ᠴᠢᠰᠤᠲᠤ ᠪᠠᠢᠯᠳᠤᠭᠠᠨ- ᠳ· ᠨᠠᠴᠤᠭᠳᠣᠷᠵᠢЦуст байлдаан-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠰᠤᠲᠤ ᠪᠠᠢᠯᠳᠤᠭᠠᠨ- ᠳ· ᠨᠠᠴᠤᠭᠳᠣᠷᠵᠢЦуст байлдаан-Д.Нацагдорж

ᠴᠢᠰᠤᠲᠤ ᠪᠠᠢᠯᠳᠤᠭᠠᠨ- ᠳ· ᠨᠠᠴᠤᠭᠳᠣᠷᠵᠢЦуст байлдаан-Д.Нацагдорж

2024-06-08

278

               ᠳ·ᠨᠠᠴᠤᠭᠳᠣᠷᠵᠢ 
ᠤᠯᠠᠭᠠᠨ ᠴᠡᠷᠢᠭ ᠦ᠋ᠨ ᠬᠦᠴᠦᠨ ᠪᠠᠭᠠᠲᠤᠷᠯᠢᠭ 
ᠥᠩᠭᠡᠯᠵᠡᠭᠴᠢ ᠳᠠᠢᠰᠤᠨ ᠢ᠋ ᠲᠤᠯᠤᠨ ᠳᠠᠷᠤᠨ᠎ᠠ᠃
ᠤᠯᠠᠭᠠᠨ ᠴᠢᠰᠤᠨ ᠤ᠋ ᠲᠥᠭᠥᠷᠢᠭ ᠪᠥᠭᠡᠮ 
ᠳᠠᠭᠠᠷᠢᠭᠴᠢ ᠨᠢᠶᠠᠨ ᠢ᠋ ᠡᠰᠡᠷᠭᠦᠴᠡᠨ ᠰᠥᠨᠥᠭᠡᠨ᠎ᠡ᠃

ᠲᠥᠷᠥ ᠤᠯᠤᠰ ᠢ᠋ ᠬᠠᠮᠠᠭᠠᠯᠠᠬᠤ ᠶ᠋ᠢᠨ ᠲᠤᠯᠠ  
ᠠᠷᠠᠳ ᠤ᠋ᠨ ᠴᠡᠷᠢᠭ ᠪᠠᠢᠳᠠᠭ᠃ 
ᠲᠥᠷᠥᠭᠰᠡᠨ ᠪᠡᠶ᠎ᠡ ᠶ᠋ᠢ ᠬᠠᠮᠠᠭᠠᠯᠠᠬᠤ ᠶ᠋ᠢᠨ ᠲᠥᠯᠥᠭᠡ 
ᠴᠢᠰᠤᠨ ᠤ᠋ ᠴᠡᠷᠢᠭ ᠪᠠᠰᠠ ᠪᠠᠢᠨ᠎ᠠ᠃

ᠤᠯᠤᠰ ᠤ᠋ᠨ ᠴᠡᠷᠢᠭ ᠭᠡᠭᠴᠢ
ᠠᠷᠠᠳ ᠤ᠋ᠨ ᠬᠡᠦᠬᠡᠳ ᠢ᠋ ᠬᠡᠯᠡᠵᠡᠢ᠃
ᠴᠢᠰᠤᠨ ᠤ᠋ ᠴᠡᠷᠢᠭ ᠭᠡᠭᠴᠢ
ᠥᠴᠦᠬᠡᠨ ᠪᠥᠭᠡᠮ ᠢ᠋ ᠥᠭᠦᠯᠡᠵᠢ᠃

ᠡᠷᠳᠡᠨᠢᠲᠦ ᠬᠥᠮᠦᠨ ᠦ᠌ ᠪᠡᠶ᠎ᠡ ᠣᠯᠳᠠᠰᠢ ᠦᠭᠡᠢ
ᠡᠨᠡ ᠮᠠᠬᠠᠪᠣᠳ ᠪᠦᠲᠦᠭᠰᠡᠨ ᠨᠢ ᠭᠠᠢᠬᠠᠮᠰᠢᠭ᠂
ᠡᠪᠡᠳᠴᠢᠨ ᠲᠠᠬᠤᠯ ᠭᠠᠳᠠᠨ᠎ᠠ ᠠ᠋ᠴᠠ ᠬᠠᠯᠳᠠᠬᠤ ᠳ᠋ᠤ᠌
ᠡᠰᠡᠷᠭᠦᠴᠡᠬᠦ ᠮᠠᠬᠠᠪᠣᠳ ᠳᠣᠲᠣᠷ᠎ᠠ ᠠ᠋ᠴᠠ ᠪᠠᠢᠯᠳᠤᠨ᠎ᠠ᠃

ᠠᠷᠠᠳ ᠤ᠋ᠨ ᠴᠡᠷᠢᠭ ᠬᠢᠯᠢ ᠬᠢᠵᠠᠭᠠᠷ ᠢ᠋ ᠬᠠᠷᠠᠵᠤ
ᠡᠳᠦᠷ ᠰᠥᠨᠢ ᠦᠭᠡᠢ ᠮᠡᠨᠡᠨ᠎ᠡ᠃
ᠴᠢᠰᠤᠨ ᠤ᠋ ᠴᠡᠷᠢᠭ ᠰᠤᠳᠠᠰᠤ ᠪᠦᠬᠦᠨ ᠢ᠋ ᠰᠠᠬᠢᠵᠤ
ᠭᠱᠠᠨ ᠬᠣᠷᠣᠮ ᠦᠭᠡᠢ ᠰᠡᠷᠭᠡᠢᠯᠡᠨ᠎ᠡ᠃

ᠬᠥᠮᠦᠨ ᠦ᠌ ᠵᠢᠷᠦᠬᠡ ᠴᠢᠯᠥᠭᠡ ᠵᠠᠪ ᠦᠭᠡᠢ ᠴᠣᠬᠢᠨ᠎ᠠ᠂
ᠪᠡᠶ᠎ᠡ ᠶ᠋ᠢᠨ ᠴᠢᠰᠤ ᠲᠡᠭᠦᠨ ᠢ᠋ ᠳᠠᠭᠠᠯᠳᠤᠨ ᠭᠦᠶᠦᠨ᠎ᠡ᠃
ᠨᠢᠭᠡ ᠥᠴᠦᠬᠡᠨ ᠨᠢᠶᠠᠨ ᠢᠷᠡᠪᠡᠯ
ᠮᠢᠩᠭᠠᠨ ᠨᠥᠬᠥᠳ ᠢ᠋ ᠳᠠᠭᠤᠳᠠᠨ ᠲᠡᠮᠡᠴᠡᠨ᠎ᠡ᠃

ᠬᠡᠨ ᠭᠡᠳᠡᠭ ᠢ᠋ᠶ᠋ᠡᠨ ᠥᠪᠡᠷ ᠢ᠋ᠶ᠋ᠡᠨ ᠮᠡᠳᠡᠬᠦ ᠦᠭᠡᠢ ᠲᠡᠷᠡ
ᠴᠢᠨᠦ ᠪᠡᠶ᠎ᠡ ᠶ᠋ᠢ ᠬᠠᠮᠠᠭᠠᠯᠠᠵᠤ ᠪᠠᠢᠬᠤ ᠳ᠋ᠤ᠌
ᠬᠥᠮᠦᠨ ᠴᠢ ᠥᠪᠡᠷ ᠦ᠋ᠨ ᠢ᠋ᠶ᠋ᠡᠨ ᠪᠡᠶ᠎ᠡ ᠪᠡᠨ
ᠡᠪᠡᠳᠴᠢᠨ ᠡᠴᠡ ᠶᠠᠭᠤᠨ ᠳ᠋ᠤ᠌ ᠰᠡᠷᠭᠡᠢᠯᠡᠬᠦ ᠦᠭᠡᠢ ᠪᠠᠢᠨ᠎ᠠ?

         2935 ᠣᠨ

   ᠦᠰᠦᠭ ᠠᠮᠢᠯᠠᠭᠤᠯᠤᠭᠴᠢ᠄ ᠡᠷᠳᠡᠨᠢᠭᠣᠤ᠎ᠠ
   ᠬᠢᠨᠠᠭᠴᠢ᠄ ᠰᠡᠬᠡᠭᠡᠷᠡᠯ᠂ ᠣᠳᠬᠠᠨᠰᠣ᠎ᠠ