ᠮᠢᠩᠭᠠᠨᠠ ᠥᠬᠢᠨ – ᠶᠣᠨᠳᠣᠨ ᠤ ᠪᠢᠯᠢᠭ᠌ - ᠪᠠᠭᠠᠲᠤᠷ - Мянгана охин –Ёндоны Билиг - Баатар
ᠮᠢᠩᠭᠠᠨᠠ ᠥᠬᠢᠨ
( ᠳᠠᠭᠤᠨ ᠤ ᠰᠢᠯᠦᠭ )
ᠠᠩᠭ᠌ᠯᠢ ᠶ᠋ᠢᠨ ᠯᠣᠨᠳᠣᠨ ᠳ᠋ᠤ᠌ ᠭᠢᠯᠠᠯᠵᠠᠵᠤ ᠪᠠᠢᠨ᠎ᠠ
ᠠᠰᠬ᠎ᠠ ᠬᠠᠳᠠ ᠠᠪᠠᠷᠢᠵᠤ ᠰᠤᠷ ᠬᠠᠷᠪᠤᠳᠠᠭ
ᠠᠪᠤᠷᠭᠤ ᠳᠠᠪᠠᠯᠭᠠᠨ ᠰᠥᠷᠴᠦ ᠠᠳᠤᠭᠤ ᠬᠠᠢᠷᠠᠯᠠᠳᠠᠭ
ᠡᠪᠦᠭᠡᠨ ᠪᠤᠭᠤᠷᠤᠯ ᠠᠪᠤ ᠶ᠋ᠢ ᠪᠡᠨ ᠦᠷᠬᠦᠢ ᠰᠠᠨᠠᠬᠤᠯᠠᠷ ᠢ᠋ᠶ᠋ᠠᠨ
ᠡᠪᠡᠰᠦᠨ ᠲᠣᠯᠣᠭᠠᠢ ᠶ᠋ᠢᠨ ᠨᠠᠢᠭᠤᠭᠠᠨ ᠢ᠋ ᠲᠡᠪᠡᠷᠢᠳᠡᠭ ᠠ᠋
ᠥᠪᠥᠷ ᠮᠣᠩᠭᠣᠯ ᠢ᠋ᠶ᠋ᠠᠨ ᠲᠠᠩᠳᠠ ᠵᠡᠭᠦᠳᠦᠯᠡᠬᠦ ᠪᠡᠷ ᠢ᠋ᠶ᠋ᠡᠨ
ᠥᠪᠡᠷ ᠦ᠋ᠨ ᠡᠷᠬᠡ ᠦᠭᠡᠢ ᠭᠡᠨᠡᠲᠡᠢ ᠳᠡᠩᠳᠡᠷᠢᠳᠡᠭ ᠠ᠋
ᠵᠧ ᠬᠦᠢ᠂
ᠰᠣᠯᠣᠩᠭᠠᠨ ᠨᠤᠲᠤᠭ
ᠰᠦᠮᠪᠦᠷ ᠳᠦᠩᠭᠦᠷ ᠶᠦᠮ ᠳᠡ
ᠰᠦᠨ ᠦᠨᠦᠷ ᠲᠡᠢ
ᠬᠠᠴᠢᠨ ᠬᠣᠯᠠ ᠶᠤᠮ ᠳᠠ
ᠰᠢᠯᠦᠭ ᠪᠦᠲᠦᠭᠡᠳᠡᠭ ᠮᠢᠨᠦ ᠡᠪᠦᠭᠡᠨ ᠠᠪᠤ
ᠰᠢᠯᠢ ᠶ᠋ᠢᠨ ᠭᠣᠣᠯ ᠳ᠋ᠤ᠌ ᠠᠮᠢᠳᠤᠷᠠᠵᠤ ᠪᠠᠢᠨ᠎ᠠ
ᠬᠦᠴᠦᠲᠡᠢ ᠠᠢᠷᠠᠭ ᠵᠠᠯᠭᠢᠯᠠᠵᠤ ᠰᠢᠳᠡᠷ᠎ᠡ ᠨᠠᠭᠠᠳᠤᠳᠠᠭ ᠠ᠋
ᠬᠥᠮᠦᠨ ᠡᠴᠡ ᠳᠠᠯᠳᠠᠭᠤᠷ ᠤᠬᠢᠯᠠᠵᠤ ᠲᠠᠮᠠᠬᠢ ᠲᠠᠲᠠᠳᠠᠭ ᠠ᠋
ᠡᠩᠬᠦᠷᠡᠢ ᠥᠬᠢᠨ ᠢ᠋ᠶ᠋ᠡᠨ ᠳᠡᠩᠳᠡᠭᠦᠦ ᠰᠠᠨᠠᠬᠤᠯᠠᠷ ᠢ᠋ᠶ᠋ᠠᠨ
ᠥᠷᠥᠨᠡᠳᠠᠬᠢᠨ ᠤ᠋ ᠪᠤᠮᠠᠨ ᠣᠳᠣᠳ ᠢ᠋ ᠲᠡᠮᠲᠡᠷᠢᠳᠡᠭ ᠠ᠋
ᠥᠷᠥᠴᠡ ᠵᠢᠷᠦᠬᠡ ᠨᠢ ᠰᠦᠷᠡᠬᠡᠢ ᠵᠢᠮᠵᠢᠭᠢᠨᠡᠬᠦ ᠪᠡᠷ ᠢ᠋ᠶ᠋ᠡᠨ
ᠥᠨᠳᠥᠷ ᠠᠭᠤᠯᠠ ᠶ᠋ᠢᠨ ᠣᠷᠭᠢᠯ ᠰᠢᠷᠳᠡᠳᠡᠭ ᠠ᠋
ᠵᠧ ᠬᠦᠢ᠂
ᠵᠡᠷᠭᠡᠯᠭᠡᠨ ᠲᠡᠢ ᠬᠣᠷᠸ᠎ᠠ
ᠵᠢᠩᠭᠡᠷ ᠭᠠᠩᠭᠠᠷ ᠶᠤᠮ ᠳᠠ
ᠵᠢᠩᠬᠢᠨᠢ ᠶ᠋ᠢᠨ ᠦᠢᠯᠡᠰ
ᠵᠠᠷᠯᠢᠭ ᠲᠠᠩᠭᠠᠷᠢᠭ ᠶᠤᠮ ᠳᠠ
2024᠂ 6᠂ 6᠃ ᠰᠥᠨᠢ ᠶ᠋ᠢᠨ ᠭᠦᠨ
ᠬᠥᠬᠡᠬᠣᠲᠠᠨ᠎ᠠ ᠪᠦᠲᠦᠭᠡᠪᠡᠢ᠃

