ ᠯᠤᠭ᠎ᠠ ᠶ᠋ᠢᠨ ᠬᠠᠷᠢᠯᠴᠠᠭ᠎ᠠ ᠶᠠᠪᠤᠯᠴᠠᠭ᠎ᠠ ᠵᠢᠴᠢ ᠲᠡᠨᠳᠡ ᠡᠴᠡ ᠣᠯᠤᠭᠰᠠᠨ ᠲᠤᠷᠰᠢᠯᠭ᠎ᠠ ᠰᠤᠷᠭᠠᠮᠵᠢ ᠡᠴᠡ ᠪᠡᠨ ᠪᠣᠯᠵᠤ ᠮᠣᠩᠭᠣᠯᠴᠤᠳ ᠬᠣᠢᠲᠤ ᠬᠦᠷᠰᠢ ᠡᠴᠡ ᠭᠡᠲᠡᠯᠬᠢᠯᠡᠬᠦ ᠠᠶᠤᠯ ᠲᠦᠭᠰᠢᠭᠦᠷᠢ ᠡᠴᠡ ᠨᠢᠭᠡᠨᠲᠡ ᠵᠢᠷᠦᠬᠡ ᠲᠦᠭᠰᠢᠬᠦ ᠪᠣᠯᠤᠭᠰᠠᠨ ᠪᠣᠯᠬᠣᠷ ᠳᠤᠮᠳᠠᠳᠤ ᠤᠯᠤᠰ ᠤ᠋ᠨ ᠺᠣᠮᠮᠤᠨᠢᠰᠲ ᠨᠠᠮᠲᠠᠳ ᠲᠤ᠌ ᠠᠪᠴᠤ ᠬᠡᠯᠡᠪᠡᠯ ᠥᠪᠥᠷ ᠮᠣᠩᠭᠣᠯ ᠨᠢ ᠴᠢᠯᠥᠭᠡᠯᠡᠯᠲᠡ ᠪᠡᠨ ᠤᠭᠲᠤᠬᠤ ᠪᠣᠯᠣᠮᠵᠢᠲᠠᠢ ᠪᠣᠯᠤᠭᠰᠠᠨ ᠶᠤᠮ᠃ 
       ᠺᠣᠮᠮᠤᠨᠢᠰᠲ ᠦᠵᠡᠯ ᠰᠤᠷᠲᠠᠯ ᠲᠠᠢ ᠮᠣᠩᠭᠣᠯ ᠤᠯᠤᠰ ᠡᠮᠦᠨᠡᠬᠡᠨ ᠨᠢᠭᠡᠨᠲᠡ ᠪᠠᠢᠭᠤᠯᠤᠭᠳᠠᠭᠰᠠᠨ ᠪᠥᠭᠡᠳ ᠵᠡᠭᠦᠨ ᠮᠣᠩᠭᠣᠯ ᠤ᠋ᠨ ᠬᠡᠰᠡᠭ ᠴᠢᠭᠤᠯᠭᠠᠨ ᠬᠣᠰᠢᠭᠤᠳ ᠬᠣᠯᠪᠣᠭᠠᠯᠠᠨ ᠮᠣᠰᠺᠸᠠ ᠳ᠋ᠤ᠌ ᠰᠤᠷᠤᠯᠴᠠᠵᠤ ᠥᠩᠭᠡᠷᠡᠭᠰᠡᠨ ᠨᠢᠭᠡᠨ ᠮᠣᠩᠭᠣᠯ ᠢ᠋ᠶ᠋ᠠᠷ ᠲᠣᠯᠣᠭᠠᠢᠯᠠᠭᠤᠯᠤᠭᠰᠠᠨ ᠥᠪᠡᠷᠲᠡᠭᠡᠨ ᠵᠠᠰᠠᠬᠤ ᠬᠣᠯᠪᠣᠭ᠎ᠠ ᠶ᠋ᠢ ᠪᠠᠢᠭᠤᠯᠵᠠᠢ᠃ ᠸᠠᠩ ᠤ᠋ᠨ ᠰᠦᠮ᠎ᠡ ᠳ᠋ᠦ᠍ ᠵᠡᠭᠦᠨ ᠮᠣᠩᠭᠣᠯ ᠤ᠋ᠨ ᠰᠢᠨ᠎ᠡ ᠵᠠᠰᠠᠭ ᠤ᠋ᠨ ᠣᠷᠳᠣᠨ ᠪᠠᠢᠭᠤᠯᠤᠭᠳᠠᠭᠰᠠᠨ ᠤ᠋ ᠳᠠᠷᠠᠭ᠎ᠠ ᠲᠣᠭᠠᠯᠠᠰᠢ ᠦᠭᠡᠢ ᠲᠥᠯᠥᠭᠡᠯᠡᠭᠴᠢ ᠬᠥᠮᠦᠨ ᠢ᠋ᠶ᠋ᠡᠨ ᠥᠪᠥᠷ ᠮᠣᠩᠭᠣᠯ ᠤ᠋ᠨ ᠪᠠᠷᠠᠭᠤᠨ ᠬᠡᠰᠡᠭ ᠣᠷᠣᠨ ᠳ᠋ᠤ᠌ ᠲᠣᠮᠢᠯᠠᠨ ᠣᠴᠢᠭᠤᠯᠵᠤ᠂ ᠲᠡᠨᠳᠡᠬᠢ ᠨᠡᠭᠦᠳᠡᠯᠴᠢᠳ ᠦ᠋ᠨ ᠤᠯᠤᠰ ᠲᠥᠷᠥ ᠶ᠋ᠢᠨ ᠲᠠᠯ᠎ᠠ ᠪᠠᠷ ᠬᠢ ᠦᠵᠡᠯ ᠲᠠᠨᠢᠯᠲᠠ ᠳᠤᠲᠠᠮᠠᠭ ᠪᠠᠢᠭ᠎ᠠ ᠪᠠᠢᠳᠠᠯ ᠢ᠋ ᠥᠭᠡᠷᠡᠴᠢᠯᠡᠬᠦ ᠲᠠᠯ᠎ᠠ ᠪᠠᠷ ᠢᠳᠡᠪᠬᠢᠲᠡᠢ ᠠᠵᠢᠯᠯᠠᠭ᠎ᠠ ᠠᠪᠴᠠᠢ᠃ ᠁ 
       ᠮᠣᠩᠭᠣᠯᠴᠤᠳ ᠤ᠋ᠨ ᠥᠴᠦᠬᠡᠨ ᠴᠦ᠍ ᠳᠠᠷᠤᠯᠲᠠ ᠦᠭᠡᠢ ᠴᠢᠯᠥᠭᠡᠲᠦ ᠠᠮᠢᠳᠤᠷᠠᠯ᠂ ᠪᠠᠶᠠᠷ ᠪᠠᠶᠠᠰᠤᠯ ᠪᠠ ᠳᠠᠷᠠᠭᠠᠴᠢ ᠶ᠋ᠢᠨ ᠨᠢᠭᠤᠷ ᠤ᠋ᠳ ᠲᠤ᠌ ᠪᠢᠴᠢᠭᠳᠡᠬᠦ ᠵᠣᠴᠢᠨᠰᠠᠭ ᠵᠠᠩ ᠠᠭᠠᠯᠢ ᠨᠢ ᠥᠩᠭᠡᠷᠡᠭᠰᠡᠨ ᠲᠡᠦᠬᠡ ᠪᠣᠯᠵᠤ ᠦᠯᠡᠳᠡᠵᠡᠢ᠃ ᠬᠠᠷᠢᠨ ᠲᠡᠭᠦᠨ ᠦ᠌ ᠣᠷᠣᠨ ᠳ᠋ᠤ᠌ ᠰᠡᠵᠢᠭᠯᠡᠯ ᠬᠠᠷᠠᠳᠠᠯ ᠭᠠᠵᠠᠷ ᠠᠪᠤᠨ ᠳᠡᠯᠭᠡᠷᠡᠵᠦ᠂ ᠥᠪᠡᠷ ᠢ᠋ᠶ᠋ᠡᠨ ᠴᠦ᠍ ᠮᠠᠲᠠᠯ ᠦᠭᠡᠢ ᠪᠡᠷ ᠳᠡᠯᠡᠬᠡᠢ ᠶ᠋ᠢᠨ ᠣᠯᠠᠨ ᠤᠯᠤᠰ ᠦᠨᠳᠦᠰᠦᠲᠡᠨ ᠦ᠌ ᠬᠥᠭᠵᠢᠯ ᠬᠤᠪᠢᠷᠠᠯ ᠤ᠋ᠨ ᠳᠠᠪᠠᠯᠭᠠᠨ ᠳ᠋ᠤ᠌ ᠬᠠᠮᠤᠷᠤᠭᠳᠠᠭᠰᠠᠨ ᠡᠨᠡ ᠬᠦ᠌ ᠦᠨᠳᠦᠰᠦᠲᠡᠨ ᠦ᠌ ᠰᠦᠭ ᠰᠦᠨᠡᠰᠦ᠂ ᠤᠤᠭᠠᠯ ᠴᠢᠨᠠᠷ ᠢ᠋ ᠨᠢ ᠮᠠᠷᠠᠨ ᠬᠡᠮᠢᠯᠡᠵᠦ ᠡᠬᠢᠯᠡᠭᠰᠡᠨ ᠪᠢᠯᠡ᠃  
       ᠠᠩᠬᠠᠳᠠᠭᠴᠢ ᠤᠳᠠᠭ᠎ᠠ ᠮᠣᠩᠭᠣᠯᠴᠤᠳ ᠲᠠᠢ ᠠᠭᠤᠯᠵᠠᠭᠰᠠᠨ ᠮᠠᠨᠢ 1928 ᠣᠨ ᠤ᠋ ᠠᠷᠪᠠᠨ ᠨᠢᠭᠡᠳᠦᠭᠡᠷ ᠰᠠᠷ᠎ᠠ ᠶ᠋ᠢᠨ ᠨᠢᠭᠡᠨ ᠬᠦᠢᠲᠡᠨ ᠡᠳᠦᠷ ᠪᠠᠢᠵᠢ ᠪᠢᠯᠡ᠃ ᠲᠡᠷᠡ ᠡᠳᠦᠷ ᠦ᠋ᠨ ᠦᠳᠡ ᠶ᠋ᠢᠨ ᠡᠮᠦᠨ᠎ᠡ ᠲᠦᠷᠺᠰᠲ᠋ᠠᠨ ᠤ᠋ ᠠᠷᠠᠯᠵᠢᠶᠠᠨ ᠤ᠋ ᠬᠣᠲᠠ ᠺᠠᠱᠠᠭᠠᠷ ᠨᠠᠷᠢᠬᠠᠨ ᠭᠤᠳᠤᠮᠵᠢ ᠪᠠᠷ ᠨᠠᠢᠵᠠ ᠠᠪᠳᠤᠯ ᠷᠠᡁᠢ᠍ᠮ ᠤ᠋ᠨ ᠢ᠋ᠶ᠋ᠠᠨ ᠳᠡᠯᠭᠡᠭᠦᠷ ᠲᠦ᠍ ᠶᠠᠪᠤᠭᠠᠳ ᠬᠦᠷᠬᠦ ᠳ᠋ᠦ᠍ ᠬᠦᠷᠡᠩ ᠲᠡᠷᠯᠢᠭ ᠲᠡᠢ᠂ ᠨᠠᠷᠠᠨ ᠳ᠋ᠤ᠌ ᠪᠣᠷᠣᠯᠠᠭᠰᠠᠨ ᠬᠠᠷ᠎ᠠ ᠪᠣᠷᠣ ᠴᠢᠷᠠᠢ ᠲᠠᠢ᠂ ᠢᠨᠢᠶᠡᠮᠰᠦᠭᠯᠡᠯ ᠲᠣᠳᠣᠷᠠᠭᠤᠯᠤᠭᠰᠠᠨ ᠨᠢᠳᠦ ᠲᠡᠢ᠂ ᠲᠣᠯᠣᠭᠠᠢ ᠳ᠋ᠠᠭᠠᠨ ᠠᠷᠠᠰᠤᠨ ᠬᠥᠪᠡᠭᠡ ᠲᠡᠢ ᠵᠢᠵᠢᠭᠬᠡᠨ ᠮᠠᠯᠠᠭᠠᠢ ᠳᠠᠷᠤᠭᠰᠠᠨ ᠵᠢᠷᠭᠤᠭᠠᠨ ᠡᠷ᠎ᠡ ᠶ᠋ᠢᠨ ᠪᠠᠷᠠᠭ᠎ᠠ ᠬᠠᠷᠠᠵᠤ ᠪᠠᠢᠭ᠎ᠠ ᠲᠠᠢ ᠨᠢ ᠲᠠᠭᠠᠷᠠᠯᠳᠤᠭᠰᠠᠨ ᠶᠤᠮ᠃
       — ᠰᠡᠯᠡᠮ ᠠᠯᠠᠢᠺᠣᠮ᠂ ᠰᠠᠬᠢᠪ ᠰᠡᠯᠡᠮ ! ᠭᠡᠮᠡᠨ ᠡᠨᠡᠳᠬᠡᠭ ᠦ᠋ᠨ ᠠᠷᠠᠯᠵᠢᠶᠠᠴᠢᠨ ᠨᠠᠳᠠ ᠲᠠᠢ ᠮᠡᠨᠳᠦᠯᠡᠭᠡᠳ ᠨᠢᠭᠡ ᠴᠣᠮᠣ ᠴᠠᠢ ᠬᠢᠵᠦ ᠥᠭᠪᠡ᠃ ᠡᠨᠡ ᠦᠶ᠎ᠡ ᠪᠡᠷ ᠪᠠᠷᠤᠭ ᠵᠣᠴᠢᠨ ᠦᠭᠡᠢ ᠬᠣᠭᠣᠰᠣᠨ ᠪᠠᠢᠳᠠᠭ ᠳᠡᠯᠭᠡᠭᠦᠷ ᠲᠦ᠍ ᠢᠷᠡᠭᠰᠡᠨ ᠲᠠᠨᠢᠯ ᠪᠤᠰᠤ ᠬᠥᠮᠦᠰ ᠢ᠋ ᠪᠢ ᠭᠠᠢᠬᠠᠨ ᠬᠠᠷᠠᠪᠠ᠃ 
       — ᠡᠢᠮᠦ ᠡᠷᠲᠡ ᠪᠡᠷ ᠵᠢᠷᠭᠤᠭᠠᠨ ᠬᠤᠳᠠᠯᠳᠤᠨ ᠠᠪᠤᠭᠴᠢ ᠬᠦᠷᠦᠭᠡᠳ ᠢᠷᠡᠵᠡᠢ᠂ ᠥᠨᠥᠳᠥᠷ ᠦ᠋ᠨ ᠠᠷᠠᠯᠵᠢᠶ᠎ᠠ ᠴᠤ᠌ ᠰᠠᠢᠬᠠᠨ ᠡᠬᠢᠯᠡᠵᠡᠢ ᠳᠡ ᠭᠡᠵᠦ ᠪᠢ ᠶᠠᠷᠢᠶ᠎ᠠ ᠪᠠᠨ ᠡᠬᠢᠯᠡᠭᠦᠯᠦᠯ᠎ᠡ᠃ 
       — ᠠᠯᠯᠾᠠ ᠶ᠋ᠢᠨ ᠥᠷᠥᠰᠢᠶᠡᠯ ᠢ᠋ᠶ᠋ᠡᠷ ᠴᠢᠮ᠎ᠠ ᠳ᠋ᠤ᠌ ᠵᠥᠪ ᠢ᠋ ᠥᠭᠭᠦᠶ᠎ᠡ ᠳᠡ᠃ ᠭᠡᠬᠦ ᠳ᠋ᠦ᠍ ᠡᠳᠡᠭᠡᠷ ᠲᠠᠨᠢᠯ ᠪᠤᠰᠤ ᠬᠥᠮᠦᠰ ᠴᠢᠨᠢ ᠵᠥᠪᠬᠡᠨ ᠴᠢᠨᠦ ᠪᠠᠷᠠᠭ᠎ᠠ ᠶ᠋ᠢ ᠰᠣᠨᠢᠷᠬᠠᠵᠤ ᠪᠠᠢᠭ᠎ᠠ ᠯᠠ ᠲᠡᠳᠦᠢ ᠂ ᠪᠦᠬᠦ ᠶᠠᠭᠤᠮᠠᠨ ᠳ᠋ᠤ᠌ ᠭᠠᠷ ᠬᠦᠷᠴᠦ ᠦᠵᠡᠭᠡᠳ ᠰᠣᠨᠢᠷᠬᠠᠯ ᠢ᠋ᠶ᠋ᠠᠨ ᠬᠠᠩᠭᠠᠮᠠᠭᠴᠠ ᠡᠨᠳᠡ ᠡᠴᠡ ᠶᠠᠪᠤᠬᠤ ᠪᠣᠯᠤᠨ᠎ᠠ᠃ 
       — ᠲᠠᠨᠢᠬᠤ ᠦᠭᠡᠢ ᠬᠥᠮᠦᠨ ᠦᠨᠡᠨ ᠦᠭᠡ ᠬᠡᠯᠡᠨ᠎ᠡ ᠭᠡᠳᠡᠭ ᠪᠢᠰᠢ ᠤᠤ᠂ ᠡᠳᠡᠨ ᠦ᠌ ᠨᠤᠲᠤᠭ ᠭᠡᠵᠦ ᠦᠵᠡᠰᠬᠦᠯᠡᠩᠲᠦ ᠰᠠᠢᠬᠠᠨ ᠺᠠᠱᠠᠭᠠᠷ ᠠ᠋ᠴᠠ ᠶᠡᠬᠡ ᠬᠣᠯᠠ ᠪᠠᠢᠭ᠎ᠠ ᠪᠠᠢᠬ᠎ᠠ ᠳᠠ᠃ ᠪᠢ ᠶᠡᠷᠦ ᠡᠴᠡ ᠡᠢᠮᠦ ᠬᠥᠮᠦᠰ ᠢ᠋ ᠬᠠᠷᠠᠭ᠎ᠠ ᠦᠭᠡᠢ ᠪᠠᠢᠨ᠎ᠠ᠃ ᠪᠢ ᠴᠦ᠍ ᠶᠣᠰᠣᠲᠠᠢ ᠶᠠᠭᠤᠮ᠎ᠠ ᠮᠡᠳᠡᠬᠦ ᠦᠭᠡᠢ ᠨᠢᠭᠡᠨ ᠰᠢᠦ᠃ 
       — ᠴᠢ ᠮᠡᠳᠡᠯᠭᠡ ᠦᠭᠡᠢ ᠭᠡᠵᠦ ᠢᠴᠢᠬᠦ ᠬᠡᠷᠡᠭ ᠦᠭᠡᠢ ᠠ᠋᠃ ᠲᠡᠳᠡ ᠠᠳᠠ ᠪᠠᠷᠤᠭ ᠯᠠ ᠢᠷᠡᠳᠡᠭ ᠦᠭᠡᠢ ᠶᠦᠮ᠃ ᠲᠡᠳᠡ ᠪᠣᠯ ᠮᠣᠩᠭᠣᠯᠴᠤᠳ᠂  ᠭᠣᠪᠢ ᠶ᠋ᠢᠨ ᠴᠠᠭᠠᠳᠤ ᠲᠠᠯ᠎ᠠ ᠳ᠋ᠤ᠌ ᠠᠮᠢᠳᠤᠷᠠᠳᠠᠭ ᠶᠤᠮ ᠭᠡᠵᠦ ᠨᠠᠳᠠ ᠳ᠋ᠤ᠌ ᠬᠡᠯᠡᠭᠡᠳ ᠴᠠᠢ ᠶ᠋ᠢ ᠮᠢᠨᠢ ᠳᠦᠭᠦᠷᠭᠡᠵᠦ ᠥᠭᠭᠦᠭᠡᠳ ᠠᠬᠢᠨ ᠴᠠᠭᠠᠰᠢ ᠪᠠᠨ ᠲᠦᠷᠺ ᠬᠡᠯᠡ ᠪᠠᠭ᠎ᠠ ᠰᠠᠭ᠎ᠠ ᠬᠡᠯᠡᠳᠡᠭ ᠨᠢᠭᠡ ᠡᠷ᠎ᠡ ᠳ᠋ᠦ᠍ᠨᠢ ᠬᠠᠨᠳᠤᠨ᠄ 
       — ᠲᠠ ᠨᠠᠷ ᠠᠳᠠ ᠢᠷᠡᠲᠡᠯ᠎ᠡ ᠬᠡᠳᠦᠢ ᠬᠣᠯᠠ ᠶᠠᠪᠤᠪᠠ ᠳᠠ? ᠭᠡᠮᠡᠨ ᠠᠰᠠᠭᠤᠯ᠎ᠠ᠃ 
       — ᠨᠠᠢ᠍ᠮᠠᠨ ᠮᠢᠩᠭᠠᠨ ᠭᠠᠵᠠᠷ᠃ ᠲᠦᠮᠡᠨ ᠭᠠᠵᠠᠷ ᠴᠤ᠌ ᠪᠠᠢᠵᠤ ᠮᠡᠳᠡᠬᠦ ᠶᠦᠮ᠃ ᠪᠢ ᠲᠡᠭᠦᠨ ᠢ᠋ ᠲᠣᠭᠠᠯᠠᠭᠰᠠᠨ ᠦᠭᠡᠢ ᠭᠡᠵᠦ ᠲᠡᠷᠡ ᠮᠣᠩᠭᠣᠯ ᠬᠠᠷᠢᠭᠤᠯᠪᠠ᠃ 
       — ᠲᠠᠨ ᠤ᠋ ᠨᠤᠲᠤᠭ ᠴᠢᠨᠢ ᠲᠡᠭᠡᠭᠡᠳ ᠶᠠᠮᠠᠷ ᠶᠠᠩᠵᠤ ᠲᠠᠢ ᠪᠣᠢ?  ᠭᠡᠮᠡᠨ ᠪᠢ ᠠᠰᠠᠭᠤᠭᠠᠳ ᠲᠡᠭᠦᠨ ᠦ᠌ ᠬᠠᠷᠢᠭᠤᠯᠲᠠ ᠳ᠋ᠠᠭᠠᠨ ᠲᠦᠭᠳᠡᠷᠡᠵᠦ ᠪᠠᠢᠬᠤ ᠬᠣᠭᠣᠷᠣᠨᠳᠣ ᠵᠠᠯᠭᠠᠵᠤ ᠳᠦᠷᠺᠡᠰᠲ᠋ᠠᠨ᠂ ᠺᠠᠱᠠᠭᠠᠷ ᠲᠠᠢ ᠠᠳᠠᠯᠢ ᠤᠤ? ᠭᠡᠮᠡᠨ ᠠᠰᠠᠭᠤᠪᠠ᠃ 
       — ᠶᠠᠭ ᠥᠭᠡᠷ᠎ᠡ ᠠ᠋᠃ 
       — ᠶᠠᠷᠢᠭᠠᠴᠢ ᠳᠠ᠂ ᠲᠡᠭᠡᠪᠡᠯ ᠶᠠᠮᠠᠷ ᠪᠣᠢ? 
       — ᠪᠠᠢᠰᠢᠩ ᠦᠭᠡᠢ᠂ ᠢᠪᠴᠤᠬᠠᠨ ᠭᠤᠳᠤᠮᠵᠢ ᠭᠡᠵᠦ ᠦᠭᠡᠢ᠃ ᠲᠡᠮᠡᠭᠡ᠂ ᠦᠬᠡᠷ᠂ ᠬᠣᠨᠢᠨ ᠰᠦᠷᠦᠭ ᠪᠡᠯᠴᠢᠭᠰᠡᠨ ᠬᠠᠷᠠᠭ᠎ᠠ ᠮᠣᠬᠣᠭᠣᠮ᠎ᠠ ᠰᠠᠢᠬᠠᠨ ᠲᠠᠯ᠎ᠠ ᠰᠢᠦ᠃ 
       — ᠳᠦᠷᠢᠺᠰᠲ᠋ᠠᠨ ᠠ᠋ᠴᠠ ᠰᠠᠢᠬᠠᠨ ᠭᠡᠵᠢ ᠤᠤ? 
       — ᠲᠡᠢᠮᠦ ᠠ᠋᠂ ᠮᠢᠩᠭ᠎ᠠ ᠳᠠᠬᠢᠨ ᠭᠣᠶᠣ᠂ ᠳᠡᠯᠡᠬᠡᠢ ᠳᠡᠭᠡᠷᠡᠬᠢ ᠬᠠᠮᠤᠭ ᠤ᠋ᠨ ᠰᠠᠢᠬᠠᠨ ᠤᠯᠤᠰ ᠭᠡᠵᠦ ᠲᠡᠨᠳᠡ ᠪᠣᠢ ᠰᠢᠦ ᠳᠡ᠃ 
       — ᠲᠡᠭᠡᠭᠡᠳ ᠬᠡᠨ ᠨᠢ ᠲᠠ ᠨᠠᠷ ᠤ᠋ᠨ ᠬᠠᠭᠠᠨ ᠡᠵᠡᠨ ᠨᠢ ᠪᠣᠯᠪᠠ ? 
       — ᠪᠣᠭᠳᠠ ᠴᠢᠩᠭᠢᠰ ᠬᠠᠭᠠᠨ ᠭᠡᠮᠡᠨ ᠥᠴᠦᠬᠡᠨ ᠴᠦ᠍ ᠲᠦᠭᠳᠡᠷᠡᠯ ᠦᠭᠡᠢ ᠬᠠᠷᠢᠭᠤᠯᠪᠠ᠃ 
       ᠨᠢᠭᠡᠨ ᠰᠢᠨ᠎ᠡ ᠶᠢᠷᠲᠢᠨᠴᠦ ᠮᠢᠨᠦ ᠨᠢᠳᠦᠨ ᠡᠮᠦᠨ᠎ᠡ ᠳᠡᠯᠭᠡᠭᠳᠡᠪᠡ᠃ ᠪᠢ ᠡᠨᠡ ᠬᠦ᠌ ᠳᠡᠯᠡᠬᠡᠢ ᠳᠡᠭᠡᠷᠡᠬᠢ ᠬᠠᠮᠤᠭ ᠤ᠋ᠨ ᠭᠣᠶᠣ ᠨᠤᠲᠤᠭ ᠢ᠋ ᠳᠣᠲᠣᠷ᠎ᠠ ᠪᠠᠨ ᠵᠢᠷᠤᠭᠯᠠᠵᠤ ᠡᠬᠢᠯᠡᠯ᠎ᠡ᠃ ᠥᠷᠭᠡᠨ ᠠᠭᠤᠳᠠᠮ ᠲᠠᠯ᠎ᠠ ᠨᠤᠲᠤᠭ ᠳᠡᠭᠡᠷ᠎ᠡ ᠰᠦᠷᠦᠭ ᠰᠦᠷᠦᠭ ᠲᠡᠮᠡᠭᠡ ᠠᠳᠤᠭᠤᠳ ᠪᠡᠯᠴᠢᠵᠦ᠂ ᠪᠠᠢᠰᠢᠩ ᠭᠡᠵᠦ ᠪᠠᠢᠳᠠᠭ ᠦᠭᠡᠢ᠂ ᠭᠤᠳᠤᠮᠵᠢ ᠭᠡᠵᠦ ᠪᠠᠢᠳᠠᠭ ᠦᠭᠡᠢ ᠃ ᠪᠣᠭᠳᠠ ᠴᠢᠩᠭᠢᠰ ᠬᠠᠭᠠᠨ ᠡᠳᠡᠨ ᠦ᠌ ᠬᠠᠭᠠᠨ ᠡᠵᠡᠨ ᠨᠢ ᠪᠣᠯᠤᠨ᠎ᠠ᠃ ᠴᠢᠩᠭᠢᠰ ᠬᠠᠭᠠᠨ ᠥᠭᠡᠳᠡ ᠪᠣᠯᠤᠭᠠᠳ ᠳᠣᠯᠣᠭᠠᠨ ᠵᠠᠭᠤᠨ ᠵᠢᠯ ᠪᠣᠯᠵᠤ ᠪᠣᠢ ᠪᠥᠭᠡᠳ ᠲᠡᠭᠦᠨ ᠦ᠌ ᠳᠠᠢᠴᠢᠳ ᠨᠢ ᠨᠢᠭᠡ ᠦᠶ᠎ᠡ ᠧᠦ᠋ᠷᠣᠫᠠ ᠬᠦᠷᠲᠡᠯ᠎ᠡ ᠡᠵᠡᠯᠡᠬᠦ ᠳ᠋ᠡᠭᠡᠨ ᠵᠠᠮ ᠳ᠋ᠤ᠌ ᠳᠠᠭᠠᠷᠢᠯᠳᠤᠭᠰᠠᠨ ᠪᠦᠬᠦᠨ ᠢ᠋ ᠰᠦᠢᠳᠬᠡᠯ᠎ᠡ ᠭᠡᠳᠡᠭ᠃ ᠡᠨᠡ ᠬᠥᠮᠦᠨ ᠦ᠌ ᠬᠣᠢᠴᠢᠰ ᠨᠢ ᠭᠡᠵᠦ ᠡᠢᠮᠦ ᠬᠥᠮᠦᠰ ᠪᠠᠢᠳᠠᠭ ᠶᠤᠮ ᠪᠠᠢᠨ᠎ᠠ᠃ 
       — ᠪᠢ ᠲᠠ ᠨᠠᠷ ᠢ᠋ ᠦᠵᠡᠬᠦ ᠪᠡᠷ ᠣᠴᠢᠨ᠎ᠠ ᠭᠡᠵᠦ ᠪᠢ ᠨᠡᠯᠢᠶᠡᠳ ᠤᠳᠠᠭᠰᠠᠨ ᠤ᠋ ᠬᠣᠢᠨ᠎ᠠ ᠲᠡᠳᠡᠨ ᠳ᠋ᠦ᠍ ᠬᠡᠯᠡᠬᠦ ᠳ᠋ᠦ᠍ ᠨᠢᠭᠡ ᠨᠢ ᠴᠠᠭᠠᠳᠤᠬᠢ ᠳ᠋ᠠᠭᠠᠨ ᠣᠷᠴᠢᠭᠤᠯᠵᠤ ᠥᠭᠭᠦᠭᠰᠡᠨ ᠢ᠋ᠶ᠋ᠡᠨ ᠨᠠᠭᠠᠰᠢ ᠡᠷᠭᠢᠵᠦ : 
       — ᠵᠠᠮ ᠲᠤᠩ ᠬᠣᠯᠠ ᠪᠥᠭᠡᠳ ᠶᠡᠬᠡ ᠵᠦᠳᠡᠷᠡᠯᠲᠡᠢ᠃ ᠴᠢ ᠵᠠᠪᠠᠯ ᠣᠯᠠᠨ ᠬᠣᠨᠣᠭ ᠲᠡᠮᠡᠭᠡ ᠪᠡᠷ ᠠᠶᠠᠯᠠᠨ ᠡᠯᠡᠰᠦ ᠮᠠᠩᠬ᠎ᠠ ᠶ᠋ᠢ ᠭᠡᠲᠦᠯᠦᠨ ᠭᠠᠷᠬᠤ ᠬᠡᠷᠡᠭᠲᠡᠢ᠃ ᠡᠯᠡᠰᠦᠨ ᠳ᠋ᠦ᠍ ᠬᠠᠷᠢᠨ ᠤᠰᠤ᠂ ᠠᠢᠷᠠᠭ ᠪᠤᠶᠤ ᠬᠣᠨᠢᠨ ᠰᠦᠷᠦᠭ ᠭᠡᠵᠦ ᠠᠯᠠᠭ᠎ᠠ ᠰᠢᠦ ᠭᠡᠯ᠎ᠡ᠃ 
       — ᠬᠡᠷᠪᠡ ᠪᠢ ᠲᠡᠭᠡᠭᠡᠳ ᠲᠡᠷᠡ ᠠᠭᠠᠭᠢᠮ᠎ᠠ ᠬᠠᠯᠠᠭᠤᠨ᠂ ᠲᠡᠰᠬᠢᠮ᠎ᠡ ᠬᠦᠢᠲᠡᠨ᠂ ᠥᠯᠥᠰᠬᠦ ᠤᠮᠳᠠᠭᠠᠰᠬᠤ ᠶ᠋ᠢ ᠳᠣᠭᠣᠯᠴᠢᠬᠠᠪᠠᠯ ᠶᠠᠭᠠᠬᠢᠨ᠎ᠠ ? ᠲᠡᠭᠦᠨ ᠦ᠌ ᠨᠢᠳᠦ ᠭᠢᠯᠠᠯᠵᠠᠵᠤ ᠠᠪᠤᠭᠰᠠᠨ ᠢ᠋ᠶ᠋ᠠᠨ ᠬᠠᠨᠤᠮᠵᠢᠲᠠᠢ ᠮᠥᠷᠲᠡᠭᠡᠨ ᠣᠮᠣᠭᠲᠠᠢ ᠪᠠᠷ ᠨᠠᠳᠠ ᠳ᠋ᠤ᠌ : 
       — ᠲᠡᠭᠡᠪᠡᠯ ᠴᠢ ᠦᠵᠡᠰᠬᠦᠯᠡᠩᠲᠦ ᠰᠠᠢᠬᠠᠨ ᠲᠠᠯ᠎ᠠ ᠨᠤᠲᠤᠭ ᠲᠤ᠌ ᠬᠦᠷᠴᠦ᠂ ᠮᠢᠨᠦ ᠴᠢᠮ᠎ᠠ ᠳ᠋ᠤ᠌ ᠬᠡᠯᠡᠭᠰᠡᠨ ᠵᠦᠢᠯᠡᠰ ᠢ᠋ ᠪᠦᠷ ᠦᠵᠡᠬᠦ ᠪᠣᠯᠤᠨ᠎ᠠ᠃ ᠲᠡᠭᠡᠭᠡᠳ ᠴᠦ᠍ ᠴᠢ ᠠᠬᠢᠭᠠᠳ ᠡᠨᠡ ᠳᠡᠯᠡᠬᠡᠢ ᠳᠡᠭᠡᠷ᠎ᠡ ᠪᠠᠢᠭ᠎ᠠ ᠰᠠᠭᠤᠷᠢᠰᠢᠯ ᠪᠠᠢᠰᠢᠩ ᠳ᠋ᠤ᠌ ᠪᠤᠴᠠᠨ᠎ᠠ ᠭᠡᠮᠡᠨ ᠪᠣᠳᠣᠬᠤ ᠦᠭᠡᠢ ᠪᠣᠯᠤᠨ᠎ᠠ ᠰᠢᠦ ᠭᠡᠯ᠎ᠡ᠃ 

       ᠭᠤᠷᠪᠠᠨ ᠵᠢᠯ ᠦ᠋ᠨ ᠳᠠᠷᠠᠭ᠎ᠠ ᠪᠢ ᠠᠽᠢᠶ᠎ᠠ ᠶ᠋ᠢᠨ ᠡᠬᠡ ᠬᠠᠭᠤᠷᠠᠢ ᠶ᠋ᠢᠨ ᠨᠥᠭᠦᠭᠡ ᠥᠨᠴᠥᠭ ᠲᠦ᠋ᠨᠢ ᠬᠦᠷᠴᠦ ᠢᠷᠡᠪᠡ᠃ 1931 ᠣᠨ ᠤ᠋ ᠲᠠᠪᠤᠳᠤᠭᠠᠷ ᠰᠠᠷ᠎ᠠ ᠳ᠋ᠤ᠌ ᠪᠡᠭᠡᠵᠢᠩ ᠳ᠋ᠦ᠍ ᠰᠢᠷ᠎ᠠ ᠦᠰᠦᠲᠡᠢ ᠬᠥᠭᠡᠷᠦᠬᠦᠨ ᠬᠡᠦᠬᠡᠳ ᠦ᠋ᠨ ᠴᠢᠷᠠᠢ ᠲᠠᠢ ᠥᠨᠳᠥᠷ ᠪᠡᠶ᠎ᠡ ᠲᠡᠢ ᠨᠢᠰᠬᠡᠯᠴᠢ ᠷᠠᠲ᠋ᠶᠠ ᠲᠠᠢ ᠲᠠᠨᠢᠯᠴᠠᠪᠠ᠃ ᠨᠢᠭᠡᠨ ᠡᠳᠦᠷ ᠲᠡᠷᠡ ᠰᠢᠨ᠎ᠡ ᠪᠠᠢᠭᠤᠯᠤᠭᠳᠠᠭᠰᠠᠨ《ᠧᠦ᠋ᠷᠣᠫᠠ — ᠠᠽᠢᠶ᠎ᠠ 》 ᠶ᠋ᠢᠨ ᠠᠩᠬᠠᠨ ᠤ᠋ ᠮᠠᠨᠵᠤᠤᠷ ᠲᠤ᠌ ᠬᠦᠷᠬᠦ ᠰᠢᠤᠳᠠᠨ ᠤ᠋ ᠨᠢᠰᠬᠡᠯ ᠳ᠋ᠡᠭᠡᠨ ᠬᠠᠮᠲᠤ ᠨᠢᠰᠬᠦ ᠶ᠋ᠢ ᠤᠷᠢᠪᠠ᠃ ᠳᠡᠯᠡᠬᠡᠢ ᠳᠡᠭᠡᠷᠡᠬᠢ ᠬᠠᠮᠤᠭ ᠤ᠋ᠨ ᠭᠣᠶᠣ ᠬᠡᠮᠡᠭᠳᠡᠬᠦ ᠨᠤᠲᠤᠭ ᠢ᠋ ᠲᠡᠭᠷᠢ ᠳᠡᠭᠡᠷ᠎ᠡ ᠡᠴᠡ ᠣᠯᠵᠤ ᠬᠠᠷᠠᠬᠤ ᠪᠣᠯᠤᠭᠰᠠᠨ ᠨᠢ ᠨᠠᠳᠠᠳᠤ ᠤᠳᠠᠭᠠᠨ ᠡᠳᠦᠷ ᠵᠤᠵᠠᠭᠠᠨ ᠬᠣᠨᠣᠭ ᠤ᠋ᠨ ᠵᠡᠭᠦᠳᠦ ᠪᠡᠶᠡᠯᠡᠭᠳᠡᠭᠰᠡᠨ ᠮᠡᠲᠦ ᠰᠠᠨᠠᠭᠳᠠᠪᠠ᠃ 

        ᠵᠢᠷᠤᠭ  2 

          ᠵᠢᠷᠤᠭ   3


       ᠲᠡᠨᠳᠡ ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠦᠷᠭᠦᠯᠵᠢᠯᠡᠭᠰᠡᠨ ᠲᠠᠯ᠎ᠠ ᠨᠤᠲᠤᠭ ᠪᠠᠢᠭ᠎ᠠ ᠭᠡᠵᠦ ᠺᠠᠱᠠᠭᠠᠷ ᠲᠤ᠌ ᠪᠠᠢᠬᠤ ᠳ᠋ᠠᠭᠠᠨ ᠰᠣᠨᠣᠰᠤᠭᠰᠠᠨ ᠪᠥᠯᠥᠭᠡ᠃ ᠬᠥᠮᠦᠨ ᠦᠭᠡᠢ ᠡᠭᠡᠷᠡᠮ᠎ᠡ ᠲᠠᠯ᠎ᠠ ᠪᠠᠷ ᠵᠥᠪᠬᠡᠨ ᠨᠢᠭᠡᠨ ᠭᠣᠷᠣᠬ᠎ᠠ ᠪᠤᠶᠤ ᠭᠣᠣᠯ ᠮᠥᠷᠡᠨ ᠨᠠᠮᠵᠢᠭᠤᠬᠠᠨ ᠰᠤᠨᠤᠯᠵᠠᠨ ᠤᠷᠤᠰᠴᠤ᠂ ᠰᠦᠷᠦᠭ ᠰᠦᠷᠦᠭ ᠠᠳᠤᠭᠤ ᠲᠡᠮᠡᠭᠡ ᠪᠡᠯᠴᠢᠨ ᠢᠳᠡᠰᠢᠯᠡᠵᠦ ᠪᠠᠢᠬᠤ ᠨᠢ ᠬᠠᠷᠠᠬᠤ ᠳ᠋ᠤ᠌ ᠶᠠᠭᠤᠲᠠᠢ ᠰᠠᠢᠬᠠᠨ ᠠᠵᠢ ᠃ ᠡᠳᠡᠭᠡᠷ ᠠᠮᠢᠲᠠᠳ ᠶᠡᠷᠦ ᠡᠴᠡ ᠰᠣᠨᠣᠰᠤᠭ᠎ᠠ ᠦᠭᠡᠢ 《ᠰᠢᠪᠠᠭᠤᠨ》 ᠤ᠋ ᠳᠠᠭᠤ ᠴᠢᠮᠡᠭᠡ ᠲᠡᠭᠷᠢ ᠳᠡᠭᠡᠷ᠎ᠡ ᠡᠴᠡ ᠳᠤᠭᠤᠯᠳᠠᠬᠤ ᠳ᠋ᠤ᠌ ᠦᠷᠭᠦᠨ ᠳᠠᠪᠬᠢᠯᠳᠤᠭᠰᠠᠭᠠᠷ ᠬᠣᠯᠠᠳᠤᠯ᠎ᠠ᠃ ᠪᠠᠢᠰᠢᠩ ᠭᠡᠵᠦ ᠭᠠᠭᠴᠠ ᠴᠤ᠌ ᠬᠠᠷᠠᠭᠳᠠᠬᠤ ᠦᠭᠡᠢ᠂ ᠵᠥᠪᠬᠡᠨ ᠲᠠᠯ᠎ᠠ ᠨᠤᠲᠤᠭ ᠡᠬᠢᠯᠡᠬᠦ ᠶ᠋ᠢᠨ ᠲᠡᠨᠳᠡ ᠨᠢᠭᠡᠨ ᠰᠠᠭᠤᠷᠢᠰᠢᠯ ᠪᠠᠯᠭᠠᠰᠤ ᠬᠠᠷᠠᠭᠳᠠᠭᠰᠠᠨ ᠨᠢ ᠡᠬᠢᠨ ᠳ᠋ᠡᠭᠡᠨ ᠨᠠᠳᠠ ᠳ᠋ᠤ᠌ ᠶᠠᠭ ᠯᠠ ᠬᠠᠶᠠᠭᠳᠠᠭᠰᠠᠨ ᠪᠠᠭᠤᠷᠢ ᠮᠡᠲᠦ ᠰᠠᠨᠠᠭᠳᠠᠭᠰᠠᠨ ᠶᠤᠮ᠃ ᠡᠨᠡ ᠪᠣᠯ ᠮᠣᠩᠭᠣᠯᠴᠤᠳ ᠤ᠋ᠨ ᠴᠥᠭᠡᠨ ᠬᠡᠳᠦᠬᠡᠨ ᠠᠷᠠᠯᠵᠢᠶ᠎ᠠ ᠬᠢᠳᠡᠭ ᠭᠠᠵᠠᠷ ᠤ᠋ᠨ ᠨᠢᠭᠡ ᠨᠢ ᠪᠥᠭᠡᠳ ᠮᠥᠨ ᠡᠨᠡ ᠬᠦ᠌ ᠪᠣᠢᠳᠠ ᠪᠥᠭᠯᠡᠭᠦᠦ ᠪᠠᠯᠭᠠᠰᠤᠨ ᠤ᠋ ᠳᠥᠷᠪᠡᠯᠵᠢᠨ ᠬᠦᠷᠢᠶ᠎ᠡ ᠨᠣᠬᠦᠳ ᠲᠦ᠍ ᠠᠴᠢᠵᠤ ᠢᠷᠡᠭᠰᠡᠨ ᠠᠷᠠᠰᠤ ᠨᠣᠣᠰᠣ ᠪᠠᠷ ᠢ᠋ᠶ᠋ᠠᠨ ᠡᠳᠦᠷ ᠳᠣᠳᠣᠮ ᠤ᠋ᠨ ᠬᠡᠷᠡᠭᠰᠡᠯ ᠰᠣᠯᠢᠨ ᠠᠪᠤᠭᠠᠳ᠂ ᠲᠣᠮᠣ ᠲᠣᠮᠣ ᠮᠥᠭᠥ ᠰᠢᠭ ᠬᠠᠷᠠᠭᠳᠠᠳᠠᠭ ᠲᠣᠭᠣᠷᠢᠭ ᠬᠡᠯᠪᠡᠷᠢ ᠲᠡᠢ ᠪᠣᠷᠣ ᠭᠡᠷ ᠲᠡᠭᠡᠨ ᠪᠤᠴᠠᠳᠠᠭ ᠠᠵᠢ᠃ ᠡᠨᠡ ᠤᠳᠠᠭᠠᠨ ᠤ᠋ ᠨᠢᠰᠬᠡᠯ ᠦ᠋ᠨ ᠠᠶᠠᠯᠠᠯ ᠨᠢ ᠨᠠᠳᠠ ᠳ᠋ᠤ᠌ ᠶᠠᠭ ᠯᠠ ᠦᠯᠢᠭᠡᠷ ᠳᠣᠮᠣᠭ ᠤ᠋ᠨ ᠰᠢᠨᠵᠢᠲᠡᠢ ᠮᠥᠷᠲᠡᠭᠡᠨ ᠵᠡᠭᠦᠳᠦ ᠵᠡᠷᠭᠡᠯᠭᠡᠨ ᠮᠡᠲᠦ ᠪᠤᠳᠤᠭᠳᠠᠨ ᠦᠨᠡᠨ ᠬᠦ᠌ ᠰᠡᠳᠬᠢᠯ ᠵᠢᠷᠦᠬᠡ ᠶ᠋ᠢ ᠮᠢᠨᠢ ᠳᠣᠭᠳᠣᠯᠤᠭᠤᠯᠤᠮ᠎ᠠ ᠭᠣᠶᠣ ᠰᠠᠢᠬᠠᠨ ᠠᠶᠠᠯᠠᠯ ᠪᠣᠯᠤᠭᠰᠠᠨ ᠶᠤᠮ᠃ ᠪᠡᠭᠡᠵᠢᠩ ᠬᠣᠲᠠ ᠶ᠋ᠢᠨ ᠭᠠᠳᠠᠨ᠎ᠠ ᠪᠠᠢᠷᠢᠰᠢᠬᠤ ᠨᠠᠨᠶᠣᠸᠠᠨ ᠨᠢᠰᠬᠡᠯ ᠦ᠋ᠨ ᠲᠠᠯᠠᠪᠠᠢ ᠳ᠋ᠤ᠌ ᠭᠠᠵᠠᠷᠳᠠᠬᠤ ᠦᠶ᠎ᠡ ᠳ᠋ᠦ᠍ ᠰᠠᠶᠢ ᠪᠢ ᠡᠨᠡ ᠬᠦ᠌ ᠰᠠᠢᠬᠠᠨ ᠵᠡᠭᠦᠳᠦᠨ ᠡᠴᠡ ᠪᠡᠨ ᠰᠡᠷᠡᠭᠰᠡᠨ ᠪᠢᠯᠡ᠃ ᠨᠠᠭᠠᠰᠢ ᠴᠠᠭᠠᠰᠢ ᠪᠠᠨ ᠬᠣᠶᠠᠷ ᠤᠳᠠᠭ᠎ᠠ ᠪᠢ ᠨᠢᠰᠬᠡᠯ ᠳᠡᠭᠡᠷ᠎ᠡ ᠡᠴᠡ ᠡᠨᠡ ᠬᠦ᠌ ᠬᠡᠮᠵᠢᠵᠦ ᠳᠡᠢᠯᠦᠰᠢ ᠦᠭᠡᠢ ᠲᠣᠮᠣ ᠲᠠᠯ᠎ᠠ ᠨᠤᠲᠤᠭ ᠢ᠋ ᠬᠠᠷᠠᠭᠰᠠᠨ ᠶᠤᠮ᠃ ᠣᠴᠢᠬᠤ ᠦᠶ᠎ᠡ ᠳ᠋ᠦ᠍ ᠨᠠᠳᠠ ᠰᠦᠷᠯᠢᠭ ᠭᠣᠶᠣᠬᠠᠨ ᠰᠠᠨᠠᠭᠳᠠᠵᠤ ᠪᠠᠢᠭᠰᠠᠨ ᠪᠠ ᠢᠷᠡᠬᠦ ᠦᠶ᠎ᠡ ᠳ᠋ᠦ᠍ ᠨᠡᠩ ᠴᠦ᠍ ᠰᠡᠳᠬᠢᠯ ᠲᠠᠲᠠᠮ᠎ᠠ ᠰᠠᠨᠠᠭᠳᠠᠭᠰᠠᠨ ᠶᠤᠮ᠃ ᠤᠴᠢᠷ ᠨᠢ ᠬᠠᠨᠨᠧᠰ ᠷᠠᠲ᠋ᠶᠠ ᠵᠠᠮ ᠲᠤᠷᠰᠢ ᠬᠠᠶᠠ ᠬᠠᠶᠠ ᠠᠭᠤᠯᠠ ᠶ᠋ᠢᠨ ᠪᠦᠷᠭᠦᠳ ᠮᠡᠲᠦ ᠳᠡᠭᠡᠭᠰᠢ ᠪᠡᠨ ᠬᠥᠭᠡᠷᠦᠨ ᠭᠠᠷᠴᠤ᠂ ᠠᠬᠢᠭᠠᠳ ᠳᠣᠷᠣᠭᠰᠢᠯᠠᠨ ᠭᠠᠵᠠᠷ ᠨᠠᠭᠠᠯᠳᠤᠮᠠᠷ ᠪᠣᠯᠵᠤ᠂ ᠵᠡᠭᠡᠷ᠎ᠡ ᠶ᠋ᠢᠨ ᠰᠦᠷᠦᠭ ᠢ᠋ ᠦᠷᠭᠦᠭᠡᠨ ᠬᠥᠭᠡᠭᠡᠵᠦ ᠰᠡᠳᠬᠢᠯ ᠢ᠋ᠶ᠋ᠡᠨ ᠪᠠᠶᠠᠰᠬᠠᠵᠤ ᠶᠠᠪᠤᠬᠤ ᠳ᠋ᠤ᠌ ᠴᠠᠬᠢᠯᠭᠠᠨ ᠬᠣᠯᠪᠣᠭ᠎ᠠ ᠠᠪᠤᠭᠴᠢ ᠮᠠᠺᠰ ᠰᠫᠷᠢᠩᠸᠸᠢ᠋ᠯᠸᠷ ᠨᠢᠰᠬᠡᠯ ᠳᠡᠭᠡᠷ᠎ᠡ ᠡᠴᠡ ᠬᠠᠷᠠᠭᠰᠠᠨ ᠵᠦᠢᠯᠡᠰ ᠢ᠋ᠶ᠋ᠡᠨ ᠤᠳᠠᠬᠤ ᠦᠭᠡᠢ ᠤᠳᠠᠬᠤ ᠦᠭᠡᠢ ᠨᠢᠭᠡ ᠪᠣᠷᠣ ᠵᠢᠷᠤᠭ ᠪᠣᠯᠭᠠᠨ ᠵᠢᠷᠤᠭᠠᠳ ᠭᠠᠷᠭᠠᠵᠤ ᠪᠠᠢᠭᠰᠠᠨ ᠶᠤᠮ ᠃ ᠪᠢᠳᠡᠨ ᠦ᠌ ᠳᠣᠲᠣᠷ᠎ᠠ ᠠ᠋ᠴᠠ ᠬᠡᠨ ᠨᠢ ᠴᠦ᠍ ᠲᠠᠯ᠎ᠠ ᠨᠤᠲᠤᠭ ᠤ᠋ᠨ ᠳᠡᠭᠡᠭᠦᠷ ᠪᠢᠳᠡᠨ ᠢ ᠲᠡᠭᠡᠭᠡᠵᠦ ᠥᠴᠦᠬᠡᠨ ᠴᠦ᠍ ᠰᠠᠭᠠᠳ ᠦᠭᠡᠢ ᠬᠠᠯᠢᠨ ᠨᠢᠰᠦᠨ ᠪᠠᠢᠭᠰᠠᠨ ᠨᠢᠰᠬᠡᠯ ᠮᠢᠨᠢ ᠰᠠᠷ᠎ᠠ ᠶ᠋ᠢᠨ ᠳᠠᠷᠠᠭ᠎ᠠ ᠭᠠᠵᠠᠷ ᠳᠡᠭᠡᠷ᠎ᠡ ᠬᠥᠳᠡᠯᠦᠰᠢ ᠦᠭᠡᠢ ᠲᠡᠮᠦᠷ ᠪᠣᠯᠤᠨ ᠬᠡᠪᠲᠡᠨ᠎ᠡ ᠭᠡᠵᠦ ᠪᠣᠳᠣᠵᠤ ᠣᠯᠤᠭᠰᠠᠨ ᠦᠭᠡᠢ᠃ ᠣᠳᠣ ᠡᠨᠡ ᠬᠦ᠌ ᠨᠢᠰᠬᠡᠯ ᠪᠤᠢᠷ ᠨᠠᠭᠤᠷ ᠠ᠋ᠴᠠ ᠬᠣᠯᠠ ᠦᠭᠡᠢ ᠭᠠᠵᠠᠷ ᠲᠤ᠌ ᠬᠡᠷᠡᠭ ᠦᠭᠡᠢ ᠲᠡᠮᠦᠷ ᠪᠣᠯᠤᠨ ᠬᠡᠪᠲᠡᠵᠦ ᠪᠠᠢᠭ᠎ᠠ᠃ ᠣᠷᠣᠰ ᠤ᠋ᠨ ᠵᠠᠬᠢᠷᠤᠯ ᠳᠣᠣᠷᠠᠬᠢ ᠮᠣᠩᠭᠣᠯᠴᠤᠳ ᠳᠣᠣᠭᠤᠷ ᠨᠢᠰᠴᠦ ᠪᠠᠢᠭᠰᠠᠨ ᠨᠢᠰᠬᠡᠯ ᠢ᠋ ᠫᠤᠤᠳᠠᠨ ᠤᠨᠠᠭᠠᠵᠤ᠂ ᠵᠢᠯᠣᠭᠣᠴᠢ ᠶ᠋ᠢ ᠨᠢ ᠲᠠᠩᠨᠠᠭᠤᠯ ᠢ᠋ᠶ᠋ᠠᠷ ᠪᠠᠷᠢᠪᠴᠢᠯᠠᠨ ᠠᠪᠤᠭᠰᠠᠨ ᠪᠠᠢᠨ᠎ᠠ᠃ ᠡᠨᠡ ᠬᠡᠷᠡᠭ ᠡᠭᠦᠰᠬᠦ ᠦᠶ᠎ᠡ ᠳ᠋ᠦ᠍ ᠪᠢ ᠨᠢᠭᠡᠨᠲᠡ ᠧᠦ᠋ᠷᠣᠫᠠ ᠳ᠋ᠠᠭᠠᠨ ᠪᠤᠴᠠᠴᠢᠬᠠᠭᠠᠳ ᠪᠠᠢᠭᠰᠠᠨ ᠶᠤᠮ᠃ ᠠᠶᠠᠯᠠᠯ ᠤ᠋ᠨ ᠤᠷᠮ᠎ᠠ ᠮᠢᠨᠢ ᠨᠠᠮᠠᠶ᠋ᠢ ᠠᠽᠢᠶ᠎ᠠ ᠵᠦᠭ ᠴᠢᠩᠭᠠᠭᠠᠨ ᠲᠠᠲᠠᠭᠰᠠᠭᠠᠷ ᠪᠠᠢᠵᠤ᠂ 1933 ᠣᠨ ᠳ᠋ᠤ᠌ ᠪᠢ ᠥᠪᠡᠷ ᠦ᠋ᠨ ᠰᠠᠭᠤᠷᠢᠰᠢᠯ ᠢ᠋ᠶ᠋ᠠᠨ ᠠᠯᠤᠰ ᠳᠣᠷᠣᠨᠠᠳᠠᠬᠢᠨ ᠤ᠋ ᠬᠠᠮᠤᠭ ᠤ᠋ᠨ ᠭᠣᠶᠣ ᠬᠣᠲᠠ ᠪᠡᠭᠡᠵᠢᠩ ᠳ᠋ᠦ᠍ ᠪᠠᠢᠷᠢᠰᠢᠭᠤᠯᠤᠭᠰᠠᠨ ᠶᠤᠮ᠃ ᠡᠨᠳᠡᠬᠢ ᠦᠵᠡᠮᠵᠢᠲᠦ ᠰᠦᠷᠯᠢᠭ ᠡᠷᠲᠡᠨ ᠦ᠌ ᠪᠠᠷᠢᠯᠭ᠎ᠠ᠂ ᠣᠯᠠᠨ ᠤᠭᠰᠠᠭ᠎ᠠ ᠶᠠᠰᠤᠲᠠᠨ ᠤ᠋ ᠬᠣᠯᠢᠯᠳᠤᠭᠰᠠᠨ ᠪᠠᠢᠳᠠᠯ ᠪᠠ ᠥᠭᠡᠷ᠎ᠡ ᠭᠠᠵᠠᠷ ᠲᠠᠢ ᠠᠳᠠᠯᠢᠳᠬᠠᠰᠢ ᠦᠭᠡᠢ ᠴᠡᠯᠮᠡᠭ ᠬᠥᠬᠡ ᠲᠩᠷᠢ ᠨᠢ ᠬᠥᠮᠦᠨ ᠦ᠌ ᠰᠡᠳᠬᠢᠯ ᠢ᠋ ᠠᠶᠠᠨᠳᠠᠭᠠᠨ ᠲᠡᠳᠡᠨ ᠠᠪᠴᠢᠷᠠᠬᠤ ᠠᠵᠢ᠃ ᠲᠠᠯ᠎ᠠ ᠨᠤᠲᠤᠭ ᠠᠬᠢᠭᠠᠳ ᠯᠠ ᠨᠠᠳᠠ ᠠ᠋ᠴᠠ ᠬᠣᠯᠠ ᠵᠠᠢᠳᠠᠭᠤ ᠪᠣᠯᠤᠭᠰᠠᠨ ᠪᠣᠯᠪᠠᠴᠤ ᠲᠠᠢᠰᠢ ᠪᠠᠨ ᠶᠠᠪᠤᠬᠤ ᠭᠡᠰᠡᠨ ᠵᠠᠮ ᠮᠢᠨᠢ ᠤᠯᠠᠮ ᠳᠥᠭᠥᠭᠰᠡᠭᠡᠷ ᠪᠠᠢᠬᠤ ᠨᠢ ᠢᠯᠡᠬᠡᠨ ᠪᠣᠯᠪᠠ᠃ ᠪᠢ ᠲᠡᠳᠡᠨ ᠦ᠌ ᠰᠠᠢᠨ ᠨᠠᠢᠵᠠ᠂ ᠲᠡᠳᠡᠨ ᠢ᠋ ᠰᠠᠢᠨ ᠣᠢᠯᠠᠭᠠᠨ ᠮᠡᠳᠡᠳᠡᠭ ᠰᠸᠧᠳᠧᠨ ᠤᠯᠤᠰ ᠤ᠋ᠳ ᠲᠠᠢ ᠲᠠᠨᠢᠯᠴᠠᠪᠠ᠃ ᠡᠳᠡᠭᠡᠷ ᠰᠸᠸᠳ᠋ᠸᠨᠴᠤᠳ ᠬᠠᠶᠠ ᠬᠣᠲᠠ ᠣᠷᠣᠵᠤ ᠢᠷᠡᠳᠡᠭ ᠪᠥᠭᠡᠳ ᠲᠡᠳᠡᠨ ᠦ᠌ ᠮᠡᠳᠡᠬᠦ ᠦᠭᠡᠢ ᠬᠥᠮᠦᠨ ᠳ᠋ᠦ᠍ ᠠᠪᠴᠤ ᠬᠡᠯᠡᠪᠡᠯ ᠦᠯᠢᠭᠡᠷ ᠳᠣᠮᠣᠭ ᠪᠤᠶᠤ ᠦᠨᠡᠨ ᠪᠣᠳᠠᠲᠠᠢ ᠨᠢ ᠦᠯᠦ ᠮᠡᠳᠡᠭᠳᠡᠬᠦ ᠤᠴᠢᠷ ᠤ᠋ᠳ᠂ ᠵᠢᠱ᠌ᠢᠶᠡᠯᠡᠪᠡᠯ ᠴᠢᠨᠣ᠎ᠠ ᠠᠩᠨᠠᠭᠰᠠᠨ ᠭᠠᠢᠬᠠᠮᠰᠢᠭᠲᠤ ᠥᠩᠭᠡᠷᠡᠯᠲᠡ᠂ ᠬᠥᠪᠡᠭᠡ ᠬᠢᠵᠠᠭᠠᠷ ᠦᠭᠡᠢ ᠲᠠᠯ᠎ᠠ ᠨᠤᠲᠤᠭ ᠳᠡᠭᠡᠭᠦᠷ ᠬᠠᠲᠠᠷᠢᠨ ᠳᠠᠪᠬᠢᠭᠤᠯᠠᠬᠤ ᠵᠤᠭ᠎ᠠ ᠴᠡᠩᠭᠡᠯ᠂ ᠮᠣᠩᠭᠣᠯᠴᠤᠳ ᠤ᠋ᠨ ᠵᠣᠴᠢᠨᠰᠠᠭ ᠵᠠᠩ ᠠᠭᠠᠯᠢ᠂ ᠭᠣᠶᠣ ᠰᠠᠢᠬᠠᠨ ᠥᠬᠢᠳ ᠪᠦᠰᠡᠭᠦᠢᠴᠦᠳ ᠦ᠋ᠨ ᠲᠤᠬᠠᠢ ᠰᠡᠳᠬᠢᠯ ᠬᠥᠳᠡᠯᠦᠨ ᠶᠠᠷᠢᠵᠠᠭᠠᠬᠤ ᠶ᠋ᠢ ᠰᠣᠨᠣᠰᠳᠠᠭ ᠪᠢᠯᠡ᠃ ᠡᠳᠡᠭᠡᠷ ᠰᠸᠧᠳᠧᠨ ᠬᠥᠮᠦᠨ ᠳ᠋ᠦ᠍ ᠮᠣᠩᠭᠣᠯᠴᠤᠳ ᠲᠠᠢ ᠠᠳᠠᠯᠢᠬᠠᠨ ᠶᠠᠮᠠᠷ ᠨᠢᠭᠡᠨ ᠵᠦᠢᠯ ᠪᠠᠢᠭ᠎ᠠ ᠠᠵᠢ᠃ ᠨᠤᠷᠮᠠᠨ ᠬᠥᠮᠦᠨ ᠦ᠌ ᠴᠢᠰᠤ ᠨᠢ ᠡᠳᠡᠨ ᠢ᠋ ᠠᠯᠤᠰ ᠬᠣᠯᠠ ᠠᠶᠠᠨ ᠳ᠋ᠤ᠌ ᠶᠠᠪᠤᠭᠤᠯᠵᠤ᠂ ᠡᠳᠡᠨ ᠦ᠌ ᠡᠪᠦᠭᠡ ᠳᠡᠭᠡᠳᠦᠰ ᠨᠢ ᠳᠠᠯᠠᠢ ᠳᠡᠭᠡᠷᠡᠬᠢ ᠨᠡᠭᠦᠳᠡᠯᠴᠢᠨ ᠪᠠᠢᠭᠰᠠᠨ ᠪᠣᠯᠬᠣᠷ ᠡᠳᠡ ᠠᠯᠤᠰ ᠬᠣᠯᠠ ᠶ᠋ᠢᠨ ᠡᠬᠡ ᠬᠠᠭᠤᠷᠠᠢ ᠳ᠋ᠤ᠌ ᠪᠠᠢᠭ᠎ᠠ ᠨᠡᠭᠦᠳᠡᠯᠴᠢᠨ ᠲᠦᠮᠡᠨ ᠦ᠌ ᠳᠤᠮᠳᠠ ᠢᠷᠡᠭᠡᠳ ᠨᠢᠭᠡ ᠶᠡᠬᠡ ᠤᠳᠠᠭᠰᠠᠨ ᠦᠭᠡᠢ ᠪᠡᠷ ᠳᠠᠰᠤᠯ ᠪᠤᠯᠵᠠᠭᠠᠨ ᠠᠮᠢᠳᠤᠷᠠᠭᠰᠠᠨ ᠪᠠᠢᠵᠠᠢ᠃ ᠬᠡᠳᠦᠢᠪᠡᠷ ᠬᠥᠮᠦᠨ ᠦ᠌ ᠲᠣᠭ᠎ᠠ ᠨᠢ ᠨᠢᠭᠡ ᠶᠡᠬᠡ ᠣᠯᠠᠨ ᠪᠢᠰᠢ᠂ ᠠᠷᠪᠠᠭᠠᠳᠬᠠᠨ ᠪᠣᠯᠪᠠᠴᠤ ᠲᠡᠳᠡᠨ ᠦ᠌ ᠬᠥᠮᠦᠨ ᠪᠣᠯᠭᠠᠨ ᠳ᠋ᠤᠨᠢ ᠪᠠᠷᠲᠠᠭ᠎ᠠ ᠰᠢᠨᠵᠢᠯᠡᠭᠴᠢ ᠶ᠋ᠢᠨ ᠴᠢᠰᠤ ᠤᠷᠤᠰᠴᠤ᠂ ᠫᠢᠣᠨᠧᠷ ᠦ᠋ᠨ ᠵᠣᠷᠢᠭ ᠰᠠᠨᠠᠭ᠎ᠠ ᠭᠦᠢᠴᠡᠳ ᠪᠠᠢᠭ᠎ᠠ ᠪᠥᠭᠡᠳ ᠪᠠᠶᠠᠷ ᠪᠠᠶᠠᠰᠬᠤᠯᠠᠩᠲᠠᠢ ᠵᠠᠩ ᠠᠭᠠᠯᠢ ᠨᠢ ᠲᠡᠳᠡᠨ ᠢ᠋ ᠭᠠᠵᠠᠷ ᠪᠣᠯᠭᠠᠨ ᠳ᠋ᠤ᠌ ᠨᠠᠢᠵᠠ ᠨᠥᠬᠥᠳ ᠲᠡᠢ ᠪᠣᠯᠭᠠᠳᠠᠭ ᠠᠵᠢ᠃  ᠬᠠᠮᠤᠭ ᠤ᠋ᠨ ᠤᠷᠢᠳ ᠪᠢ ᠪᠡᠭᠡᠵᠢᠩ ᠦ᠋ᠨ ᠸᠠᠭᠣᠨᠰ ᠎᠎— ᠯᠢᠲᠰ ᠪᠠᠭᠤᠳᠠᠯ ᠤ᠋ᠨ ᠪᠠᠭᠠᠷ ᠲᠤ᠌ ᠲᠣᠷᠭᠧᠨᠢ ᠦᠪᠧᠷᠭᠧ ᠲᠡᠢ ᠲᠠᠨᠢᠯᠴᠠᠪᠠ᠃ ᠲᠡᠷᠡ ᠰᠥᠨᠢ ᠶ᠋ᠢᠨ ᠭᠦᠨ ᠪᠣᠯᠲᠠᠯ᠎ᠠ ᠨᠠᠳᠠ ᠳ᠋ᠤ᠌ ᠮᠣᠩᠭᠣᠯ ᠳ᠋ᠤ᠌ ᠥᠩᠭᠡᠷᠡᠭᠦᠯᠦᠭᠰᠡᠨ ᠥᠩᠭᠡᠷᠡᠯᠲᠡ ᠵᠢᠴᠢ ᠲᠣᠭᠠᠯᠠᠰᠢ ᠦᠭᠡᠢ ᠣᠯᠠᠨ ᠰᠣᠨᠢᠨ ᠭᠠᠢᠬᠠᠯᠲᠠᠢ ᠦᠢᠯᠡ ᠬᠡᠷᠡᠭ ᠢ᠋ᠶ᠋ᠡᠨ ᠶᠠᠷᠢᠵᠤ ᠰᠠᠭᠤᠬᠤ ᠳ᠋ᠠᠭᠠᠨ ᠲᠠᠰᠤᠷᠠᠯ ᠦᠭᠡᠢ ᠠᠯᠴᠢᠭᠤᠷ ᠢ᠋ᠶ᠋ᠠᠨ ᠭᠠᠷᠭᠠᠨ ᠵᠡᠭᠦᠨ ᠨᠢᠳᠦ ᠪᠡᠨ ᠠᠷᠴᠢᠭᠰᠠᠭᠠᠷ ᠪᠠᠢᠪᠠ᠃ 
       — ᠡᠨᠡ ᠱᠠᠭᠠᠵᠠᠩ ᠨᠠᠳᠠ ᠳ᠋ᠤ᠌ ᠲᠣᠬᠢᠷᠠᠬᠤ ᠦᠭᠡᠢ ᠪᠠᠢᠨ᠎ᠠ᠂ ᠲᠡᠭᠡᠭᠡᠳ ᠪᠢ ᠨᠢᠳᠦ ᠪᠡᠨ ᠦᠵᠡᠭᠦᠯᠬᠦ ᠪᠡᠷ ᠠᠳᠠ ᠢᠷᠡᠭᠰᠡᠨ ᠶᠦᠮ ᠃ ᠪᠢ ᠮᠣᠩᠭᠣᠯ ᠨᠠᠢᠵᠠ ᠶ᠋ᠢᠨ ᠢ᠋ᠶ᠋ᠡᠨ ᠵᠡᠪᠰᠡᠭ ᠢ᠋ᠶ᠋ᠡᠷ ᠨᠠᠭᠠᠳᠴᠤ ᠪᠠᠢᠭᠠᠳ ᠥᠷᠥᠭᠡᠰᠦᠨ ᠨᠢᠳᠦ ᠪᠡᠨ ᠠᠯᠳᠠᠭᠰᠠᠨ ᠶᠤᠮ᠃  ᠭᠡᠬᠦ ᠳ᠋ᠦ᠍ ᠶᠠᠭᠤ ᠯᠠ ᠪᠠᠢᠬᠤ ᠪᠣᠢ?  ᠬᠥᠮᠦᠨ ᠭᠠᠭᠴᠠᠬᠠᠨ ᠨᠢᠳᠦ ᠲᠡᠢ ᠪᠠᠢᠵᠤ ᠪᠠᠢᠭᠠᠳ ᠯᠠ ᠪᠦᠬᠦ ᠶᠠᠭᠤᠮ᠎ᠠ ᠪᠠᠨ ᠬᠠᠷᠠᠭᠠᠳ ᠪᠠᠢᠳᠠᠭ ᠪᠠᠢᠬᠤ ᠦᠭᠡᠢ ᠤᠤ ᠳᠠ ᠬᠡᠮᠡᠭᠡᠳ ᠬᠠᠳᠠᠭᠠᠨᠠᠲᠠᠯ᠎ᠠ ᠪᠠᠨ ᠢᠨᠢᠶᠡᠵᠦ ᠪᠠᠢᠪᠠ᠃ ᠪᠢ ᠲᠣᠷᠭᠧᠨᠢ ᠦᠪᠧᠷᠭᠧ ᠶ᠋ᠢ ᠭᠤᠴᠢᠭᠠᠳ ᠵᠢᠯ ᠦ᠋ᠨ ᠲᠤᠷᠰᠢ ᠬᠦᠨᠳᠦᠳᠬᠡᠨ ᠪᠠᠬᠠᠷᠠᠵᠤ ᠢᠷᠡᠭᠰᠡᠨ ᠶᠦᠮ᠃ ᠲᠡᠭᠦᠨ ᠦ᠌ ᠠᠪᠤ ᠨᠢ ᠲᠠᠯ᠎ᠠ ᠨᠤᠲᠤᠭ ᠲᠤ᠌ ᠱᠠᠰᠢᠨ ᠰᠤᠷᠲᠠᠯᠴᠢᠯᠠᠭᠴᠢ ᠪᠠᠢᠭᠰᠠᠨ᠃ ᠲᠣᠷᠭᠧᠨᠢ ᠦᠪᠧᠷᠭᠧ ᠰᠸᠸᠳ᠋ᠸᠨ ᠪᠣᠯᠤᠨ ᠠᠮᠧᠷᠢᠺᠠ ᠳ᠋ᠤ᠌ ᠣᠬᠣᠷᠬᠠᠨ ᠬᠤᠭᠤᠴᠠᠭ᠎ᠠ ᠪᠠᠢᠵᠤ ᠪᠠᠢᠭᠰᠠᠨ ᠢ᠋ᠶ᠋ᠠᠨ ᠲᠠᠨᠢᠯ ᠳᠠᠰᠤᠯ ᠲᠠᠯ᠎ᠠ ᠨᠤᠲᠤᠭ ᠲᠠᠭᠠᠨ ᠪᠤᠴᠠᠨ ᠢᠷᠡᠵᠡᠢ᠃ ᠣᠳᠣ ᠮᠥᠨ ᠲᠠᠯ᠎ᠠ ᠨᠤᠲᠤᠭ ᠲᠠᠭᠠᠨ ᠠᠮᠢᠳᠤᠷᠠᠵᠤ᠂ ᠵᠦᠢᠯ ᠪᠦᠷᠢ ᠶ᠋ᠢᠨ ᠠᠷᠠᠯᠵᠢᠶ᠎ᠠ ᠮᠠᠢᠮᠠᠢ ᠡᠷᠬᠢᠯᠡᠳᠡᠭ᠃ ᠲᠡᠭᠦᠨ ᠦ᠌ ᠬᠠᠮᠤᠭ ᠠ᠋ᠴᠠ ᠳᠤᠷᠠᠲᠠᠢ ᠵᠦᠢᠯ ᠨᠢ ᠠᠪᠠᠯᠠᠬᠤ ᠪᠣᠯᠤᠨ᠎ᠠ᠃ ᠲᠠᠯ᠎ᠠ ᠨᠤᠲᠤᠭ ᠤ᠋ᠨ ᠪᠠᠢᠭᠠᠯᠢᠯᠢᠭ ᠴᠢᠨᠠᠷ ᠪᠣᠯᠤᠨ ᠵᠠᠯᠠᠭᠤ ᠮᠣᠷᠢᠨ ᠤ᠋ ᠣᠮᠣᠭᠯᠠᠩ ᠵᠠᠩ ᠴᠢᠨᠠᠷ ᠲᠡᠭᠦᠨ ᠦ᠌ ᠪᠡᠶ᠎ᠡ ᠳ᠋ᠦ᠍ ᠰᠢᠩᠭᠡᠨ ᠲᠣᠭᠲᠠᠵᠠᠢ᠃ ᠲᠡᠷᠡ ᠮᠠᠨᠢ ᠮᠠᠷᠭᠠᠰᠢ ᠨᠢ ᠮᠣᠩᠭᠣᠯ ᠳ᠋ᠠᠭᠠᠨ ᠪᠤᠴᠠᠯ᠎ᠠ ᠃ ᠠᠷᠪᠠᠨ ᠬᠣᠶᠠᠳᠤᠭᠠᠷ ᠰᠠᠷ᠎ᠠ ᠪᠣᠯᠲᠠᠯ᠎ᠠ ᠲᠡᠭᠦᠨ ᠦ᠌ ᠴᠢᠮᠡᠭᠡ ᠶ᠋ᠢ ᠥᠴᠦᠬᠡᠨ ᠴᠦ᠍ ᠰᠣᠨᠣᠰᠳᠠᠬᠤ ᠦᠭᠡᠢ ᠪᠠᠢᠭᠰᠠᠭᠠᠷ ᠭᠡᠨᠡᠳᠲᠡ ᠨᠢᠭᠡᠨ ᠦᠳᠡᠰᠢ ᠮᠢᠨᠦ ᠪᠠᠢᠰᠢᠩ ᠤ᠋ᠨ ᠡᠭᠦᠳᠡᠨ ᠳ᠋ᠦ᠍ ᠵᠣᠭᠰᠣᠵᠤ ᠪᠠᠢᠬᠤ ᠪᠠᠷ ᠨᠢ ᠪᠢ ᠶᠡᠬᠡ ᠪᠠᠶᠠᠷᠯᠠᠭᠰᠠᠨ ᠶᠤᠮ᠃ ᠪᠢ ᠲᠡᠭᠦᠨ ᠦ᠌ ᠲᠡᠷᠡᠬᠡᠨ ᠬᠣᠷᠣᠮ ᠤ᠋ᠨ ᠬᠠᠷᠠᠴᠠᠨ ᠳ᠋ᠤᠨᠢ ᠬᠦᠷᠲᠡᠯ᠎ᠡ ᠴᠡᠭᠡᠵᠢᠯᠡᠵᠦ ᠪᠠᠢᠬᠤ ᠪᠥᠭᠡᠳ ᠲᠡᠷᠡ ᠡᠳᠦᠷ ᠨᠢ ᠭᠠᠷᠠᠭ ᠤ᠋ᠨ ᠵᠢᠷᠭᠤᠭᠠᠨ ᠪᠠᠢᠭᠰᠠᠨ ᠨᠢ ᠴᠦ᠍ ᠰᠠᠨᠠᠭᠠᠨ ᠳ᠋ᠤ᠌ ᠲᠣᠭᠲᠠᠵᠠᠢ᠃ ᠪᠢ ᠠᠯᠪᠠᠨ ᠭᠡᠷ ᠲᠡᠭᠡᠨ ᠰᠢᠷᠡᠭᠡᠨ ᠦ᠌ ᠠᠷᠤ ᠳ᠋ᠤ᠌ ᠰᠠᠭᠤᠨ ᠠᠵᠢᠯᠯᠠᠵᠤ ᠪᠠᠢᠭᠰᠠᠨ ᠶᠤᠮ᠃ ᠬᠢᠲᠠᠳ ᠵᠠᠷᠤᠴᠠ ᠵᠣᠴᠢᠨ ᠤ᠋ ᠥᠷᠥᠭᠡᠨ ᠦ᠌ ᠳ᠋ᠧᠩ ᠢ᠋ ᠠᠰᠠᠭᠠᠬᠤ ᠪᠠᠨ ᠮᠠᠷᠲᠠᠭᠰᠠᠨ ᠠ᠋ᠴᠠ ᠲᠡᠨᠳᠡ ᠬᠠᠷᠠᠩᠭᠤᠢ ᠪᠠᠢᠪᠠ᠃ ᠡᠭᠦᠳᠡᠨ ᠦ᠌ ᠬᠣᠩᠬᠣ ᠳᠤᠤᠭᠠᠷᠬᠤ ᠳ᠋ᠤ᠌ ᠵᠠᠷᠤᠴᠠ ᠬᠡᠨ ᠢᠷᠡᠭᠰᠡᠨ ᠢ᠋ ᠬᠠᠷᠠᠬᠤ ᠪᠠᠷ ᠡᠭᠦᠳᠡᠨ ᠳᠡᠭᠡᠷ᠎ᠡ ᠬᠦᠷᠬᠦ ᠳ᠋ᠦ᠍ 《 ᠪᠢ ᠪᠠᠢᠨ᠎ᠠ᠂ ᠲᠡᠷᠡ ᠨᠠᠮᠠᠶ᠋ᠢ ᠤᠷᠢᠭᠰᠠᠨ ᠶᠤᠮ᠃ ᠣᠳᠣ ᠡᠨᠳᠡ ᠬᠣᠨᠣᠭᠯᠠᠬᠤ ᠪᠠᠷ ᠤᠷᠢᠯᠭ᠎ᠠ ᠬᠦᠯᠢᠶᠡᠭᠡᠳ ᠢᠷᠡᠯ᠎ᠡ 》 ᠭᠡᠵᠦ ᠶᠠᠷᠢᠬᠤ ᠨᠢ ᠨᠠᠳᠠ ᠳ᠋ᠤ᠌ ᠰᠣᠨᠣᠰᠳᠠᠪᠠ᠃ ᠠᠵᠢᠯ ᠤ᠋ᠨ ᠥᠷᠥᠭᠡᠨ ᠡᠴᠡ ᠵᠥᠪᠬᠡᠨ ᠲᠡᠭᠦᠨ ᠦ᠌ ᠪᠠᠭᠠᠬᠠᠨ ᠪᠡᠶ᠎ᠡ ᠲᠡᠢ᠂ ᠴᠢᠨᠣ᠎ᠠ ᠶ᠋ᠢᠨ ᠠᠷᠠᠰᠤᠨ ᠳᠡᠪᠡᠯ ᠲᠡᠢ ᠪᠠᠢᠭ᠎ᠠ ᠨᠢ ᠯᠡ ᠬᠠᠷᠠᠭᠳᠠᠵᠤ ᠪᠠᠢᠪᠠ᠃ ᠦᠪᠧᠷᠭᠧ ᠨᠠᠮᠠᠶ᠋ᠢ ᠭᠡᠷ ᠲᠡᠭᠡᠨ ᠦᠭᠡᠢ ᠭᠡᠵᠦ ᠪᠣᠳᠣᠭᠰᠠᠨ ᠪᠠᠢᠬ᠎ᠠ᠃ ᠨᠠᠳᠠ ᠳ᠋ᠤ᠌ ᠬᠠᠷᠢᠨ ᠲᠡᠭᠦᠨ ᠦ᠌ ᠳᠠᠭᠤᠨ ᠨᠢ ᠶᠡᠬᠡ ᠲᠠᠨᠢᠯ ᠰᠣᠨᠣᠰᠳᠠᠵᠤ ᠪᠠᠢᠪᠠ᠃ ᠭᠡᠷᠡᠯ ᠠᠰᠠᠭᠠᠭᠰᠠᠨ ᠤ᠋ ᠳᠠᠷᠠᠭ᠎ᠠ ᠵᠠᠭᠠᠮ᠎ᠠ ᠪᠠᠨ ᠳᠡᠭᠡᠭᠰᠢ ᠪᠡᠨ ᠪᠤᠰᠬᠠᠭᠰᠠᠨ᠂ ᠬᠦᠢᠲᠡᠨ ᠳ᠋ᠦ᠍ ᠲᠠᠭᠠᠷᠠᠵᠤ ᠤᠯᠠᠢᠭᠰᠠᠨ ᠴᠢᠷᠠᠢ ᠲᠠᠢ ᠂ ᠨᠢᠳᠦᠨ ᠳ᠋ᠡᠭᠡᠨ ᠢᠨᠢᠶᠡᠳᠦ ᠲᠣᠭᠯᠠᠭᠤᠯᠤᠭᠰᠠᠨ ᠲᠡᠷᠡ ᠪᠡᠷ ᠮᠢᠨᠦ ᠡᠮᠦᠨ᠎ᠡ ᠬᠦᠷᠴᠦ ᠢᠷᠡᠪᠡ᠃ 
       — ᠮᠠᠷᠭᠠᠰᠢ ᠰᠸᠸᠳ᠋ᠸᠨ ᠳ᠋ᠦ᠍ ᠶᠠᠪᠤᠨ᠎ᠠ ᠭᠡᠵᠦ ᠮᠡᠨᠳᠦᠯᠡᠭᠰᠡᠨ ᠦ᠌ ᠬᠣᠢᠨ᠎ᠠ ᠲᠡᠷᠡ ᠶᠠᠷᠢᠪᠠ᠃ 
       — ᠭᠠᠯᠲᠤ ᠲᠡᠷᠭᠡ ᠴᠢᠨᠢ ᠬᠡᠳᠦᠢ ᠳ᠋ᠦ᠍ ᠬᠥᠳᠡᠯᠦᠨ᠎ᠡ ᠪᠢᠯᠡ? ᠮᠠᠷᠭᠠᠰᠢ ᠴᠢᠨᠢ ᠠᠶᠠᠯᠠᠯ ᠤ᠋ᠨ ᠺᠣᠮᠫᠠᠨᠢ ᠨᠤᠭᠤᠳ ᠬᠠᠭᠠᠯᠲᠠᠲᠠᠢ ᠪᠠᠢᠳᠠᠭ ᠰᠢᠦ᠃ ᠶᠠᠭᠤᠨ ᠳ᠋ᠤ᠌ ᠢᠩᠭᠢᠵᠦ ᠶᠠᠭᠠᠷᠠᠭᠠᠳ ᠪᠠᠢᠨ᠎ᠠ? ᠭᠡᠵᠦ ᠪᠢ ᠠᠰᠠᠭᠤᠪᠠ᠃ 
       — ᠲᠡᠭᠡᠪᠡᠯ ᠭᠠᠷᠠᠭ ᠤ᠋ᠨ ᠨᠢᠭᠡᠨ ᠳ᠋ᠦ᠍ ᠶᠠᠪᠤᠶ᠎ᠠ ᠭᠡᠮᠡᠨ ᠳᠦᠷᠡᠯᠵᠡᠭᠰᠡᠨ ᠭᠠᠯ ᠲᠠᠢ ᠬᠢᠰᠠ ᠳ᠋ᠤ᠌ ᠭᠠᠷ ᠢ᠋ᠶ᠋ᠠᠨ ᠡᠭᠡᠭᠡᠬᠦ ᠵᠠᠭᠤᠷ᠎ᠠ ᠪᠠᠨ ᠬᠡᠯᠡᠪᠡ᠃ ᠲᠡᠷᠡ ᠪᠡᠷ ᠭᠠᠷᠠᠭ ᠤ᠋ᠨ ᠨᠢᠭᠡᠨ ᠪᠣᠯᠬᠤ ᠪᠠᠷ ᠨᠢ ᠠᠬᠢᠨ ᠳᠠᠷᠠᠭᠠᠴᠢ ᠶ᠋ᠢᠨ ᠭᠠᠷᠠᠭ ᠭᠡᠮᠡᠨ ᠬᠣᠢᠰᠢᠯᠠᠭᠰᠠᠭᠠᠷ ᠠᠷᠪᠠᠨ ᠬᠣᠶᠠᠳᠤᠭᠠᠷ ᠰᠠᠷ᠎ᠠ ᠠ᠋ᠴᠠ ᠳᠠᠷᠠᠭ᠎ᠠ ᠵᠢᠯ ᠦ᠋ᠨ ᠳᠥᠷᠪᠡᠳᠦᠭᠡᠷ ᠰᠠᠷ᠎ᠠ ᠪᠣᠯᠲᠠᠯ᠎ᠠ ᠪᠡᠭᠡᠵᠢᠩ ᠳ᠋ᠦ᠍ ᠪᠠᠢᠭᠰᠠᠭᠠᠷ ᠪᠠᠢᠭᠰᠠᠨ ᠪᠢᠯᠡ᠃ ᠲᠡᠷᠡ ᠰᠸᠸᠳ᠋ᠸᠨ ᠳ᠋ᠦ᠍ ᠰᠢᠨ᠎ᠡ ᠪᠡᠷᠢ ᠪᠣᠯᠬᠤ ᠬᠥᠮᠦᠨ ᠲᠡᠢ ᠪᠡᠨ ᠠᠭᠤᠯᠵᠠᠬᠤ ᠪᠠᠷ ᠣᠴᠢᠬᠤ ᠪᠠᠷ ᠪᠠᠢᠭᠰᠠᠨ ᠪᠥᠭᠡᠳ ᠮᠣᠩᠭᠣᠯ ᠳ᠋ᠤ᠌ ᠪᠠᠢᠬᠤ ᠳ᠋ᠤ᠌ ᠡᠨᠡ ᠨᠢ ᠶᠡᠬᠡ ᠠᠮᠠᠷᠬᠠᠨ ᠰᠠᠨᠠᠭᠳᠠᠭᠰᠠᠨ ᠪᠣᠯᠤᠯᠲᠠᠢ᠃ ᠪᠡᠭᠡᠵᠢᠩ ᠳ᠋ᠦ᠍ ᠢᠷᠡᠭᠰᠡᠨ ᠦ᠌ ᠳᠠᠷᠠᠭ᠎ᠠ ᠲᠡᠭᠦᠨ ᠦ᠌ ᠪᠣᠳᠣᠬᠤ ᠵᠦᠢᠯᠡᠰ ᠨᠢ ᠣᠯᠠᠨ ᠪᠣᠯᠵᠠᠢ᠃ ᠰᠲ᠋ᠣᠺᡁᠤᠯᠮ ᠳ᠋ᠤ᠌ ᠲᠡᠭᠦᠨ ᠦ᠌ ᠰᠤᠷᠭᠠᠭᠤᠯᠢ ᠶ᠋ᠢᠨ ᠦᠶ᠎ᠡ ᠡᠴᠡ ᠪᠡᠨ ᠲᠠᠨᠢᠯᠴᠠᠵᠤ ᠬᠠᠢᠷᠠᠯᠠᠭᠰᠠᠨ ᠥᠬᠢᠨ ᠨᠢ ᠪᠠᠢᠭ᠎ᠠ᠃ ᠨᠡᠷ᠎ᠡ ᠨᠢ ᠪᠷᠢᠲ᠋ᠠ ᠭᠡᠳᠡᠭ ᠠᠵᠢ᠃ ᠭᠡᠪᠡᠴᠦ ᠦᠪᠧᠷᠭᠧ ᠰᠡᠳᠬᠢᠯᠲᠦ ᠥᠬᠢᠨ ᠳ᠋ᠡᠭᠡᠨ ᠵᠠᠬᠢᠳᠠᠯ ᠪᠢᠴᠢᠬᠦ ᠳ᠋ᠡᠭᠡᠨ ᠮᠠᠭᠤ ᠪᠠᠢᠵᠤ᠂ ᠵᠢᠯ ᠳ᠋ᠦ᠍ ᠭᠠᠭᠴᠠ ᠬᠣᠶᠠᠷ ᠵᠠᠬᠢᠳᠠᠯ ᠢᠯᠡᠭᠡᠭᠰᠡᠨ ᠡᠰᠡᠬᠦ ᠪᠡᠨ ᠴᠦ᠍ ᠪᠣᠳᠣᠵᠤ ᠣᠯᠬᠤ ᠦᠭᠡᠢ ᠪᠣᠯᠵᠠᠢ᠃ ᠲᠡᠭᠡᠭᠡᠳ ᠲᠡᠷᠡ ᠥᠬᠢᠨ ᠶᠡᠬᠡ ᠤᠳᠠᠭᠠᠨ ᠴᠢᠮᠡᠭᠡ ᠦᠭᠡᠢ ᠪᠣᠯᠴᠢᠬᠠᠬᠤᠯᠠᠷ ᠮᠠᠨ ᠤ᠋ ᠡᠷ᠎ᠡ ᠪᠡᠭᠡᠵᠢᠩ ᠳ᠋ᠡᠬᠢ ᠴᠠᠭᠠᠨ ᠠᠷᠠᠰᠤᠲᠠᠨ ᠨᠠᠷ ᠢ᠋ᠶ᠋ᠠᠨ ᠦᠵᠡᠭᠡᠳ ᠣᠴᠢᠵᠤ ᠠᠠᠭᠤᠯᠵᠠᠬᠤ ᠬᠦᠰᠡᠯ ᠢ᠋ᠶ᠋ᠡᠨ ᠣᠷᠬᠢᠵᠠᠢ᠃ ᠶᠠᠭᠤ ᠭᠡᠵᠦ ᠪᠷᠢᠲ᠋ᠠ ᠲᠡᠭᠦᠨ ᠢ᠋ ᠬᠦᠯᠢᠶᠡᠭᠡᠳ ᠪᠠᠢᠬᠤ ᠪᠢᠯᠡ ? ᠰᠸᠸᠳ᠋ᠸᠨ ᠳ᠋ᠦ᠍ ᠬᠦᠷᠦᠯᠴᠡᠭᠡ ᠲᠡᠢ ᠵᠠᠯᠠᠭᠤᠴᠤᠳ ᠦᠭᠡᠢ ᠭᠡᠵᠢ ᠤᠤ?  ᠬᠡᠷᠪᠡ ᠲᠡᠷᠡ ᠮᠣᠩᠭᠣᠯ ᠤ᠋ᠨ ᠲᠤᠬᠠᠢ ᠶᠠᠷᠢᠬᠤ ᠳ᠋ᠤ᠌ ᠬᠦᠷᠪᠡᠯ ᠲᠡᠨᠳᠡᠬᠢ ᠬᠡᠦᠬᠡᠨᠴᠦᠳ ᠡᠯᠢᠭᠡ ᠪᠡᠨ ᠬᠥᠰᠢᠲᠡᠯ᠎ᠡ ᠢᠨᠢᠶᠡᠵᠦ ᠡᠯᠡᠭᠯᠡᠬᠦ ᠪᠢᠰᠢ ᠤᠤ? ᠲᠡᠳᠡ ᠠᠮᠠᠨ ᠳ᠋ᠤ᠌ ᠬᠢᠪᠡᠯ ᠬᠠᠢᠯᠤᠮ᠎ᠠ ᠠᠠᠯᠠᠭᠠᠨ ᠳ᠋ᠤ᠌ ᠲᠠᠯᠪᠢᠪᠠᠯ ᠪᠥᠮᠪᠥᠷᠢᠮ᠎ᠡ ᠬᠠᠢᠷ᠎ᠠ ᠶ᠋ᠢᠨ ᠳᠣᠣᠷ᠎ᠠ ᠥᠰᠦᠭᠰᠡᠨ ᠨᠢ ᠯᠠᠪᠲᠠᠢ ᠪᠠᠢᠬ᠎ᠠ᠃ ᠦᠪᠧᠷᠭᠧ ᠰᠡᠳᠬᠢᠯ ᠰᠠᠨᠠᠭ᠎ᠠ ᠪᠠᠷ ᠪᠦᠷ ᠤᠨᠠᠵᠤ ᠂ ᠪᠠᠶᠠᠷ ᠪᠠᠶᠠᠰᠬᠤᠯᠠᠩᠲᠠᠢ ᠪᠠᠢᠳᠠᠭ ᠬᠠᠭᠤᠴᠢᠨ ᠵᠠᠩ ᠨᠢ ᠠᠯᠠᠭ᠎ᠠ ᠪᠣᠯᠪᠠ᠃ ᠦᠷᠭᠦᠯᠵᠢ ᠬᠠᠯᠠᠰᠠᠭᠤ ᠶᠠᠪᠤᠳᠠᠭ᠂ ᠬᠠᠶᠠ ᠮᠥᠨ ᠲᠠᠰᠤᠷᠠᠲᠠᠯ᠎ᠠ ᠪᠠᠨ ᠪᠠᠯᠠᠷᠠᠳᠠᠭ ᠪᠣᠯᠤᠭᠰᠠᠨ ᠪᠥᠭᠡᠳ ᠵᠠᠷᠢᠮ ᠳ᠋ᠠᠭᠠᠨ ᠬᠡᠳᠦ ᠬᠣᠨᠣᠭ ᠢ᠋ᠶ᠋ᠠᠷ ᠭᠡᠷ ᠦ᠋ᠨ ᠪᠠᠷ᠎ᠠ ᠬᠠᠷᠠᠬᠤ ᠦᠭᠡᠢ ᠪᠣᠯᠵᠠᠢ᠃ ᠭᠡᠪᠡᠴᠦ ᠳᠥᠷᠪᠡᠨ ᠰᠠᠷ᠎ᠠ ᠶ᠋ᠢᠨ ᠳᠠᠷᠠᠭ᠎ᠠ ᠡᠴᠦᠰ ᠲᠡᠭᠡᠨ ᠵᠣᠷᠢᠭᠯᠠᠵᠤ ᠭᠠᠯᠲᠤ ᠳ᠋ᠤ᠌ ᠭᠠᠷᠪᠠ ᠃ ᠲᠡᠭᠦᠨ ᠡᠴᠡ ᠬᠣᠢᠰᠢ ᠮᠢᠨᠦ ᠨᠢᠳᠦᠨ ᠡᠮᠦᠨ᠎ᠡ ᠡᠴᠡ ᠠᠬᠢᠭᠠᠳ ᠯᠠ ᠠᠯᠠᠭ᠎ᠠ ᠪᠣᠯᠪᠠ᠃ ᠦᠪᠧᠷᠭᠧ ᠮᠠᠨ ᠤ᠋ ᠳ᠋ᠤ᠌ ᠵᠣᠴᠢᠯᠠᠨ ᠰᠠᠭᠤᠵᠤ ᠪᠠᠢᠬᠤ ᠳ᠋ᠠᠭᠠᠨ ᠨᠢᠭᠡ ᠤᠳᠠᠭ᠎ᠠ ᠬᠠᠮᠤᠭ ᠤ᠋ᠨ ᠬᠦᠨᠳᠦᠲᠡᠢ ᠰᠸᠸᠳ᠋ᠸᠨ ᠬᠥᠮᠦᠨ ᠢ᠋ ᠨᠠᠳᠠ ᠠᠪᠴᠢᠷᠠᠵᠤ ᠲᠠᠨᠢᠯᠴᠠᠭᠤᠯᠤᠭᠰᠠᠨ ᠶᠤᠮ᠃ 
       — ᠡᠨᠡ ᠪᠣᠯ ᠯᠠᠷᠰᠤᠨ ᠠᠪᠤᠭᠠᠢ᠂ ᠮᠣᠩᠭᠣᠯ ᠤ᠋ᠨ ᠬᠦᠩ ! ᠲᠣᠮᠣ ᠪᠡᠶ᠎ᠡ ᠲᠡᠢ᠂ ᠥᠷᠭᠡᠨ ᠮᠥᠷᠥ ᠲᠡᠢ᠂ ᠨᠠᠰᠤᠨ ᠳ᠋ᠠᠭᠠᠨ ᠳᠠᠷᠤᠭᠳᠠᠨ ᠪᠠᠭ᠎ᠠ ᠵᠡᠷᠭᠡ ᠮᠥᠷᠥ ᠪᠡᠷ ᠢ᠋ᠶ᠋ᠡᠨ ᠪᠥᠭᠲᠥᠢᠭᠰᠡᠨ ᠂ ᠳᠣᠮᠣᠭ ᠶᠠᠷᠢᠶ᠎ᠠ ᠮᠡᠲᠦ ᠶᠠᠷᠢᠭᠳᠠᠳᠠᠭ ᠨᠤᠷᠮᠠᠨ ᠬᠥᠮᠦᠨ ᠮᠢᠨᠦ ᠡᠮᠦᠨ᠎ᠡ ᠵᠣᠭᠰᠣᠵᠤ ᠪᠠᠢᠯ᠎ᠠ᠃ ᠲᠡᠷᠡ ᠦᠭᠡ ᠶᠠᠷᠢᠶ᠎ᠠ ᠴᠥᠭᠡᠨ ᠲᠡᠢ ᠂ ᠮᠢᠨᠦ ᠲᠣᠭᠠᠯᠠᠰᠢ ᠦᠭᠡᠢ ᠣᠯᠠᠨ ᠠᠰᠠᠭᠤᠯᠲᠠ ᠳ᠋ᠤ᠌ ᠵᠥᠪᠬᠡᠨ ᠣᠬᠣᠷᠬᠠᠨ 《ᠲᠡᠢᠮᠦ !  ᠪᠢᠰᠢ ᠠ᠋ !》ᠭᠡᠬᠦ ᠦᠭᠡ ᠪᠡᠷ ᠬᠠᠷᠢᠭᠤᠯᠲᠠ ᠥᠭᠭᠦᠨ ᠂ ᠬᠠᠶᠠ ᠯᠠ ᠴᠢᠬᠤᠯᠠ ᠲᠠᠢ ᠦᠶ᠎ᠡ ᠳ᠋ᠡᠭᠡᠨ ᠰᠸᠸᠳ᠋ᠸᠨ ᠦ᠌ ᠠᠶᠠᠯᠭᠤ ᠲᠠᠢ ᠠᠩᠭ᠌ᠯᠢ ᠬᠡᠯᠡ ᠪᠡᠷ ᠡᠳᠦᠢ ᠲᠡᠳᠦᠢ ᠨᠥᠬᠥᠪᠥᠷᠢᠯᠡᠨ ᠶᠠᠷᠢᠵᠤ ᠪᠠᠢᠪᠠ᠃ ᠲᠡᠷᠡ ᠦᠶ᠎ᠡ ᠳ᠋ᠦ᠍ ᠪᠢ ᠲᠡᠭᠦᠨ ᠦ᠌ ᠮᠣᠩᠭᠣᠯ ᠤ᠋ᠨ ᠬᠦᠩ ᠴᠣᠯᠠ ᠨᠢ ᠴᠣᠬᠣᠮ ᠦᠨᠡᠨ ᠡᠰᠡᠬᠦ ᠶ᠋ᠢ ᠮᠡᠳᠡᠬᠦ ᠦᠭᠡᠢ᠂ ᠮᠣᠩᠭᠣᠯ ᠳ᠋ᠤ᠌ ᠤᠳᠠᠭᠠᠨ ᠵᠢᠯ ᠠᠮᠢᠳᠤᠷᠠᠭᠰᠠᠨ ᠠ᠋ᠴᠠ ᠡᠢᠮᠦᠷᠬᠦᠦ ᠬᠣᠴᠢ ᠴᠣᠯᠠ ᠣᠯᠤᠭᠰᠠᠨ ᠴᠤ᠌ ᠶᠤᠮ ᠤᠤ ᠭᠡᠵᠦ ᠪᠣᠳᠣᠵᠤ ᠪᠠᠢᠭᠰᠠᠨ ᠪᠣᠯᠬᠣᠷ ᠠᠩᠬᠠᠨ ᠤ᠋ ᠠᠭᠤᠯᠵᠠᠯᠲᠠ ᠪᠠᠷ ᠨᠠᠳᠠ ᠳ᠋ᠤ᠌ ᠲᠡᠷᠡ ᠶᠠᠭ ᠯᠠ ᠱᠦᠷᠭᠦᠭᠡᠵᠦ ᠵᠠᠰᠠᠭᠰᠠᠨ ᠦᠭᠡᠢ ᠠᠯᠮᠠᠰ ᠴᠢᠯᠠᠭᠤ ᠰᠢᠭ᠋ ᠪᠦᠳᠦᠭᠦᠯᠢᠭ᠂ ᠠᠭᠤᠷᠬᠠᠢᠴᠢᠨ ᠰᠢᠭ᠋ ᠤᠳᠠᠭᠠᠨ ᠪᠢᠳᠠᠭᠤᠯᠢᠭ ᠰᠠᠨᠠᠭᠳᠠᠭᠰᠠᠨ ᠶᠤᠮ᠃ ᠲᠡᠭᠦᠨ ᠦ᠌ ᠴᠠᠭᠠᠨ᠎ᠠ ᠨᠢ ᠨᠢᠭᠤᠭᠳᠠᠵᠤ ᠪᠠᠢᠭ᠎ᠠ ᠴᠥᠮ᠎ᠡ ᠲᠡᠢ ᠨᠢ ᠬᠣᠵᠢᠮ ᠪᠢ ᠲᠡᠭᠦᠨ ᠲᠡᠢ ᠨᠠᠢᠵᠠ ᠪᠣᠯᠤᠭᠰᠠᠨ ᠤ᠋ ᠳᠠᠷᠠᠭ᠎ᠠ᠂ ᠨᠡᠩ ᠴᠦ᠍ ᠮᠢᠨᠦ ᠦᠵᠡᠬᠦ ᠪᠡᠷ ᠰᠠᠢᠨ ᠨᠠᠢᠵᠠ ᠪᠣᠯᠤᠯᠴᠠᠭᠰᠠᠨ ᠤ᠋ ᠳᠠᠷᠠᠭ᠎ᠠ ᠲᠠᠨᠢᠯᠴᠠᠭᠰᠠᠨ ᠶᠤᠮ᠃ 
       — ᠬᠣᠲᠠ ᠳ᠋ᠤ᠌ ᠪᠠᠢᠬᠤ ᠪᠠᠷ ᠨᠢ ᠮᠢᠨᠦ ᠪᠡᠶ᠎ᠡ ᠡᠪ ᠦᠭᠡᠢ ᠣᠷᠬᠢᠭᠠᠳ ᠪᠠᠢᠬᠤ ᠶᠤᠮ᠂ ᠡᠨᠡ ᠳᠠᠭᠤ ᠱᠤᠤᠭᠢᠶᠠᠨ ᠤᠲᠤᠭ᠎ᠠ ᠲᠣᠭᠣᠰᠣ ᠶ᠋ᠢ ᠶᠠᠭ ᠲᠡᠰᠪᠦᠷᠢᠯᠡᠵᠦ ᠴᠢᠳᠠᠬᠤ ᠦᠭᠡᠢ ᠶᠦᠮ ᠭᠡᠵᠦ ᠲᠡᠷᠡ ᠨᠢᠭᠡᠨ ᠡᠳᠦᠷ ᠨᠠᠳᠠ ᠲᠠᠢ ᠵᠡᠭᠡᠯᠢ ᠳᠡᠭᠡᠷ᠎ᠡ ᠠᠭᠤᠯᠵᠠᠬᠤ ᠵᠠᠭᠤᠷ᠎ᠠ ᠶᠠᠷᠢᠪᠠ᠃ ᠨᠢᠭᠡ ᠬᠡᠰᠡᠭ ᠬᠠᠮᠲᠤ ᠠᠯᠬᠤᠯᠠᠭᠰᠠᠨ ᠢ᠋ᠶ᠋ᠠᠨ ᠲᠡᠷᠡ : 
       — ᠮᠣᠩᠭᠣᠯ ᠤ᠋ᠨ ᠬᠠᠭᠤᠴᠢᠨ ᠨᠠᠢᠵᠡᠳ ᠦ᠋ᠨ ᠮᠢᠨᠢ ᠨᠢᠭᠡ ᠨᠢ ᠠᠳᠠ ᠪᠠᠢᠭ᠎ᠠ᠂ ᠲᠠ ᠲᠡᠭᠦᠨ ᠲᠡᠢ ᠲᠠᠨᠢᠯᠴᠠᠶ᠎ᠠ ᠭᠡᠵᠦ ᠬᠦᠰᠡᠵᠦ ᠪᠠᠢᠨ᠎ᠠ ᠤᠤ? ᠭᠡᠯ᠎ᠡ᠃ 
       — ᠳᠡᠭᠡᠯ ᠦᠭᠡᠢ ᠶᠠᠭᠠᠬᠢᠬᠤ ᠪᠣᠢ᠂ ᠬᠡᠨ ᠭᠡᠳᠡᠭ ᠨᠡᠷ᠎ᠡ ᠲᠡᠢ ᠪᠣᠢ? 
       — ᠨᠢᠭᠡ ᠬᠤᠪᠢᠯᠭᠠᠨ ᠬᠤᠲᠤᠭᠲᠤ᠂ ᠮᠣᠩᠭᠣᠯᠴᠤᠳ ᠲᠡᠭᠦᠨ ᠢ᠋ ᠠᠮᠢᠳᠤ ᠪᠤᠷᠬᠠᠨ ᠭᠡᠮᠡᠨ ᠬᠦᠨᠳᠦᠳᠬᠡᠨ ᠰᠢᠲᠦᠳᠡᠭ᠃ ᠥᠨᠥ ᠦᠳᠡᠰᠢ ᠪᠢ ᠲᠡᠭᠦᠨ ᠢ᠋ ᠲᠠᠨ ᠤ᠋ ᠬᠢᠨ ᠳ᠋ᠦ᠍ ᠳᠠᠭᠠᠭᠤᠯᠵᠤ ᠬᠦᠷᠦᠶ᠎ᠡ ᠬᠡᠮᠡᠭᠡᠳ ᠤᠤᠯ ᠤ᠋ᠨ ᠬᠢ ᠲᠡᠢ ᠪᠡᠨ ᠠᠳᠠᠯᠢ ᠪᠠᠷ ᠳᠣᠣᠷ᠎ᠠ ᠪᠠᠨ ᠠᠶᠠᠷᠯᠠᠪᠠ᠃ ᠲᠡᠷᠡ ᠦᠳᠡᠰᠢ ᠨᠢ ᠢᠷᠡᠨ᠎ᠡ ᠭᠡᠰᠡᠨ ᠵᠣᠴᠢᠨ ᠢ᠋ᠶ᠋ᠠᠨ ᠪᠢ ᠲᠡᠰᠬᠦ ᠠᠯᠳᠠᠷᠠᠨ ᠬᠦᠯᠢᠶᠡᠵᠦ ᠪᠠᠢᠲᠠᠯ᠎ᠠ ᠡᠴᠦᠰ ᠲᠡᠭᠡᠨ ᠡᠭᠦᠳᠡᠨ ᠦ᠌ ᠬᠣᠩᠬᠣ ᠳᠤᠤᠭᠠᠷᠪᠠ᠃ ᠯᠠᠷᠰᠣᠨ ᠲᠠᠢ ᠴᠣᠭ ᠣᠷᠣᠵᠤ ᠢᠷᠡᠭᠰᠡᠨ ᠬᠥᠮᠦᠨ ᠢ᠋ ᠠᠵᠢᠭᠯᠠᠬᠤ ᠳ᠋ᠤ᠌ ᠶᠠᠭ ᠯᠠ ᠪᠤᠷᠬᠠᠨ ᠤ᠋ ᠬᠥᠷᠥᠭ ᠮᠡᠲᠦ ᠲᠥᠪ ᠶᠡᠬᠡᠮᠰᠦᠭ ᠮᠥᠷᠲᠡᠭᠡᠨ ᠨᠢᠭᠤᠴᠠᠭᠠᠢ ᠰᠠᠨᠠᠭᠳᠠᠵᠤ ᠪᠠᠢᠪᠠ᠃ ᠲᠡᠷᠡ ᠪᠤᠯᠠᠭᠠᠨ ᠮᠠᠯᠠᠭᠠᠢ ᠲᠠᠢ᠂ ᠰᠢᠷ᠎ᠠ ᠬᠦᠷᠡᠩ ᠪᠠᠩᠵᠠᠯ ᠲᠠᠢ᠂ ᠤᠯᠠᠭᠠᠨ ᠨᠣᠭᠣᠭᠠᠨ ᠡᠮᠵᠢᠶᠡᠷᠢ ᠲᠡᠢ ᠭᠤᠲᠤᠯ ᠡᠮᠦᠰᠴᠦ᠂ ᠭᠠᠷ ᠲᠠᠭᠠᠨ ᠤᠯᠠᠭᠠᠨ ᠱᠢᠷᠤᠨ ᠡᠷᠢᠭᠡ ᠪᠠᠷᠢᠵᠠᠢ᠃ ᠴᠡᠴᠡᠭ ᠡᠪᠡᠳᠴᠢᠨ ᠡᠴᠡ ᠦᠯᠡᠳᠡᠭᠰᠡᠨ ᠰᠣᠷᠪᠢ ᠲᠠᠢ ᠨᠢᠭᠤᠷ ᠳᠠᠬᠢ ᠬᠤᠷᠴᠠ ᠬᠣᠶᠠᠷ ᠨᠢᠳᠦ ᠨᠢ ᠭᠢᠯᠠᠯᠵᠠᠨ ᠨᠠᠮᠠᠶ᠋ᠢ ᠠᠵᠢᠭᠯᠠᠬᠤ ᠠᠵᠢ᠃ 
       — ᠳ᠋ᠢᠯᠸ᠎ᠠ ᠬᠤᠲᠤᠭᠲᠤ ( ᠵᠢᠷᠤᠭ 4᠂113 )  ᠭᠡᠮᠡᠨ ᠯᠠᠷᠰᠣᠨ ᠨᠠᠢᠵᠠ ᠪᠠᠨ ᠲᠠᠨᠢᠯᠴᠠᠭᠤᠯᠪᠠ᠃ ᠪᠢᠳᠡ ᠴᠠᠢ ᠤᠤᠭᠤᠬᠤ ᠵᠠᠭᠤᠷ᠎ᠠ ᠪᠠᠨ ᠡᠳᠦᠷ ᠳᠣᠳᠣᠮ ᠤ᠋ᠨ ᠶᠠᠷᠢᠶ᠎ᠠ ᠳᠡᠯᠭᠡᠵᠦ ᠰᠠᠭᠤᠪᠠ ᠃ ᠬᠤᠲᠤᠭᠲᠤ ᠪᠠᠭ᠎ᠠ ᠰᠠᠭ᠎ᠠ ᠯᠠ ᠬᠢᠲᠠᠳ ᠬᠡᠯᠡ ᠮᠡᠳᠡᠳᠡᠭ ᠠᠵᠢ᠃ ᠶᠠᠷᠢᠶᠠᠨ ᠤ᠋ ᠳᠤᠮᠳᠠ ᠭᠣᠣᠯᠳᠠᠭᠤ ᠯᠡᠷᠰᠣᠨ ᠬᠡᠯᠡᠮᠦᠷᠴᠢᠯᠡᠵᠦ ᠪᠠᠢᠪᠠ᠃ ᠴᠠᠭ ᠥᠩᠭᠡᠷᠡᠬᠦ ᠶ᠋ᠢ ᠳᠠᠭᠠᠯᠳᠤᠨ ᠢᠷᠡᠭᠰᠡᠨ ᠵᠣᠴᠢᠨ ᠮᠠᠨᠢ ᠠᠭᠠᠵᠢᠮ ᠢ᠋ᠶ᠋ᠠᠷ ᠲᠠᠯᠪᠢᠭᠤᠷᠠᠨ ᠶᠠᠷᠢᠶ᠎ᠠ ᠬᠥᠭᠡᠷᠦᠭᠡ ᠨᠢ ᠢᠯᠡᠭᠦᠦ ᠪᠣᠯᠵᠤ ᠂ ᠢᠨᠢᠶᠡᠳᠦ ᠲᠡᠢ ᠦᠭᠡ ᠶᠠᠷᠢᠶ᠎ᠠ ᠲᠠᠭᠠᠷᠠᠬᠤ ᠪᠠᠷ ᠬᠠᠳᠠᠭᠠᠨᠠᠲᠠᠯ᠎ᠠ ᠪᠠᠨ ᠢᠨᠢᠶᠡᠵᠦ᠂ ᠡᠮᠦᠨ᠎ᠡ ᠨᠢ ᠲᠠᠯᠪᠢᠭᠰᠠᠨ ᠥᠨᠳᠡᠭᠡᠨ ᠪᠣᠣᠪᠣ ᠶ᠋ᠢ ᠠᠮᠲᠠᠷᠬᠠᠨ ᠢᠳᠡᠪᠡ ᠃ ᠲᠡᠳᠡᠨ ᠢ᠋ ᠠᠶᠠᠷᠯᠠᠬᠤ ᠪᠣᠯᠬᠤ ᠳ᠋ᠤ᠌ ᠪᠢ ᠠᠮᠢᠰᠬᠤᠭ᠎ᠠ ᠪᠠᠨ ᠳᠠᠷᠤᠨ ᠪᠠᠢᠵᠤ᠄ 
       — ᠲᠠ ᠪᠡᠭᠡᠵᠢᠩ ᠡᠴᠡ ᠬᠠᠮᠢᠭᠠᠰᠢ ᠪᠠᠨ ᠶᠠᠪᠤᠬᠤ ᠭᠡᠵᠦ ᠪᠠᠢᠨ᠎ᠠ ?  ᠭᠡᠵᠦ ᠠᠰᠠᠭᠤᠪᠠ᠃ 
       — ᠤᠷᠢᠳ ᠢ᠋ᠶ᠋ᠠᠷ ᠣᠷᠳᠣᠰ ᠬᠦᠷᠴᠦ ᠲᠡᠨᠳᠡ ᠡᠴᠡ ᠴᠢᠨᠠᠭᠰᠢ ᠠᠯᠠᠱᠠ ᠳ᠋ᠤ᠌ ᠣᠴᠢᠨ᠎ᠠ᠃ 
       — ᠲᠡᠨᠳᠡ ᠲᠠᠨ ᠤ᠋ ᠭᠡᠷ ᠪᠠᠢᠭ᠎ᠠ ᠤᠤ? 
       — ᠦᠭᠡᠢ᠂ ᠮᠢᠨᠦ ᠡᠮᠦᠨᠡᠬᠢ ᠳᠦᠷᠢ ᠨᠣᠭᠦᠳ ᠲᠡᠨᠳᠡ ᠰᠦᠮ᠎ᠡ ᠪᠠᠢᠭᠤᠯᠤᠭᠤᠯᠤᠭᠰᠠᠨ ᠪᠣᠯᠪᠠᠴᠤ ᠪᠢ ᠶᠡᠷᠦ ᠡᠴᠡ ᠬᠦᠷᠴᠦ ᠦᠵᠡᠭᠡ ᠦᠭᠡᠢ ᠶᠦᠮ᠃ ᠰᠦᠵᠢᠭᠲᠡᠨ ᠣᠯᠠᠨ ᠤ᠋ ᠶᠠᠷᠢᠬᠤ ᠪᠠᠷ ᠲᠡᠨᠳᠡᠬᠢ ᠰᠦᠮ᠎ᠡ ᠮᠢᠨᠢ ᠨᠡᠯᠢᠶᠡᠳ ᠵᠦᠳᠡᠭᠦᠦ ᠪᠠᠢᠭ᠎ᠠ ᠪᠣᠯᠤᠯᠲᠠᠢ᠂ ᠪᠢ ᠬᠦᠷᠴᠦ ᠲᠡᠨᠳᠡᠬᠢ ᠶ᠋ᠢ ᠰᠠᠢᠵᠢᠷᠠᠭᠤᠯᠤᠨ᠎ᠠ᠃  ᠨᠡᠯᠢᠶᠡᠳ ᠬᠡᠳᠦᠨ ᠰᠸᠺᠦᠨ᠋ᠳ᠋ ᠲᠡᠭᠦᠨ ᠢ᠋ ᠬᠠᠷᠠᠬᠤ ᠵᠣᠷᠢᠭ ᠬᠦᠷᠦᠭᠰᠡᠨ ᠦᠭᠡᠢ᠃ ᠲᠡᠷᠡ ᠮᠢᠨᠦ ᠲᠠᠭᠯᠠᠷᠠᠨ ᠪᠠᠢᠭ᠎ᠠ ᠶ᠋ᠢ ᠬᠠᠷᠠᠭᠰᠠᠨ ᠤ᠋ ᠳᠠᠷᠠᠭ᠎ᠠ ᠲᠡᠭᠦᠨ ᠦ᠌ ᠵᠠᠯᠠᠭᠤ ᠶ᠋ᠢᠨ ᠦᠶ᠎ᠡ ᠶ᠋ᠢᠨ ᠦᠯᠢᠭᠡᠷ ᠢ᠋ᠶ᠋ᠡᠨ ᠲᠦᠷᠦᠭᠦᠴᠢ ᠶ᠋ᠢᠨ ᠬᠢ ᠲᠡᠢ ᠠᠳᠠᠯᠢᠬᠠᠨ ᠠᠶᠠᠯᠭᠤ ᠬᠥᠭ ᠢ᠋ᠶ᠋ᠡᠷ ᠶᠠᠷᠢᠯ᠎ᠠ᠄ 
       — ᠠᠯᠠᠱᠠ ᠪᠣᠯ ᠮᠢᠨᠦ ᠨᠤᠲᠤᠭ ᠶᠤᠮ᠂ ᠭᠡᠬᠦ ᠳ᠋ᠦ᠍ ᠮᠢᠨᠦ ᠡᠮᠦᠨ᠎ᠡ ᠳᠦᠷᠢ ᠨᠣᠭᠦᠳ ᠰᠡᠭᠦᠯᠡᠷ ᠨᠢ ᠣᠯᠠᠨ ᠤᠳᠠᠭ᠎ᠠ ᠠᠷᠤ ᠮᠣᠩᠭᠣᠯ ᠳ᠋ᠤ᠌ ᠲᠣᠳᠣᠷᠠᠭᠰᠠᠨ ᠪᠢᠯᠡ᠃ ᠠᠷᠤ ᠮᠣᠩᠭᠣᠯ ᠳ᠋ᠤ᠌ ᠪᠢ ᠣᠷᠣᠰᠴᠤᠳ ᠢᠷᠡᠵᠦ ᠦᠯᠳᠡᠨ ᠬᠥᠭᠡᠭᠡᠬᠦ ᠪᠣᠯᠲᠠᠯ᠎ᠠ ᠠᠮᠢᠳᠤᠷᠠᠵᠤ ᠪᠠᠢᠭᠰᠠᠨ ᠢ᠋ᠶ᠋ᠠᠨ ᠱᠠᠪᠢ ᠨᠠᠷ ᠢ᠋ᠶ᠋ᠠᠨ ᠳᠠᠭᠠᠭᠤᠯᠵᠤ ᠥᠪᠥᠷ ᠮᠣᠩᠭᠣᠯ ᠳ᠋ᠤ᠌ ᠳᠦᠷᠪᠡᠵᠦ ᠢᠷᠡᠭᠡᠳ ᠰᠥᠨᠢᠳ ᠸᠠᠩ ᠤ᠋ᠨ ᠭᠠᠵᠠᠷ ᠨᠤᠲᠤᠭ ᠲᠤ᠌ ᠢᠷᠡᠭᠰᠡᠨ ᠶᠦᠮ᠃ ᠣᠳᠣ ᠪᠣᠯ ᠬᠠᠭᠤᠴᠢᠨ ᠨᠤᠲᠤᠭ ᠢ᠋ᠶ᠋ᠠᠨ ᠡᠷᠭᠢᠨ ᠦᠵᠡᠬᠦ ᠶᠠᠭ ᠲᠠᠭᠠᠷᠠᠭᠰᠠᠨ ᠰᠠᠢᠬᠠᠨ ᠴᠠᠭ ᠮᠥᠨ᠃ 
       — ᠲᠠ ᠲᠡᠭᠡᠭᠡᠳ ᠡᠮᠦᠨᠡᠬᠢ ᠳᠦᠷᠢ ᠨᠣᠭᠦᠳ ᠢ᠋ᠶ᠋ᠡᠨ ᠡᠷᠭᠢᠴᠡᠭᠦᠯᠦᠨ ᠪᠣᠳᠣᠳᠠᠭ ᠤᠤ?  ᠭᠡᠵᠦ ᠪᠢ ᠵᠣᠷᠢᠭᠯᠠᠨ ᠠᠰᠠᠭᠤᠪᠠ᠃ 
       — ᠪᠢ ᠡᠷᠭᠢᠴᠡᠭᠦᠯᠦᠨ ᠪᠣᠳᠣᠳᠠᠭ ᠦᠭᠡᠢ᠂ ᠪᠢ ᠠᠯᠢᠪᠠ ᠪᠦᠬᠦᠨ ᠢ᠋ ᠮᠡᠳᠡᠨ᠎ᠡ ᠭᠡᠮᠡᠨ ᠲᠣᠳᠣᠷᠬᠠᠢ ᠪᠥᠭᠡᠳ ᠢᠲᠡᠭᠡᠯᠲᠡᠢ ᠬᠡᠯᠡᠭᠡᠳ ᠭᠠᠳᠠᠭᠰᠢ ᠪᠠᠨ ᠶᠠᠪᠤᠬᠤ ᠪᠠᠷ ᠪᠡᠯᠡᠳᠬᠡᠪᠡ᠃ ᠯᠠᠷᠰᠣᠨ ᠮᠢᠨᠦ ᠭᠠᠢᠬᠠᠰᠢ ᠲᠥᠷᠥᠭᠰᠡᠨ ᠴᠢᠷᠠᠢ ᠶ᠋ᠢ ᠬᠠᠷᠠᠭᠠᠳ ᠢᠨᠢᠶᠡᠮᠰᠦᠭᠯᠡᠵᠦ ᠨᠠᠳᠠ ᠤᠷᠤᠭᠤ ᠬᠠᠨᠳᠤᠨ ᠠᠩᠭ᠌ᠯᠢ ᠬᠡᠯᠡ ᠪᠡᠷ :
       — ᠮᠣᠩᠭᠣᠯ ᠳ᠋ᠤ᠌ ᠡᠢᠮᠦ ᠪᠠᠢᠳᠠᠭ ᠶᠤᠮ᠃ ᠰᠣᠨᠢᠷᠬᠠᠯᠲᠠᠢ᠂ ᠨᠢᠭᠤᠴᠠᠭᠠᠢ ᠮᠥᠷᠲᠡᠭᠡᠨ ᠭᠣᠶᠣ ᠰᠠᠢᠬᠠᠨ᠃ ᠶᠣᠰᠣᠲᠠᠢ ᠭᠣᠶᠣ ᠰᠢᠦ ! ᠬᠡᠮᠡᠭᠡᠳ ᠨᠡᠯᠢᠶᠡᠳ ᠤᠳᠠᠭᠰᠠᠨ ᠤ᠋ ᠳᠠᠷᠠᠭ᠎ᠠ ᠲᠠ ᠲᠡᠭᠡᠭᠡᠳ ᠬᠡᠵᠢᠶ᠎ᠡ ᠪᠢᠳᠡᠨ ᠢ᠋ ᠦᠵᠡᠬᠦ ᠪᠡᠷ ᠣᠴᠢᠨ᠎ᠠ ᠪᠢᠯᠡ ? ᠭᠡᠮᠡᠨ ᠠᠰᠠᠭᠤᠯ᠎ᠠ᠃ ᠳᠠᠷᠠᠭ᠎ᠠ ᠵᠢᠯ ᠦ᠋ᠨ ᠬᠠᠪᠤᠷ ᠨᠢ ᠪᠢ ᠠᠩᠬ᠎ᠠ ᠤᠳᠠᠭ᠎ᠠ ᠨᠣᠮᠢᠨ ᠨᠣᠭᠣᠭᠠᠨ ᠲᠠᠯ᠎ᠠ ᠨᠤᠲᠤᠭ ᠲᠤ᠌ ᠠᠶᠠᠯᠠᠭᠰᠠᠨ ᠢ᠋ᠶ᠋ᠠᠷ ᠪᠠᠷᠠᠬᠤ ᠦᠭᠡᠢ ᠤᠳᠠᠯ ᠦᠭᠡᠢ ᠬᠣᠢᠨ᠎ᠠ ᠬᠣᠢᠨ᠎ᠠ ᠠ᠋ᠴᠠ ᠨᠢ ᠬᠡᠳᠦ ᠤᠳᠠᠭ᠎ᠠ ᠠᠶᠠᠯᠠᠭᠰᠠᠨ ᠪᠢᠯᠡ᠃ ᠳᠠᠷᠠᠭᠠᠴᠢ ᠶ᠋ᠢᠨ ᠪᠢᠴᠢᠭᠰᠡᠨ ᠲᠡᠮᠳᠡᠭᠯᠡᠯ ᠪᠣᠯ 1934 ~1936 ᠣᠨ ᠤ᠋ ᠬᠡᠷᠡᠭ ᠤᠴᠢᠷ ᠤ᠋ᠳ ᠪᠣᠯᠤᠨ᠎ᠠ᠃ ᠡᠨᠡ ᠨᠢ ᠡᠷᠬᠡ ᠴᠢᠯᠥᠭᠡᠲᠡᠢ᠂ ᠡᠩᠬᠡ ᠲᠠᠢᠪᠤᠩ ᠠᠮᠢᠳᠤᠷᠠᠯ ᠲᠠᠢ ᠮᠣᠩᠭᠣᠯᠴᠤᠴᠳ ᠢ᠋ ᠮᠠᠭᠤᠵᠢᠷᠠᠯ ᠳᠣᠷᠣᠢᠲᠠᠯ ᠳ᠋ᠤ᠌ ᠣᠷᠣᠭᠤᠯᠬᠤ ᠶᠡᠬᠡ ᠬᠤᠪᠢᠰᠤᠯ ᠤ᠋ᠨ ᠡᠮᠦᠨᠡᠬᠡᠨ ᠦ᠌ ᠬᠡᠷᠡᠭ ᠪᠢᠯᠡ᠃ 

         ( ᠵᠢᠷᠤᠭ 4)