ᠲᠡᠩᠵᠢᠨ ᠪᠠᠨᠳᠢ- ᠳ· ᠨᠠᠴᠤᠭᠳᠣᠷᠵᠢДэнжин банди-Д.Нацагдорж
ᠳ· ᠨᠠᠴᠤᠭᠳᠣᠷᠵᠢ
ᠰᠢᠷ᠎ᠠ ᠥᠩᠭᠡ ᠶ᠋ᠢᠨ ᠲᠣᠷᠭᠠᠨ ᠳᠡᠪᠡᠯ ᠳᠡᠭᠡᠷ᠎ᠡ
ᠬᠦᠷᠡᠩ ᠥᠩᠭᠡ ᠶ᠋ᠢᠨ ᠳᠤᠷᠳᠤᠮ ᠣᠷᠢᠶᠠᠵᠤ
ᠱᠠᠪ ᠬᠡᠭᠰᠡᠨ ᠵᠠᠯᠠᠭᠤ ᠡᠷ᠎ᠡ
ᠱᠠᠵᠢᠨ ᠤ᠋ ᠡᠮᠦᠰᠬᠡᠯ ᠢ᠋ ᠡᠮᠦᠰᠴᠡᠢ᠃
ᠬᠥᠭᠰᠢᠨ ᠡᠮᠡᠭᠡᠳ ᠨᠠᠰᠤᠲᠠᠢ ᠡᠪᠦᠭᠡᠳ ᠬᠤᠸᠠᠷᠠᠭ ᠭᠡᠭᠳᠡᠵᠦ
ᠬᠡᠦᠬᠡᠳ ᠨᠢᠯᠬᠠᠰ ᠵᠠᠯᠠᠭᠤ ᠢᠳᠡᠷᠴᠦᠳ ᠲᠦ᠍ ᠪᠠᠨᠲᠠᠢ ᠭᠡᠭᠳᠡᠵᠦ
ᠬᠥᠮᠦᠨ ᠦ᠌ ᠶᠣᠰᠣ ᠰᠤᠷᠲᠠᠯ ᠢ᠋ ᠮᠡᠳᠡᠬᠦ ᠶ᠋ᠢᠨ ᠡᠷᠬᠡ ᠦᠭᠡᠢ ᠨᠣᠮᠯᠠᠵᠤ
ᠬᠥᠨᠳᠡᠯᠡᠨ ᠰᠠᠭᠤᠵᠤ ᠮᠣᠷᠢ ᠭᠤᠶᠠᠳᠠᠨ ᠵᠠᠬ᠎ᠠ ᠳᠡᠭᠡᠷ᠎ᠡ ᠵᠣᠭᠣᠭᠳᠠᠨᠠ᠃
ᠰᠠᠢᠨ ᠳᠤᠷ᠎ᠠ ᠪᠠᠨ ᠬᠦᠷᠪᠡᠯ ᠪᠤᠶᠠᠨ ᠨᠣᠮ ᠪᠤᠷᠬᠠᠨ ᠢ᠋ ᠶᠠᠷᠢᠨ᠎ᠠ
ᠰᠠᠢᠨ ᠡᠳᠦᠷ ᠢ᠋ᠶ᠋ᠡᠨ ᠲᠣᠬᠢᠶᠠᠯᠳᠤᠪᠠᠯ
ᠰᠠᠷᠬᠤᠳ ᠨᠠᠩᠴᠢᠳ ᠵᠣᠭᠣᠭᠯᠠᠨ᠎ᠠ᠃
ᠰᠠᠢᠬᠠᠨ ᠪᠦᠰᠡᠭᠦᠢ ᠦᠵᠡᠪᠡᠯ ᠪᠦᠬᠦᠨ ᠢ᠋ ᠮᠠᠷᠲᠠᠨ ᠳᠠᠪᠬᠢᠵᠤ
ᠰᠠᠢᠪᠤᠷ ᠮᠣᠷᠢ ᠵᠢᠷᠣᠭ᠎ᠠ ᠮᠣᠷᠢ ᠶ᠋ᠢ ᠬᠣᠣᠰᠯᠠᠭᠤᠯᠤᠨ ᠡᠳ᠋ᠯᠡᠨ᠎ᠡ᠃
ᠱᠠᠵᠢᠨ ᠤ᠋ ᠶᠣᠰᠣ ᠶ᠋ᠢ ᠪᠠᠷᠢᠮᠲᠠᠯᠠᠨ ᠨᠥᠬᠥᠴᠡᠭᠰᠡᠨ ᠬᠠᠨᠢ ᠦᠭᠡᠢ
ᠭᠡᠪᠡᠴᠦ ᠰᠠᠨᠠᠭ᠎ᠠ ᠬᠦᠰᠡᠯ ᠢ᠋ᠶ᠋ᠡᠨ ᠵᠢᠷᠤᠮᠯᠠᠨ
ᠰᠠᠮᠠᠭᠤᠨ ᠰᠡᠳᠬᠢᠯ ᠳ᠋ᠦ᠍ ᠠᠪᠲᠠᠭᠳᠠᠨ᠎ᠠ᠃
ᠰᠠᠨᠸᠠᠷ ᠰᠠᠬᠢᠯ ᠭᠡᠵᠦ ᠬᠣᠭᠣᠰᠣᠨ ᠳᠦᠷᠢ ᠦᠵᠡᠭᠦᠯᠪᠡᠴᠦ
ᠰᠠᠮᠠᠭᠤᠨ ᠤ᠋ ᠦᠷ᠎ᠡ ᠡᠪᠡᠳᠴᠢᠨ ᠦ᠌ ᠥᠷᠲᠡᠭᠡ ᠦᠨᠡᠨ ᠳ᠋ᠡᠭᠡᠨ ᠪᠣᠯᠵᠠᠢ᠃
ᠦᠰᠦᠭ ᠠᠮᠢᠯᠠᠭᠤᠯᠤᠭᠴᠢ᠄ ᠪᠠᠭᠠᠲᠤᠷ
ᠬᠢᠨᠠᠭᠴᠢ᠄ ᠣᠳᠬᠠᠨᠰᠣ᠎ᠠ
