ᠢᠨᠵᠠᠭᠠᠨ ᠵᠦᠰᠡ3(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 3(солонгон найраглал※)Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠢᠨᠵᠠᠭᠠᠨ ᠵᠦᠰᠡ3(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 3(солонгон найраглал※)Ёндоны Билиг - Баатар

ᠢᠨᠵᠠᠭᠠᠨ ᠵᠦᠰᠡ3(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 3(солонгон найраглал※)Ёндоны Билиг - Баатар

2024-06-07

357

ᠭᠤᠷᠪᠠ ᠴᠠᠭᠠᠨ


            
          ᠭᠤᠷᠪᠠ   ᠴᠠᠭᠠᠨ  

 ᠣᠷᠣᠬᠤ ᠲᠡᠭᠷᠢ ᠶ᠋ᠢᠨ ᠣᠷᠣᠢ ᠨᠢ ᠴᠤᠭᠤᠷᠬᠠᠢ 
 ᠣᠷᠣᠬᠤ ᠦᠭᠡᠢ ᠲᠡᠭᠷᠢ ᠶ᠋ᠢᠨ ᠵᠤᠯᠠᠢ ᠨᠢ ᠪᠢᠲᠡᠭᠦᠦ 
 ᠳᠠᠭᠤᠲᠤ ᠲᠡᠭᠷᠢ ᠪᠣᠷᠣᠭᠠᠨ ᠦᠭᠡᠢ ᠭᠡᠳᠡᠭ 
 ᠴᠤᠤᠲᠤ ᠬᠡᠦᠬᠡᠨ ᠬᠤᠷᠢᠮ ᠦᠭᠡᠢ ᠴᠤ᠌ ᠭᠡᠳᠡᠭ 
    ᠁ ᠁ ᠁  
 ᠣᠳᠣ ᠴᠠᠭ ᠲᠤ᠌ ᠪᠦᠷ ᠣᠨᠳᠣᠣ ᠪᠣᠯᠵᠠᠢ 
 ᠴᠤᠤᠲᠠᠢ ᠬᠡᠦᠬᠡᠨ ᠣᠯᠠᠨ ᠤᠷᠤᠭ ᠲᠠᠢ ᠪᠣᠯᠪᠠᠢ 
 ᠳᠠᠭᠤᠲᠠᠢ ᠲᠡᠭᠷᠢ ᠪᠡᠨ ᠫᠤᠤᠳᠠᠳᠠᠭ ᠯᠠ ᠪᠣᠯᠵᠠᠢ 
 ᠳᠠᠭᠤ ᠦᠭᠡᠢ ᠬᠥᠮᠦᠰ ᠱᠠᠯ ᠠᠷᠪᠢᠨ ᠪᠣᠯᠪᠠᠢ 
 ᠣᠷᠣᠬᠤ ᠲᠡᠭᠷᠢ ᠶ᠋ᠢᠨ ᠮᠡᠯᠮᠡᠢ ᠶ᠋ᠢ ᠰᠣᠬᠣᠯᠵᠠᠢ 
 ᠣᠷᠣᠬᠤ ᠦᠭᠡᠢ ᠲᠡᠭᠷᠢ ᠶ᠋ᠢ ᠠᠶᠤᠯᠭᠠᠬᠤ ᠪᠣᠯᠪᠠᠢ 
 《ᠠᠶᠤᠬᠤ》 ᠪᠠᠷ ᠢ᠋ᠶ᠋ᠠᠨ ᠲᠡᠭᠷᠢ ᠬᠠᠯᠢᠰᠳᠠᠭ ᠢ᠋ 
 ᠠᠶᠤᠯᠭᠠᠭᠰᠠᠨ ᠳ᠋ᠠᠭᠠᠨ ᠵᠠᠷᠢᠮᠠᠳ ᠭᠠᠯᠵᠠᠭᠤᠷᠠᠵᠠᠢ 
 ᠣᠭᠲᠠᠷᠭᠤᠢ ᠶ᠋ᠢᠨ ᠪᠠᠷᠠᠭᠤᠨ ᠬᠠᠶᠠᠭᠠᠨ ᠳ᠋ᠤ᠌ 
 ᠪᠦᠵᠦᠩᠲᠦ ᠰᠠᠷᠠᠨ ᠡᠭᠦᠯᠡᠨ᠎ᠡ ᠨᠢᠴᠦᠭᠦᠯᠡᠭᠡᠳ 
 ᠵᠢᠷᠦᠬᠡᠲᠡᠢ ᠡᠷᠡᠰ ᠲᠡᠷᠯᠢᠭ ᠢ᠋ ᠨᠢ ᠬᠤᠯᠠᠭᠠᠢᠯᠠᠨ 
 ᠵᠢᠳᠠᠨ ᠤ᠋ ᠦᠵᠦᠭᠦᠷ ᠲᠦ᠍ ᠡᠯᠭᠦᠭᠡᠳ ᠯᠡ 
 ᠁ ᠥᠲᠥᠨ ᠳᠡᠷ᠎ᠡ ᠳ᠋ᠦᠷ ᠮᠠᠩᠰᠢᠭᠤᠷᠠᠨ 
 ᠁ ᠥᠴᠥᠭᠡᠳᠦᠷ ᠢ᠋ᠶ᠋ᠡᠨ ᠯᠡ ᠵᠡᠭᠦᠳᠦᠯᠡᠭᠡᠳ 
 ᠥᠨᠥ ᠶ᠋ᠢᠨ ᠵᠤᠯᠵᠠᠭᠠᠨ ᠪᠠᠭᠠᠲᠤᠷᠴᠤᠳ ᠪᠦᠷ 
 ᠦᠳᠡᠰᠢ ᠶ᠋ᠢᠨ ᠲᠣᠯᠣᠩ ᠰᠢᠭ᠋ ᠰᠢᠷᠭᠠᠯᠳᠠᠮᠤᠢ 
 ᠡᠷᠲᠡᠨ ᠦ᠌ ᠥᠷᠯᠥᠭ ᠦ᠋ᠳ ᠦ᠋ᠨ ᠯᠡ ᠰᠦᠨᠡᠰᠦ 
 ᠡᠷᠢᠶᠡᠨ ᠬᠣᠲᠣᠭᠣᠷ ᠤ᠋ᠨ ᠠᠪᠤᠷᠭᠤ ᠬᠦᠷᠪᠡᠯ! 
 ᠡᠨᠡᠳᠬᠡᠭ ᠠᠷᠠᠪ ᠤ᠋ᠳ ᠤ᠋ᠨ ᠵᠠᠬ᠎ᠠ ᠳᠡᠭᠡᠭᠦᠷ 
 ᠡᠯᠳᠡᠪ ᠦ᠋ᠨ ᠤᠷᠠᠯᠢᠭ ᠰᠡᠢᠯᠦᠮᠡᠯ ᠬᠤᠪᠢᠯᠤᠭᠠᠳ 
 ᠡᠯᠦᠨᠴᠡ ᠳᠡᠭᠡᠳᠦᠰ ᠦ᠋ᠨ ᠢ᠋ᠶ᠋ᠡᠨ ᠠᠯᠲᠠᠨ ᠨᠢᠭᠤᠷ 
 ᠡᠷᠡᠯᠬᠡᠭ ᠳᠣᠮᠣᠭ ᠢ᠋ ᠳ᠋ᠣᠯᠯᠠᠷ ᠢ᠋ᠶ᠋ᠠᠷ ᠰᠢᠲᠠᠭᠠᠮᠤᠢ 
 ᠁ ᠠᠯᠲᠠᠨ ᠭᠥᠯᠥᠭᠡ ᠣᠮᠪᠣᠯ ᠮᠢᠨᠢ 
 ᠁ ᠠᠯᠢ ᠵᠠᠪ ᠲᠤ᠌ ᠨᠢ ᠨᠠᠳᠠᠳᠤ ᠬᠠᠷᠢᠨ 
 ᠁ ᠠᠷᠪᠢᠨ ᠠᠷᠪᠢᠨ ᠡᠢᠮᠦ ᠦᠯᠢᠭᠡᠷ ᠢ᠋ 
 ᠁ ᠶᠠᠷᠢᠭᠠᠳ ᠶᠠᠷᠢᠭᠠᠳ ᠠᠮᠵᠢᠪᠠ ᠳᠠ 
 ᠬᠡᠨ ᠬᠥᠮᠦᠨ ᠡᠴᠡ ᠬᠣᠯᠠ ᠦᠨᠡᠨᠴᠢ ᠰᠠᠢᠨ 
 ᠬᠡᠵᠢᠶ᠎ᠡ ᠴᠤ᠌ ᠤᠷᠪᠠᠳᠠᠭ ᠦᠭᠡᠢ ᠨᠣᠬᠠᠢᠰ 
 ᠬᠡᠵᠢᠶᠡᠨ ᠡᠴᠡ ᠯᠡ ᠮᠣᠩᠭᠣᠯ ᠤ᠋ᠨ ᠬᠠᠨᠢ ᠪᠠᠢᠵᠤ  
 ᠬᠡᠷᠬᠢᠮᠲᠡᠨ ᠵᠡᠷᠭᠡ ᠱᠠᠩᠨᠠᠭᠤᠯᠤᠭᠰᠠᠨ ᠪᠢᠯᠢᠤ ! 
 ᠬᠥᠬᠡᠬᠣᠲᠠ ᠶ᠋ᠢᠨ ᠵᠠᠮ ᠭᠣᠳᠣᠮᠵᠢᠨ ᠳᠦᠭᠦᠷᠡᠩ 
 ᠬᠥᠳᠡᠭᠡ ᠶ᠋ᠢᠨ ᠰᠠᠷᠠ ᠰᠠᠳᠠᠷᠠᠭᠰᠠᠨ ᠪᠠᠢᠪᠠᠢ 
 ᠰᠠᠳᠠᠷᠠᠭᠰᠠᠨ ᠰᠠᠷᠠᠨ ᠰᠠᠴᠤᠷᠠᠭᠰᠠᠨ ᠰᠢᠯᠲᠠᠭᠠᠨ 
 ᠰᠠᠨᠠᠭᠰᠠᠨ ᠪᠦᠬᠦᠨ ᠪᠡᠶᠡᠯᠡᠭᠰᠡᠨ ᠦ᠌ ᠯᠡ ᠤᠴᠢᠷ 
 ᠰᠠᠨᠰᠠᠷᠯᠢᠭ ᠭᠦᠨ ᠰᠠᠷᠠᠨ ᠭᠤᠸ᠎ᠠ ᠪᠦᠰᠡᠭᠦᠢ 
 ᠬᠥᠯ ᠨᠢ ᠭᠠᠵᠠᠷ ᠬᠦᠷᠬᠦ ᠦᠭᠡᠢ ᠪᠠᠶᠠᠷᠯᠠᠵᠤᠬᠤᠢ 
 ᠁ ᠠᠯᠢᠪ ᠬᠥᠭᠡᠷᠦᠬᠦᠢ᠂ ᠭᠡᠨᠡᠳᠲᠡᠬᠡᠨ ᠯᠡ 
 ᠠᠯᠠᠭᠠᠨ ᠴᠢᠨᠡᠭᠡᠬᠡᠨ ᠠᠲᠠᠷᠭᠠᠨ ᠠᠢᠯ ᠮᠢᠨᠢ 
 ᠠᠪᠤ ᠡᠵᠢ ᠶ᠋ᠢᠨ ᠮᠢᠨᠢ ᠲᠠᠩᠰᠤᠭᠬᠠᠨ ᠨᠤᠲᠤᠭ 
 ᠠᠯᠳᠠᠷᠲᠤ ᠮᠢᠩᠭᠠᠲᠤ ᠶ᠋ᠢᠨ ᠮᠢᠨᠢ ᠥᠯᠥᠭᠡᠢ 
 ᠶᠠᠭᠠᠬᠢᠬᠤ ᠶ᠋ᠢᠨ ᠠᠷᠭ᠎ᠠ ᠦᠭᠡᠢ ᠡᠷᠢᠭᠳᠡᠭᠡᠳ 
 ᠠᠯᠠᠭ ᠨᠢᠳᠦᠨ ᠦ᠌ ᠴᠡᠴᠡᠭᠡᠢ ᠳ᠋ᠦ᠍ ᠪᠦᠷᠦᠯᠵᠡᠭᠡᠳ 
 ᠵᠢᠷᠦᠬᠡᠨ ᠳ᠋ᠦ᠍ ᠲᠦᠮᠡᠨ ᠲᠦᠪᠡᠷᠭᠡᠨ ᠯᠡ᠁  
 ᠵᠦᠭ ᠴᠢᠭ ᠦᠭᠡᠢ ᠲᠠᠴᠢᠭᠢᠨᠠᠭᠠᠳ ᠯᠠ 
 ᠵᠦᠭᠡᠷ ᠪᠠᠢᠯᠭᠠᠳᠠᠭ ᠦᠭᠡᠢ᠂ ᠬᠠᠴᠢᠨ ᠰᠢᠦ 
 ᠶᠢᠷᠲᠢᠨᠴᠦ ᠶ᠋ᠢᠨ ᠦᠢᠯᠡ ᠶᠠᠭᠤᠮᠠᠰ ᠭᠡᠳᠡᠭ᠃ 
 ᠦᠷ᠎ᠡ ᠳ᠋ᠦ᠍ ᠪᠠᠨ ᠯᠠ ᠳᠡᠩᠳᠡᠭᠦᠦ ᠠᠮᠠᠷᠠᠭ 
 ᠥᠭᠡᠯᠦᠨ ᠡᠬᠡ ᠶ᠋ᠢᠨ ᠰᠦᠨ ᠮᠡᠲᠦ ᠯᠡ 
 ᠰᠠᠳᠠᠭᠠᠨᠠᠩᠬᠠᠨ ᠢᠪᠡᠯᠡᠩᠬᠡᠨ ᠪᠠᠭᠤᠬᠤᠢ ᠁  
 ᠰᠥᠨᠢ ᠶ᠋ᠢᠨ ᠡᠨᠡ ᠢᠨᠵᠠᠭᠠᠨ ᠵᠦᠰᠡ —  
 ᠰᠠᠷᠠᠨ ᠤ᠋ ᠬᠥᠬᠥ ᠶ᠋ᠢ ᠢᠪᠡᠯᠭᠡᠭᠰᠡᠨ ᠪᠠᠢᠬᠤ ᠨᠢ 
 ᠁ ᠤᠨᠠᠭᠠᠨ ᠦᠦᠷᠰᠡᠭᠡ ᠬᠣᠩᠬᠣ ᠰᠢᠭ᠋ 
 ᠁ ᠠᠢᠵᠠᠮᠯᠢᠭ ᠬᠡᠮᠨᠡᠯ ᠲᠡᠢ ᠬᠠᠩᠭᠢᠨᠠᠬᠤᠢ 
 ᠁ ᠤᠲᠤᠭ᠎ᠠ ᠴᠡᠩᠬᠡᠷᠯᠡᠨ ᠰᠤᠭᠤᠨᠠᠭᠯᠠᠬᠤᠢ 
 ᠠᠲᠠᠷᠭᠠᠨ ᠠᠢᠯ ᠤ᠋ᠨ ᠪᠠᠷᠠᠭᠤᠨ ᠬᠣᠲᠠ ᠠ᠋ᠴᠠ 
 ᠭᠠᠯ ᠰᠠᠷᠠᠲᠠᠢ ᠭᠠᠩᠭᠠᠩ ᠬᠠᠷ᠎ᠠ ᠬᠦᠯᠦᠭ 
 ᠭᠠᠵᠠᠷ ᠴᠠᠪᠴᠢᠯᠠᠩᠬᠠᠨ ᠴᠣᠪᠬᠣᠴᠢᠭᠠᠳ ᠯᠠ 
 ᠠᠪᠠᠭ᠎ᠠ ᠡᠴᠢᠭᠡ ᠪᠠᠯᠵᠢᠨᠢᠮ᠎ᠠ ᠶ᠋ᠢᠨ ᠮᠢᠨᠢ 
 ᠬᠣᠨᠢ ᠪᠠᠨ ᠦᠷᠬᠦᠢ ᠮᠠᠨᠠᠳᠠᠭ ᠥᠨᠥ ᠯᠡ 
 ᠣᠯᠠᠨ ᠲᠤᠭᠤᠷᠤᠤᠲᠤ ᠶ᠋ᠢᠨ ᠬᠡᠭᠡᠷ᠎ᠡ ᠵᠦᠭ 
 ᠲᠤᠭᠤᠷᠠᠢ ᠶ᠋ᠢᠨ ᠣᠴᠢ ᠪᠠᠳᠠᠷᠠᠭᠤᠯᠵᠤ ᠳᠠᠪᠬᠢᠨ 
 ᠳᠥᠷᠪᠡᠯᠵᠢᠨ ᠰᠢᠷᠡᠭᠡᠲᠦ ᠶ᠋ᠢᠨ ᠬᠣᠢᠨᠠᠭᠤᠷ 
 ᠰᠡᠭᠦᠯᠡᠢ ᠪᠠᠭᠰᠢ ᠶ᠋ᠢᠨ ᠮᠢᠨᠢ ᠬᠥᠰᠢᠶ᠎ᠡ ᠶ᠋ᠢ 
 ᠭᠤᠷᠪᠠᠨᠲᠠ ᠲᠣᠭᠣᠷᠢᠩᠬᠠᠨ ᠢᠨᠴᠠᠭᠠᠭᠠᠳ ᠯᠠ 
 ᠢᠳᠡᠷ ᠰᠣᠶᠣᠯᠠᠩ ᠢᠷᠪᠠᠰ ᠰᠢᠭ᠋ ᠳᠡᠭᠦᠯᠢᠨᠡᠮ 
 ᠴᠣᠬᠣᠮ ᠬᠡᠨ ᠦ᠌ ᠬᠡᠨ ᠭᠡᠭᠴᠢ ᠬᠠᠨ ᠬᠦᠦ 
 ᠲᠡᠭᠦᠨ ᠢ᠋ ᠵᠠᠢᠳᠠᠯᠠᠭᠰᠠᠨ ᠢ᠋ ᠬᠡᠨ ᠮᠡᠳᠡᠵᠡᠨᠡᠮ 
 ᠁ ᠨᠢᠭᠡ ᠯᠡ ᠮᠡᠳᠡᠬᠦᠨ᠎ᠡ ᠮᠢᠨᠦ ᠬᠠᠨᠢ 
 ᠁ ᠬᠡᠨ ᠦ᠌ ᠬᠡᠨ ᠢ᠋ ᠬᠤᠴᠢᠵᠤ ᠪᠠᠢᠬᠤ ᠶ᠋ᠢ 
 ᠶᠠᠭ ᠲᠠᠭ ᠮᠠᠲᠠᠯ ᠦᠭᠡᠢ ᠪᠣᠳᠣᠯ ᠰᠠᠷᠨᠢᠪᠠᠢ᠃ 
 ᠨᠢᠭᠡᠨ ᠵᠤᠷᠪᠤᠰ ᠶᠣᠨᠳᠣᠨ ᠰᠢᠷᠭᠠᠯ ᠭᠡᠭᠡ 
 ᠠᠨᠠᠪᠠᠳ ᠳᠠᠯᠠᠢ ᠶ᠋ᠢᠨ ᠬᠠᠯᠢᠮᠤ ᠰᠢᠭ᠋ ᠰᠡᠯᠢᠭᠡᠳ 
 ᠪᠠᠳ ᠬᠠᠷᠠᠩᠭᠤᠢ ᠣᠭᠲᠠᠷᠭᠤᠢ ᠶ᠋ᠢ 
 ᠮᠢᠬᠠᠷ ᠰᠡᠯᠡᠮ᠎ᠡ ᠰᠢᠭ ᠬᠠᠭ᠎ᠠ ᠰᠢᠪᠲᠠ 
 ᠵᠦᠰᠦᠭᠡᠳ ᠯᠡ᠂ ᠢᠷᠠᠭᠠᠳ ᠯᠠ 
 ᠮᠥᠩᠬᠡ ᠶ᠋ᠢᠨ ᠳ᠋ᠸᠪᠠᠵᠠᠨ ᠵᠦᠭ 
 ᠱᠠᠭ ᠱᠤᠤᠭᠢᠭᠠᠳ ᠯᠠ ᠭᠢᠯᠠᠯᠵᠠᠩᠬᠠᠨ 
 ᠰᠠᠴᠤᠷᠠᠪᠠᠢ ᠁ ᠁ 

 ᠁  ᠪᠣᠷᠣᠭ᠎ᠠ ᠰᠢᠪᠡᠷᠡᠭᠰᠡᠭᠡᠷ ᠯᠡ ᠁ 

  ( ᠵᠠᠯᠭᠠᠮᠵᠢ ᠪᠣᠢ᠂ ᠤᠩᠰᠢᠭᠴᠢ ᠮᠢᠨᠢ!)  

             2024᠂ 6᠂ 5  04᠄ 09᠃ ᠦᠦᠷ ᠢ᠋ᠶ᠋ᠡᠷ  

              ᠬᠥᠬᠡᠬᠣᠲᠠᠨ᠎ᠠ ᠲᠤᠩᠭᠠᠯᠠᠭ ᠪᠦᠲᠦᠭᠡᠪᠡᠢ᠃