ᠳᠦᠯᠡᠢ ᠡᠪᠦᠭᠡᠨ- ᠳ· ᠨᠠᠴᠤᠭᠳᠣᠷᠵᠢДүлий өвгөн-Д.Нацагдорж
ᠳ· ᠨᠠᠴᠤᠭᠳᠣᠷᠵᠢ
ᠮᠣᠩᠭᠣᠯ ᠤ᠋ᠨ ᠬᠤᠪᠢᠰᠬᠠᠯ ᠡᠳᠦᠢ ᠵᠢᠯ ᠪᠣᠯᠬᠤ ᠳ᠋ᠤ᠌
ᠨᠢᠳᠦᠨ ᠳ᠋ᠦ᠍ ᠦᠵᠡᠭᠳᠡᠭᠰᠡᠨ ᠪᠦᠭᠦᠳᠡ
ᠲᠠᠪᠰᠢᠯᠲᠠ ᠶ᠋ᠢᠨ ᠳ᠋ᠦᠩ ᠢ᠋ ᠦᠵᠡᠭᠦᠯᠦᠨ᠎ᠡ᠃
ᠮᠠᠨᠳᠤᠵᠤ ᠬᠥᠭᠵᠢᠭᠰᠡᠨ ᠬᠤᠪᠢᠰᠬᠠᠯ ᠤ᠋ᠨ
ᠵᠢᠯ ᠵᠢᠯ ᠦ᠋ᠨ ᠣᠢ ᠪᠣᠯᠬᠤ ᠳ᠋ᠤ᠌
ᠮᠡᠳᠡᠷᠡᠯ ᠣᠶᠤᠨ ᠳ᠋ᠤ᠌ ᠲᠡᠭᠦᠨ ᠦ᠌
ᠭᠠᠪᠢᠶ᠎ᠠ ᠲᠣᠳᠣᠷᠬᠠᠢ ᠮᠡᠳᠡᠷᠡᠨ᠎ᠡ᠃
ᠦᠵᠡᠪᠡᠯ ᠨᠢᠳᠦᠨ ᠳ᠋ᠦ᠍ ᠢᠯᠡᠬᠡᠨ᠂
ᠰᠠᠨᠠᠪᠠᠯ ᠣᠶᠤᠨ ᠳ᠋ᠤ᠌ ᠲᠣᠳᠣᠷᠬᠠᠢ
ᠭᠠᠭᠴᠠ ᠬᠦ᠌ ᠳᠦᠯᠡᠢ ᠡᠪᠦᠭᠡᠨ ᠮᠢᠨᠦ ᠰᠣᠨᠣᠰᠬᠤ ᠮᠡᠳᠡᠷᠡᠯ ᠳ᠋ᠦ᠍
ᠴᠣᠬᠣᠮ ᠶᠠᠭᠤ ᠪᠣᠯᠵᠤ ᠪᠠᠢᠭ᠎ᠠ ᠨᠢ ᠦᠯᠦ ᠮᠡᠳᠡᠭᠳᠡᠬᠦ ᠨᠢ
ᠴᠢᠬᠤᠯᠳᠠᠵᠤ ᠭᠤᠨᠢᠬᠠᠷᠠᠪᠠᠴᠤ ᠪᠠᠭᠲᠠᠮᠵᠢ ᠦᠭᠡᠢ᠂ ᠦᠨᠡᠬᠡᠷ ᠤᠢᠳᠬᠠᠷ ᠲᠠᠢ᠃
ᠡᠳᠦᠭᠡ ᠡᠷᠡᠭᠦᠯ ᠢ᠋ ᠬᠠᠮᠠᠭᠠᠯᠠᠬᠤ
ᠭᠠᠵᠠᠷ ᠣᠴᠢᠵᠤ ᠡᠮᠴᠢᠯᠡᠭᠦᠯᠦᠭᠰᠡᠭᠡᠷ
ᠡᠷᠬᠡᠲᠡᠨ ᠮᠡᠳᠡᠷᠡᠯ ᠳᠤᠲᠠᠭᠤ ᠪᠠᠢᠭᠰᠠᠨ ᠢ᠋ ᠰᠡᠯᠪᠢᠭᠦᠯᠦᠭᠰᠡᠭᠡᠷ
ᠡᠷᠡᠭᠦᠯ ᠡᠩᠬᠡ ᠵᠢᠷᠭᠠᠯ ᠳ᠋ᠤ᠌ ᠳᠠᠪᠰᠢᠵᠤ ᠪᠡᠶᠡᠰᠦᠨ
ᠡᠨᠡ ᠲᠥᠷᠥ ᠶ᠋ᠢᠨ ᠬᠥᠭᠵᠢᠯ᠂
ᠡᠷᠳᠡᠮ ᠤᠬᠠᠭᠠᠨ ᠤ᠋ ᠣᠨᠣᠯ ᠢ᠋ ᠰᠣᠨᠣᠰᠤᠭᠠᠳ
ᠡᠳᠦᠷ ᠦ᠋ᠨ ᠪᠣᠳᠣᠯ ᠰᠥᠨᠢ ᠶ᠋ᠢᠨ ᠵᠡᠭᠦᠳᠦᠨ ᠳ᠋ᠦ᠍ ᠦᠷᠭᠦᠯᠵᠢᠯᠡᠨ
ᠮᠠᠭᠲᠠᠪᠠᠯ ᠪᠠᠷᠠᠭᠳᠠᠰᠢ ᠦᠭᠡᠢ ᠲᠦᠭᠡᠮᠡᠯ ᠪᠢᠰᠢᠷᠡᠯᠲᠦ ᠵᠠᠰᠠᠭ ᠢ᠋ᠶ᠋ᠠᠨ
ᠬᠡᠯᠡᠯᠴᠡᠪᠡᠯ ᠰᠠᠯᠤᠰᠢ ᠦᠭᠡᠢ ᠲᠦᠮᠡᠨ ᠡᠨᠡᠷᠢᠯᠲᠦ
ᠭᠠᠢᠬᠠᠮᠰᠢᠭᠲᠤ ᠲᠥᠷᠥ ᠡᠨᠡ ᠮᠥᠨ ᠪᠠᠢᠬᠤ ᠭᠡᠪᠡ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠭᠠᠷᠮ᠎ᠠ᠂ ᠣᠳᠬᠠᠨᠰᠣ᠎ᠠ
