ᠮᠢᠨᠦ ᠨᠤᠲᠤᠭ ᠤ᠋ᠨ ᠴᠠᠬᠢᠯᠳᠠᠭ ᠤ᠋ᠨ ᠬᠥᠨᠳᠡᠢ- ᠪᠣᠷᠵᠢᠭᠢᠨ ᠤ · ᠪᠤᠶᠠᠨ᠌ᠥ᠌ᠯᠵᠡᠢ Миний нутгийн цахилдагийн хөндий-Боржгин У ·Буянөлзий
ᠪᠣᠷᠵᠢᠭᠢᠨ ᠤ · ᠪᠤᠶᠠᠨ᠌ᠥ᠌ᠯᠵᠡᠢ
ᠡᠰᠡᠨᠢᠯ ᠦ᠋ᠨ ᠬᠠᠪᠤᠷ ᠬᠦᠷᠴᠦ ᠢᠷᠡᠬᠦ ᠳ᠋ᠦ᠍ ᠡᠬᠡ ᠳᠡᠯᠡᠬᠡᠢ ᠶ᠋ᠢᠨ ᠲᠦᠮᠡᠨ ᠪᠣᠳᠠᠰ ᠴᠢᠭᠢᠭ ᠵᠣᠯᠭᠠᠨ ᠦᠨᠳᠦᠰᠦ ᠬᠥᠬᠥᠵᠦ ᠨᠠᠷᠠᠨ ᠤ᠋ ᠢᠯᠴᠢᠨ ᠳ᠋ᠦ᠍ ᠬᠦᠪᠦᠷᠡᠨ ᠰᠣᠶᠣᠭᠠᠯᠠᠬᠤ ᠳ᠋ᠤ᠌ ᠴᠠᠬᠢᠯᠳᠠᠭ ᠤ᠋ᠨ ᠦᠷ᠎ᠡ ᠴᠤ᠌ ᠭᠠᠵᠠᠷ ᠤ᠋ᠨ ᠬᠥᠷᠥᠰᠥ ᠶ᠋ᠢ ᠲᠦᠯᠬᠢᠯᠡᠨ ᠪᠥᠮᠪᠥᠭᠡᠯᠡᠨ ᠪᠣᠯᠪᠠᠰᠤᠷᠠᠵᠤ ᠡᠬᠢᠯᠡᠳᠡᠭ ᠪᠠᠢᠯ᠎ᠠ᠃ ᠰᠠᠷᠠᠨ ᠤ᠋ ᠲᠤᠶᠠᠭ᠎ᠠ ᠪᠠᠷ ᠤᠬᠢᠶᠠᠯᠭᠠᠵᠤ ᠰᠠᠯᠬᠢᠨ ᠤ᠋ ᠬᠡ ᠪᠡᠷ ᠦᠨᠦᠰᠦᠭᠦᠯᠵᠦ ᠡᠳᠦᠷ ᠰᠥᠨᠢ ᠶ᠋ᠢᠨ ᠵᠡᠭᠦᠳᠦᠨ ᠳᠤᠮᠳᠠ ᠪᠠᠨ ᠠᠮᠢᠵᠢᠷᠠᠯ ᠤ᠋ᠨ ᠬᠦᠴᠦ ᠪᠡᠷ ᠨᠠᠬᠢᠶᠠᠯᠠᠵᠤ ᠢᠷᠡᠬᠦ 《ᠴᠠᠬᠢᠯᠳᠠᠭ 》ᠨᠤᠲᠤᠭ ᠤ᠋ᠨ ᠮᠢᠨᠢ ᠲᠡᠳᠡᠭᠡᠷ ᠣᠯᠠᠨ ᠨᠡᠷᠡᠢᠳᠴᠦ ᠴᠢᠳᠠᠬᠤ ᠦᠭᠡᠢ ᠤᠷᠭᠤᠮᠠᠯ ᠤ᠋ᠨ ᠳᠤᠮᠳᠠ ᠠ᠋ᠴᠠ ᠪᠠᠰᠠ ᠨᠢᠭᠡᠨ ᠰᠢᠨ᠎ᠡ ᠥᠩᠭᠡ ᠭᠠᠯᠪᠢᠷ ᠢ᠋ ᠨᠡᠮᠡᠭᠳᠡᠭᠦᠯᠦᠨ ᠤᠶᠠᠷᠠᠭᠤᠨ ᠰᠠᠢᠬᠠᠨ ᠬᠥᠭ ᠠᠶᠠᠰ ᠢ᠋ ᠴᠢᠪᠬᠠᠳᠠᠳᠠᠭ ᠪᠠᠢᠯ᠎ᠠ᠃
ᠲᠡᠭᠡᠪᠡᠯ ᠴᠠᠬᠢᠯᠳᠠᠭ ᠨᠢ ᠴᠣᠬᠣᠮ ᠶᠠᠮᠠᠷ ᠭᠠᠵᠠᠷ ᠢ᠋ ᠰᠣᠩᠭᠣᠵᠤ ᠤᠷᠭᠤᠳᠠᠭ ᠪᠣᠢ ᠭᠡᠪᠡᠯ ᠭᠠᠭᠴᠠ ᠬᠦ᠌ ᠬᠥᠨᠳᠡᠢ ᠵᠢᠯᠠᠭ᠎ᠠ᠂ ᠭᠣᠪᠢ ᠶ᠋ᠢᠨ ᠳᠠᠯᠠᠩ ᠪᠤᠶᠤ ᠨᠠᠭᠤᠷ ᠤ᠋ᠨ ᠬᠥᠪᠡᠭᠡ ᠪᠡᠷ ᠭᠠᠷᠠᠬᠠᠯᠠᠨ ᠪᠦᠰᠡᠯᠡᠵᠦ ᠴᠡᠴᠡᠭᠯᠡᠳᠡᠭ ᠶᠦᠮ᠃ ᠴᠠᠬᠢᠯᠳᠠᠭ ᠨᠢ ᠠᠩᠬ᠎ᠠ ᠡᠬᠢᠯᠡᠨ ᠤᠷᠭᠤᠬᠤ ᠳ᠋ᠤ᠌ ᠴᠠᠢᠪᠤᠷ ᠴᠡᠩᠬᠡᠷ᠂ ᠬᠥᠬᠡ ᠴᠡᠩᠬᠡᠷ᠂ ᠴᠠᠬᠢᠷᠮ᠎ᠠ ᠴᠡᠴᠡᠭ ᠳᠡᠯᠭᠡᠷᠡᠨ ᠬᠥᠬᠡ ᠲᠩᠷᠢ ᠲᠡᠢ ᠵᠢᠰᠦ ᠪᠡᠨ ᠠᠭᠤᠰᠬᠠᠨ ᠪᠦᠭᠴᠢᠮ᠎ᠡ ᠡᠳᠦᠷ ᠳᠡᠷᠭᠡᠳᠡ ᠨᠢ ᠵᠣᠭᠰᠣᠬᠤ ᠳ᠋ᠤ᠌ ᠰᠡᠷᠢᠭᠦᠦ ᠲᠠᠲᠠᠵᠤ ᠠᠮᠢᠰᠬᠤᠬᠤ ᠳ᠋ᠤ᠌ ᠳᠣᠲᠣᠷ᠎ᠠ ᠮᠠᠰᠢ ᠲᠠᠭᠠᠯᠠᠮᠵᠢᠲᠠᠢ ᠰᠠᠢᠬᠠᠨ ᠪᠠᠢᠳᠠᠭ᠃ ᠮᠥᠨ ᠴᠤ᠌ ᠬᠣᠯᠠ ᠠ᠋ᠴᠠ ᠣᠢᠷᠠᠲᠤᠵᠤ ᠣᠴᠢᠪᠠᠯ ᠠᠭᠤᠳᠠᠮ ᠬᠥᠨᠳᠡᠢ ᠪᠡᠷ ᠪᠢᠯᠬᠠᠷᠠᠨ ᠤᠷᠤᠰᠬᠤ ᠭᠣᠣᠯ ᠭᠣᠷᠣᠬ᠎ᠠ ᠰᠢᠭ᠋ ᠵᠠᠯᠭᠠᠯᠳᠤᠨ ᠴᠡᠩᠬᠡᠷᠲᠦᠵᠦ ᠶᠣᠰᠣᠲᠠᠢ ᠯᠠ ᠨᠣᠭᠣᠭᠠᠨ ᠲᠣᠷᠭᠠᠨ ᠲᠡᠷᠯᠢᠭ ᠳᠡᠭᠡᠷ᠎ᠡ ᠡᠷᠪᠡᠬᠡᠢ ᠴᠡᠭᠴᠡᠦᠬᠡᠢ ᠶ᠋ᠢᠨ ᠵᠢᠷᠤᠭ ᠬᠠᠳᠬᠤᠮᠠᠯᠯᠠᠨ ᠶᠠᠭᠠᠨ ᠬᠤᠸᠠᠷ ᠤ᠋ᠨ ᠪᠦᠰᠡ ᠪᠦᠰᠡᠯᠡᠨ ᠴᠡᠩᠬᠡᠷ ᠠᠯᠴᠢᠭᠤᠷ ᠣᠷᠢᠶᠠᠵᠤ ᠮᠣᠩᠭᠣᠯ ᠬᠤᠪᠴᠠᠰᠤ ᠪᠠᠷ ᠢ᠋ᠶ᠋ᠠᠨ ᠴᠢᠮᠡᠭᠰᠡᠨ ᠨᠤᠲᠤᠭ ᠤ᠋ᠨ ᠮᠢᠨᠢ ᠪᠣᠷᠣᠬᠠᠨ ᠬᠡᠦᠬᠡᠨ ᠰᠢᠭ ᠶᠠᠭᠠᠬᠢᠬᠤ ᠶ᠋ᠢᠨ ᠠᠷᠭ᠎ᠠ ᠦᠭᠡᠢ ᠬᠠᠢᠷ᠎ᠠ ᠶ᠋ᠢ ᠮᠢᠨᠢ ᠪᠤᠯᠢᠶᠠᠵᠤ᠂ ᠰᠡᠳᠬᠢᠯ ᠢ᠋ ᠮᠢᠨᠢ ᠭᠡᠢᠲᠡᠯ᠎ᠡ᠂ ᠮᠢᠨᠦ ᠵᠦᠭ ᠮᠦᠰᠢᠶᠡᠭᠰᠡᠨ ᠦᠵᠡᠰᠬᠦᠯᠡᠩ ᠲᠥᠷᠬᠦ ᠪᠡᠷ ᠲᠣᠳᠣᠷᠠᠬᠤ ᠳ᠋ᠤ᠌ 《ᠢᠷᠭᠤᠢ ᠴᠢ ᠮᠢᠨᠢ ᠶᠠᠭᠠᠷᠠᠭᠠᠳ ᠢᠷᠡᠭᠡ ᠤᠤ ? ᠢᠷᠠᠭᠤᠬᠠᠨ ᠬᠠᠪᠤᠷ ᠲᠤ᠌ ᠪᠠᠨ ᠵᠣᠯᠭᠠᠭᠠᠳ ᠢᠷᠡᠭᠡ ᠤᠤ ?》ᠭᠡᠵᠦ ᠳᠠᠭᠤᠯᠠᠮᠠᠷ ᠰᠠᠨᠠᠭᠳᠠᠨ᠎ᠠ᠃
ᠴᠠᠬᠢᠷᠮ᠎ᠠ ᠴᠡᠴᠡᠭ ᠨᠢ ᠡᠨᠡ ᠮᠡᠲᠦ ᠭᠠᠩᠭᠠᠩ ᠪᠤᠯᠪᠠᠷᠠᠢ ᠭᠣᠶᠣ ᠪᠠᠢᠳᠠᠭ ᠪᠣᠯ ᠪᠣᠯᠪᠠᠰᠤᠷᠠᠵᠤ ᠭᠦᠢᠴᠡᠭᠰᠡᠨ ᠴᠠᠬᠢᠯᠳᠠᠭ ᠨᠢ ᠣᠯᠠᠩᠬᠢ ᠳ᠋ᠠᠭᠠᠨ ᠡᠨᠳᠡ ᠲᠡᠨᠳᠡ ᠰᠠᠯᠤᠩᠭᠢᠷᠠᠵᠤ ᠤᠷᠭᠤᠳᠠᠭ ᠦᠭᠡᠢ᠂ ᠬᠠᠷᠢᠨ ᠡᠯ᠎ᠡ ᠦᠨᠳᠦᠰᠦᠲᠡᠨ ᠦ᠌ ᠪᠦᠯᠬᠦᠮᠳᠡᠯ ᠦ᠋ᠨ ᠳᠠᠭᠤᠨ ᠰᠢᠭ᠋ ᠠᠭᠠᠷ ᠨᠡᠪᠲᠡᠷᠡᠬᠦ ᠦᠭᠡᠢ ᠪᠣᠯᠲᠠᠯ᠎ᠠ ᠪᠠᠭᠰᠢᠷᠠᠯᠳᠤᠨ ᠪᠤᠲᠠᠯᠠᠵᠤ ᠰᠡᠯᠡᠮ᠎ᠡ ᠰᠢᠭ ᠰᠡᠷᠡᠢᠭᠰᠡᠨ ᠬᠤᠷᠴᠠ ᠦᠵᠦᠭᠦᠷ ᠡᠴᠡ ᠪᠡᠨ ᠰᠦᠷ ᠵᠢᠪᠬᠤᠯᠠᠩ ᠪᠠᠳᠠᠷᠠᠭᠤᠯᠤᠨ ᠵᠢᠭᠳᠡ ᠰᠠᠢᠬᠠᠨ ᠬᠠᠷᠠᠭᠳᠠᠳᠠᠭ᠃ ᠪᠣᠯᠪᠠᠰᠤᠷᠠᠵᠤ ᠪᠠᠢᠭ᠎ᠠ ᠴᠠᠬᠢᠯᠳᠠᠭ ᠤ᠋ᠨ ᠤᠷᠭᠤᠴᠠ ᠨᠢ ᠥᠷᠭᠡᠨ ᠮᠥᠷᠲᠡᠭᠡᠨ ᠬᠠᠪᠲᠠᠭᠠᠢ ᠬᠡᠯᠪᠡᠷᠢ ᠲᠡᠢ ᠳᠡᠭᠡᠷᠡᠬᠢ ᠣᠯᠠᠨ ᠨᠠᠷᠢᠨ ᠵᠢᠷᠤᠭᠠᠰᠤ ᠨᠢ ᠶᠠᠭ ᠯᠠ ᠰᠤᠳᠠᠰᠤ ᠠᠳᠠᠯᠢ᠂ ᠭᠠᠩ ᠳ᠋ᠤ᠌ ᠳᠠᠭᠠᠭᠠᠴᠠ ᠲᠠᠢ᠂ ᠬᠦᠢᠲᠡᠨ ᠳ᠋ᠦ᠍ ᠲᠡᠰᠪᠦᠷᠢ ᠲᠡᠢ᠂ ᠭᠣᠣᠯᠳᠠᠭᠤ ᠪᠤᠭ ᠮᠠᠯ ᠤ᠋ᠨ ᠢᠳᠡᠬᠦ ᠳᠤᠷᠠᠲᠠᠢ ᠤᠷᠭᠤᠮᠠᠯ ᠪᠠᠢᠳᠠᠭ᠃
ᠬᠥᠳᠡᠭᠡ ᠥᠰᠦᠭᠰᠡᠨ ᠬᠡᠦᠬᠡᠳ ᠪᠢᠳᠡ ᠵᠤᠨ ᠪᠣᠯᠤᠭᠰᠠᠭᠠᠷ ᠲᠤᠭᠤᠯ ᠤ᠋ᠨ ᠢ᠋ᠶ᠋ᠠᠨ ᠠᠷᠤ ᠠ᠋ᠴᠠ ᠲᠠᠭᠤᠯᠴᠠᠨ ᠭᠦᠶᠦᠬᠦ ᠳ᠋ᠦ᠍ ᠡᠪᠦᠳᠦᠭ ᠳᠠᠪᠠᠮ᠎ᠠ ᠤᠷᠲᠤ ᠴᠠᠬᠢᠯᠳᠠᠭ ᠢ᠋ᠶ᠋ᠠᠷ ᠨᠠᠷᠢᠨ ᠰᠢᠯᠪᠢ ᠪᠡᠨ ᠣᠷᠢᠶᠠᠯᠳᠤᠭᠤᠯᠵᠤ ᠶᠠᠪᠤᠵᠤ ᠴᠢᠳᠠᠬᠤ ᠦᠭᠡᠢ ᠪᠣᠯᠬᠤ ᠳ᠋ᠠᠭᠠᠨ ᠠᠯᠵᠠᠭᠤᠷᠠᠵᠤ ᠳᠣᠷᠣᠭᠰᠢ ᠰᠠᠭᠤᠵᠤ ᠳᠡᠷᠭᠡᠳᠡᠬᠢ ᠴᠠᠬᠢᠯᠳᠠᠭ ᠢ᠋ ᠥᠭᠲᠡᠭᠡᠨ ᠠᠪᠴᠤ ᠰᠠᠯᠠᠭᠠᠯᠠᠵᠤ ᠤᠷᠭᠤᠭᠰᠠᠨ ᠨᠠᠮᠠᠭ᠎ᠠ ᠶ᠋ᠢ ᠨᠢ ᠰᠠᠯᠭᠠᠵᠤ ᠨᠠᠷᠢᠯᠢᠭ ᠴᠡᠪᠡᠷᠯᠡᠭᠰᠡᠨ ᠦ᠌ ᠳᠠᠷᠠᠭ᠎ᠠ ᠠᠮᠠᠨ ᠳ᠋ᠠᠭᠠᠨ ᠡᠮᠬᠦᠵᠦ 《ᠵᠢᠳ ᠵᠢᠳ ᠵᠢᠳ》ᠭᠡᠵᠦ ᠠᠶᠠᠯᠭᠤ ᠡᠭᠦᠰᠬᠡᠵᠦ ᠭᠠᠷᠬᠤ ᠳ᠋ᠤ᠌ ᠥᠩᠭᠡ ᠪᠦᠷᠢ ᠶ᠋ᠢᠨ ᠴᠡᠭᠴᠡᠦᠬᠡᠢ ᠵᠢᠵᠢᠭ ᠳᠠᠯᠠᠪᠴᠢ ᠪᠠᠨ ᠲᠠᠪᠢᠨ ᠣᠢᠷᠠᠲᠤᠨ ᠢᠷᠡᠵᠦ ᠥᠪᠡᠷ ᠲᠡᠢ ᠨᠢ ᠠᠳᠠᠯᠢᠬᠠᠨ ᠰᠢᠪᠠᠭᠤᠳ ᠢ᠋ᠶ᠋ᠠᠨ ᠵᠢᠷᠭᠢᠵᠦ ᠪᠠᠢᠨ᠎ᠠ ᠭᠡᠵᠦ ᠡᠨᠳᠡᠭᠦᠷᠡᠨ ᠨᠢᠰᠦᠯᠴᠡᠨ᠎ᠡ᠃ ᠲᠡᠭᠡᠵᠦ ᠯᠡ ᠲᠠᠩᠰᠤᠭ ᠪᠠᠢᠭᠠᠯᠢ ᠶ᠋ᠢᠨ ᠢ᠋ᠶ᠋ᠡᠨ ᠭᠣᠴᠣ ᠦᠵᠡᠮᠵᠢ ᠳ᠋ᠦ᠍ ᠨᠢᠭᠡᠮᠦᠰᠦᠨ ᠰᠣᠭᠲᠣᠭᠤᠷᠠᠵᠤ ᠴᠠᠬᠢᠯᠳᠠᠭ ᠢ᠋ ᠨᠤᠭᠤᠯᠤᠨ ᠵᠢᠵᠢᠭ ᠰᠠᠭᠰᠤ ᠠᠷᠤᠭ ᠬᠦᠷᠦᠵᠦ ᠪᠠᠰᠠ ᠪᠦᠯᠡᠵᠡᠭ ᠤᠷᠠᠯᠠᠨ ᠬᠤᠷᠤᠭᠤᠨ ᠳ᠋ᠠᠭᠠᠨ ᠵᠡᠭᠦᠵᠦ ᠭᠦᠶᠦᠭᠰᠡᠭᠡᠷ ᠴᠠᠭᠠᠳᠤᠬᠢ ᠠᠵᠢᠯ ᠢ᠋ᠶ᠋ᠠᠨ ᠲᠠᠰᠤ ᠮᠠᠷᠲᠠᠳᠠᠭ ᠪᠠᠭ᠎ᠠ ᠶ᠋ᠢᠨ ᠦᠶ᠎ᠡ ᠪᠡᠨ ᠡᠷᠭᠢᠴᠡᠭᠦᠯᠪᠡᠯ ᠪᠠᠰᠠ ᠴᠤ᠌ ᠰᠠᠢᠬᠠᠨ ᠰᠠᠨᠠᠭᠳᠠᠬᠤ ᠶᠤᠮ᠃ ᠴᠠᠬᠢᠯᠳᠠᠭ ᠪᠣᠯ ᠮᠠᠰᠢ ᠦᠨᠳᠦᠰᠦ ᠰᠠᠢᠲᠠᠢ ᠮᠥᠷᠲᠡᠭᠡᠨ ᠨᠣᠢᠲᠠᠨ ᠳᠡᠭᠡᠷ᠎ᠡ ᠨᠢ ᠡᠷᠴᠢᠯᠡᠨ ᠮᠤᠰᠬᠢᠬᠤ ᠳ᠋ᠤ᠌ ᠶᠡᠷᠦ ᠲᠠᠰᠤᠷᠠᠳᠠᠭ ᠦᠭᠡᠢ ᠴᠢᠨᠠᠷᠯᠢᠭ ᠤᠷᠭᠤᠮᠠᠯ ᠤ᠋ᠨ ᠨᠢᠭᠡ ᠪᠣᠯᠤᠨ᠎ᠠ᠃ ᠲᠣᠮᠣ ᠪᠣᠯᠤᠭᠠᠳ ᠪᠢᠳᠡ ᠡᠮᠨᠢᠭ ᠰᠤᠷᠭᠠᠬᠤ ᠳ᠋ᠤ᠌ ᠴᠠᠬᠢᠯᠳᠠᠭ ᠢ᠋ᠶ᠋ᠠᠷ ᠲᠠᠰᠢᠭᠤᠷ ᠭᠥᠷᠥᠴᠢᠬᠡᠭᠡᠳ ᠰᠤᠷ ᠲᠠᠰᠢᠭᠤᠷ ᠤ᠋ᠨ ᠣᠷᠣᠨ ᠳ᠋ᠤ᠌ ᠬᠡᠷᠡᠭᠯᠡᠳᠡᠭ ᠪᠠᠢᠭᠰᠠᠨ᠃ ᠮᠢᠨᠦ ᠰᠡᠳᠬᠢᠯ ᠦ᠋ᠨ ᠪᠠᠬᠠᠷᠬᠠᠯ ᠬᠥᠬᠡ ᠴᠠᠬᠢᠯᠳᠠᠭ ᠮᠢᠨᠢ ᠢᠩᠭᠢᠵᠦ ᠯᠡ ᠤᠨᠠᠭᠠᠨ ᠪᠠᠭ᠎ᠠ ᠠ᠋ᠴᠠ ᠤᠷᠭᠤᠭ᠎ᠠ ᠨᠠᠰᠤᠨ ᠳ᠋ᠤ᠌ ᠬᠦᠷᠲᠡᠯ᠎ᠡ ᠤᠬᠠᠭᠠᠨ ᠲᠣᠮᠣᠭ᠎ᠠ ᠰᠠᠭᠤᠯᠭᠠᠵᠤ ᠳᠥᠷᠪᠡᠨ ᠤᠯᠠᠷᠢᠯ ᠤ᠋ᠨ ᠨᠡᠭᠦᠳᠡᠯᠯᠡᠵᠦ ᠪᠠᠭᠤᠬᠤ ᠳ᠋ᠤ᠌ ᠴᠥᠮ ᠡᠭᠡᠨᠡᠭᠰᠢᠨ ᠳᠠᠰᠤᠯᠴᠠᠨ ᠪᠠᠢᠵᠤ ᠬᠣᠯᠠ ᠶᠠᠪᠤᠭᠰᠠᠨ ᠴᠤ᠌ ᠨᠤᠲᠤᠭ ᠤ᠋ᠨ ᠮᠢᠨᠢ ᠴᠢᠮᠡᠭ᠂ ᠭᠠᠩ ᠬᠠᠭᠰᠠᠷᠠᠭᠠᠨ ᠳ᠋ᠤ᠌ ᠡᠰᠡᠷᠭᠦᠴᠡᠯ ᠪᠣᠯᠵᠤ ᠬᠤᠷ᠎ᠠ ᠪᠣᠷᠣᠭᠠᠨ ᠳᠠᠭᠤᠳᠠᠳᠠᠭ ᠴᠢᠭᠢᠭ ᠪᠣᠯᠵᠤ ᠪᠠᠢᠳᠠᠭ ᠠᠮᠢᠵᠢᠷᠠᠯ ᠤ᠋ᠨ ᠬᠦᠴᠦᠨ ᠢ᠋ᠶ᠋ᠡᠷ ᠴᠢᠩᠭ᠎ᠠ ᠤᠷᠭᠤᠮᠠᠯ ᠤ᠋ᠨ ᠨᠢᠭᠡᠨ ᠪᠣᠯᠵᠤ ᠬᠡᠵᠢᠶᠡᠳᠡ ᠦᠭᠡᠢᠯᠡᠭᠳᠡᠵᠦ ᠪᠠᠢᠳᠠᠭ ᠶᠤᠮ᠃ ᠨᠠᠮᠤᠷ ᠪᠣᠯᠬᠤ ᠳ᠋ᠤ᠌ ᠨᠠᠷᠠᠨ ᠤ᠋ ᠥᠩᠭᠡᠨ ᠳ᠋ᠦ᠍ ᠰᠢᠷᠭᠠᠯᠲᠤᠨ ᠭᠢᠯᠲᠦᠭᠡᠨᠡᠭᠰᠡᠨ ᠴᠠᠬᠢᠯᠳᠠᠭ ᠮᠢᠨᠢ ᠥᠩ ᠰᠢᠮ᠎ᠡ ᠪᠡᠨ ᠬᠠᠳᠠᠭᠠᠯᠠᠨ ᠦᠷ᠎ᠡ ᠪᠡᠨ ᠡᠪᠦᠷ ᠲᠦ᠍ ᠪᠡᠨ ᠪᠥᠭᠴᠥᠢᠯᠭᠡᠵᠦ ᠨᠠᠰᠤᠨ ᠤ᠋ ᠳᠤᠷᠠᠰᠤᠮᠵᠢ ᠪᠠᠨ ᠮᠥᠷᠥᠭᠡᠳᠦᠨ ᠮᠥᠩᠭᠥᠨ ᠬᠢᠷᠠᠭᠤ ᠪᠤᠲᠠᠷᠠᠭᠤᠯᠵᠤ ᠤᠰᠤ ᠭᠣᠣᠯ ᠠᠭᠤᠯᠠ ᠬᠠᠢᠷᠬᠠᠨ ᠲᠠᠢ ᠪᠠᠨ ᠠᠨᠢᠷᠯᠠᠨ ᠴᠡᠯ ᠨᠣᠭᠣᠭᠠᠨ ᠲᠣᠷᠭᠠᠨ ᠬᠦᠰᠡᠯ ᠢ᠋ᠶ᠋ᠡᠨ ᠰᠢᠨᠡᠬᠡᠨ ᠯᠠᠪᠰᠠᠯᠠᠭᠰᠠᠨ ᠴᠠᠰᠤᠨ ᠤ᠋ ᠬᠡᠯᠲᠡᠰ ᠲᠦ᠍ ᠰᠡᠢᠯᠦᠨ ᠢᠷᠡᠬᠦ ᠬᠠᠪᠤᠷ ᠲᠤ᠌ ᠪᠠᠨ ᠠᠮᠢᠵᠢᠷᠠᠯ ᠤ᠋ᠨ ᠰᠣᠪᠢᠩ ᠡᠷᠭᠦᠨ ᠳᠡᠭᠡᠵᠢᠯᠡᠳᠡᠭ ᠪᠢᠯᠡ᠃
ᠮᠢᠨᠦ ᠨᠤᠲᠤᠭ ᠲᠤ᠌ 《ᠴᠠᠬᠢᠯᠳᠠᠭ ᠤ᠋ᠨ ᠬᠥᠨᠳᠡᠢ》ᠭᠡᠵᠦ ᠨᠡᠷᠡᠢᠳᠳᠡᠭ ᠬᠥᠨᠳᠡᠢ ᠪᠠᠢᠳᠠᠭ᠃ ᠡᠪᠦᠯ ᠦ᠋ᠨ ᠰᠠᠢᠬᠠᠨ ᠡᠳᠦᠷ ᠠᠳᠤᠭᠤ ᠬᠣᠨᠢᠨ ᠰᠦᠷᠦᠭ ᠮᠢᠨᠢ ᠡᠳᠦᠷᠵᠢᠨ ᠲᠡᠷᠡ ᠬᠥᠨᠳᠡᠢ ᠳ᠋ᠦ᠍ ᠰᠢᠯᠵᠢᠰᠢ ᠦᠭᠡᠢ ᠬᠣᠷᠭᠣᠳᠠᠨ ᠲᠣᠭᠲᠠᠳᠠᠭ ᠢ᠋ᠶ᠋ᠠᠷ ᠨᠤᠲᠤᠭ ᠤ᠋ᠨ ᠪᠤᠭᠤᠷᠤᠯᠴᠤᠳ ᠮᠠᠨᠢ ᠡᠨᠡᠬᠦ ᠴᠠᠬᠢᠯᠳᠠᠭ ᠤ᠋ᠨ ᠬᠥᠨᠳᠡᠢ ᠶ᠋ᠢ ᠶᠡᠬᠡ ᠰᠢᠮᠡᠯᠢᠭ ᠪᠡᠯᠴᠢᠭᠡᠷ ᠲᠡᠢ ᠮᠥᠷᠲᠡᠭᠡᠨ ᠳᠠᠭᠠᠭᠠᠴᠠ ᠰᠠᠢᠲᠠᠢ ᠭᠡᠵᠦ ᠮᠠᠭᠲᠠᠨ ᠶᠠᠷᠢᠯᠴᠠᠳᠠᠭ ᠪᠠᠢᠯ᠎ᠠ᠃ ᠶᠡᠷᠦᠨᠢ ᠮᠠᠨ ᠤ᠋ ᠨᠤᠲᠤᠭ ᠤ᠋ᠨ ᠬᠠᠰᠢᠷ ᠮᠠᠯᠴᠢᠳ ᠮᠠᠯ ᠰᠦᠷᠦᠭ ᠦ᠋ᠨ ᠢ᠋ᠶ᠋ᠡᠨ ᠲᠠᠷᠭᠤ ᠬᠦᠴᠦ ᠶ᠋ᠢ ᠪᠠᠲᠤᠯᠠᠬᠤ ᠳ᠋ᠤ᠌ ᠭᠠᠭᠴᠠ ᠢᠨᠴᠢ ᠰᠠᠬᠤᠯᠢᠭ ᠪᠡᠯᠴᠢᠭᠡᠷ ᠢ᠋ ᠬᠥᠭᠡᠭᠡᠴᠡᠯᠳᠦᠳᠡᠭ ᠦᠭᠡᠢ᠂ ᠬᠠᠷᠢᠨ ᠡᠪᠡᠰᠦᠨ ᠨᠢ ᠬᠢᠷᠢ ᠵᠡᠷᠭᠡ ᠢᠳᠡᠯᠢᠭ ᠰᠠᠢᠲᠠᠢ ᠡᠰᠡᠬᠦ ᠶ᠋ᠢ ᠣᠨᠴᠠ ᠠᠩᠬᠠᠷᠳᠠᠭ ᠪᠠᠢᠭᠰᠠᠨ ᠶᠤᠮ᠃ ᠮᠠᠨᠠᠢᠬᠢᠨ ᠴᠠᠬᠢᠯᠳᠠᠭ ᠤ᠋ᠨ ᠬᠥᠨᠳᠡᠢ ᠶ᠋ᠢᠨ ᠡᠷᠭᠢᠨ ᠲᠣᠭᠣᠷᠢᠨ ᠳ᠋ᠤ᠌ ᠮᠠᠯ ᠢ᠋ᠶ᠋ᠠᠨ ᠥᠰᠬᠡᠵᠦ ᠶᠠᠪᠤᠬᠤ ᠳ᠋ᠤ᠌ ᠪᠠᠨ ᠡᠪᠦᠯ ᠦ᠋ᠨ ᠬᠦᠢᠲᠡᠨ ᠢ᠋ ᠲᠤᠭᠤᠯᠤᠭᠰᠠᠨ ᠴᠤ᠌ ᠵᠤᠰᠠᠭ ᠬᠣᠨᠢᠳ ᠨᠢ ᠲᠠᠷᠭᠤ ᠲᠠᠢ᠂ ᠤᠨᠤᠭ᠎ᠠ ᠮᠣᠷᠢᠳ ᠨᠢ ᠬᠦᠴᠦ ᠪᠡᠨ ᠬᠠᠳᠠᠭᠠᠯᠠᠵᠤ ᠣᠨᠳᠣᠷᠣᠳᠠᠭ ᠪᠣᠯᠬᠣᠷ ᠬᠠᠪᠤᠷ ᠤ᠋ᠨ ᠬᠤᠭᠤᠴᠠᠭᠠᠨ ᠳ᠋ᠤ᠌ ᠪᠤᠭ ᠮᠠᠯ ᠤ᠋ᠨ ᠲᠥᠯ ᠨᠢ ᠴᠦ᠍ ᠥᠰᠦᠯᠲᠡ ᠶᠡᠬᠡᠲᠡᠢ ᠪᠠᠢᠳᠠᠭ ᠶᠤᠮ᠃
ᠬᠡᠳᠦᠨ ᠠᠷᠪᠠᠨ ᠵᠢᠯ ᠥᠩᠭᠡᠷᠡᠨ ᠣᠲᠣᠭᠰᠠᠭᠠᠷ ᠪᠣᠯᠪᠠᠴᠤ ᠣᠨ ᠣᠨ ᠳ᠋ᠤ᠌ ᠨᠢᠭᠡᠨ ᠰᠢᠨ᠎ᠡ ᠬᠠᠪᠤᠷ ᠢ᠋ ᠮᠠᠯᠴᠢᠨ ᠲᠦᠮᠡᠨ ᠳ᠋ᠦ᠍ ᠮᠢᠨᠢ ᠠᠮᠤᠷ ᠠᠮᠤᠭᠤᠯᠠᠩ ᠥᠭᠭᠢᠶᠡᠮᠦᠷ ᠲᠠᠩᠰᠤᠭ ᠲᠥᠯ ᠦ᠋ᠨ ᠳᠠᠭᠤ ᠲᠠᠢ ᠵᠣᠯᠭᠠᠭᠤᠯᠤᠨ ᠰᠠᠭᠠᠲᠠᠳᠠᠭ᠃ ᠲᠡᠭᠡᠬᠦ ᠳ᠋ᠦ᠍ ᠄ 《ᠮᠥᠷᠡᠨ ᠭᠣᠣᠯ ᠤ᠋ᠨ ᠰᠥᠩ ᠳᠦᠷᠦᠭᠦᠯᠦᠭᠡᠳ ᠬᠣᠯᠠ ᠶ᠋ᠢᠨ ᠰᠢᠪᠠᠭᠤᠳ ᠢ᠋ ᠲᠤᠰᠬᠤ ᠭᠡᠳ ᠮᠠᠯᠴᠢᠨ ᠲᠦᠮᠡᠨ ᠦ᠌ ᠰᠡᠳᠬᠢᠯ ᠢ᠋ ᠪᠠᠶᠠᠰᠬᠠᠨ ᠲᠥᠯ ᠦ᠋ᠨ ᠳᠠᠭᠤᠨ ᠢ᠋ ᠰᠣᠨᠣᠰᠬᠤ ᠭᠡᠳ ᠢᠷᠭᠤᠢ ᠴᠢ ᠮᠢᠨᠢ ᠶᠠᠭᠠᠷᠠᠭᠠᠳ ᠢᠷᠡᠭᠡ ᠤᠤ? ᠢᠷᠠᠭᠤᠬᠠᠨ ᠬᠠᠪᠤᠷ ᠲᠤ᠌ ᠪᠠᠨ ᠵᠣᠯᠭᠠᠭᠠᠳ ᠢᠷᠡᠭᠡ ᠤᠤ?》ᠭᠡᠵᠦ ᠪᠢ ᠬᠥᠭᠰᠡᠨ ᠳᠠᠭᠤᠯᠠᠬᠤ ᠳ᠋ᠤ᠌ ᠢᠷᠡᠬᠦ ᠬᠠᠪᠤᠷ ᠢ᠋ᠶ᠋ᠠᠨ ᠤᠳᠠᠯ ᠦᠭᠡᠢ ᠴᠡᠯ ᠨᠣᠭᠣᠭᠠᠨ ᠥᠩᠭᠡ ᠪᠡᠷ ᠪᠤᠳᠤᠭᠯᠠᠬᠤ ᠴᠠᠬᠢᠯᠳᠠᠭ ᠮᠢᠨᠢ ᠡᠬᠡ ᠭᠠᠵᠠᠷ ᠤ᠋ᠨ ᠠᠷᠢᠭᠤᠨ ᠬᠥᠷᠥᠰᠥᠨ ᠡᠴᠡ ᠴᠣᠮᠣᠷᠯᠢᠭ ᠢ᠋ᠶ᠋ᠠᠨ ᠳᠡᠯᠭᠡᠨ ᠮᠥᠩᠬᠡ ᠬᠥᠬᠡ ᠲᠩᠷᠢ ᠪᠡᠨ ᠲᠣᠯᠢᠳᠠᠭᠰᠠᠨ ᠴᠡᠩᠬᠡᠷ ᠭᠣᠣᠯ ᠤ᠋ᠨ ᠢ᠋ᠶ᠋ᠠᠨ ᠵᠢᠰᠦ ᠶ᠋ᠢ ᠳᠠᠭᠤᠷᠢᠶᠠᠨ ᠴᠠᠬᠢᠯᠳᠠᠭ ᠤ᠋ᠨ ᠬᠥᠨᠳᠡᠢ ᠪᠡᠨ ᠴᠢᠮᠡᠵᠦ᠂ ᠬᠦᠰᠡᠵᠦ ᠬᠦᠯᠢᠶᠡᠭᠰᠡᠨ ᠮᠢᠨᠦ ᠰᠡᠳᠬᠢᠯ ᠳ᠋ᠦ᠍ ᠠᠬᠢᠨ ᠦᠨᠦᠰᠦᠨ ᠵᠣᠯᠭᠠᠬᠤ ᠨᠢ ᠵᠢᠷᠭᠠᠯ ᠲᠠᠢ ᠰᠠᠨᠠᠭᠳᠠᠨ᠎ᠠ᠃
ᠰᠢᠯᠢ ᠶ᠋ᠢᠨ ᠭᠣᠣᠯ ᠠᠢᠮᠠᠭ ᠤ᠋ᠨ ᠵᠡᠭᠦᠨ ᠦᠵᠦᠮᠦᠴᠢᠨ ᠬᠣᠰᠢᠭᠤ
ᠦᠰᠦᠭ ᠠᠮᠢᠯᠠᠭᠤᠯᠤᠭᠴᠢ᠄ ᠦ· ᠪᠤᠶᠠᠨ᠌ᠥ᠌ᠯᠵᠡᠢ
ᠬᠢᠨᠠᠭᠴᠢ᠄ ᠣᠳᠬᠠᠨᠰᠣ᠎ᠠ
