ᠬᠤᠷᠳᠤᠨ ᠮᠣᠷᠢХурдан морь ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠷᠳᠤᠨ ᠮᠣᠷᠢХурдан морь

ᠬᠤᠷᠳᠤᠨ ᠮᠣᠷᠢХурдан морь

ᠬᠤᠷᠳᠤᠨ ᠮᠣᠷᠢ

ᠨᠡᠭᠦᠳᠡᠯᠴᠢᠨ ᠮᠣᠩᠭᠣᠯᠴᠤᠳ ᠤ᠋ᠨ ᠬᠤᠪᠢ ᠳ᠋ᠤ᠌ ᠬᠦᠯᠦᠭ ᠮᠣᠷᠢ ᠣᠨᠴᠠᠭᠠᠢ ᠦᠢᠯᠡᠳᠦᠯ ᠲᠡᠢ ᠃ ᠬᠣᠶᠠᠷ ᠮᠢᠩᠭ᠎ᠠ ᠭᠠᠷᠤᠢ ᠵᠢᠯ ᠦ᠋ᠨ ᠲᠡᠷᠲᠡᠭᠡ ᠡᠴᠡ ᠮᠣᠷᠢᠨ ᠤᠷᠤᠯᠳᠤᠭᠠᠨ ᠨᠢ ᠮᠣᠩᠭᠣᠯᠴᠤᠳ ᠤ᠋ᠨ ᠦᠨᠳᠦᠰᠦᠲᠡᠨ ᠦ᠌ ᠶᠡᠬᠡ ᠪᠠᠶᠠᠷ ᠴᠡᠩᠭᠡᠯ ᠪᠠᠢᠭᠰᠠᠭᠠᠷ ᠢᠷᠡᠭᠰᠡᠨ ᠃ ᠬᠤᠷᠳᠤᠨ ᠮᠣᠷᠢ ᠶ᠋ᠢ ᠰᠢᠨᠵᠢᠬᠦ ᠂ ᠤᠷᠤᠯᠳᠤᠭᠤᠯᠬᠤ ᠂ ᠴᠣᠯᠠᠯᠠᠬᠤ᠂ ᠭᠤᠶᠤᠬᠤ ᠨᠢ ᠪᠡᠶ᠎ᠡ ᠳᠠᠭᠠᠭᠠᠭᠰᠠᠨ ᠤᠷᠠᠯᠢᠭ ᠂ ᠰᠣᠶᠣᠯ ᠢᠷᠭᠡᠨᠰᠢᠯ ᠦ᠋ᠨ ᠥᠪᠡᠷᠮᠢᠴᠡ ᠮᠡᠳᠡᠯᠭᠡ ᠤᠬᠠᠭᠠᠨ ᠶᠤᠮ ᠃ ᠬᠠᠮᠤᠭ ᠤ᠋ᠨ ᠬᠤᠷᠳᠤᠨ ᠮᠣᠷᠢᠳ ᠢ᠋ ᠬᠣᠶᠠᠷ ᠨᠠᠰᠤᠨ ᠠ᠋ᠴᠠ ᠨᠢ ᠡᠬᠢᠯᠡᠨ ᠰᠣᠩᠭᠣᠨ᠎ᠠ᠃ ᠳᠠᠭ᠎ᠠ᠂ ᠰᠢᠳᠦᠯᠡᠩ᠂ ᠬᠢᠵᠠᠭᠠᠯᠠᠩ᠂ ᠰᠣᠶᠣᠭᠠᠯᠠᠩ᠂ ᠶᠡᠬᠡ ᠨᠠᠰᠤ ᠪᠠ ᠠᠵᠢᠷᠭ᠎ᠠ ᠭᠡᠰᠡᠨ ᠵᠢᠷᠭᠤᠭᠠᠨ ᠨᠠᠰᠤᠨ ᠤ᠋ ᠠᠩᠭᠢᠯᠠᠯ ᠳ᠋ᠤ᠌ ᠣᠷᠣᠯᠳᠣᠭᠤᠯᠳᠠᠭ᠃ ᠶᠠᠭ ᠯᠠ ᠲᠠᠮᠢᠷᠴᠢᠨ ᠢ᠋ ᠲᠡᠮᠡᠴᠡᠭᠡᠨ ᠳ᠋ᠦ᠍ ᠪᠡᠯᠡᠳᠴᠦ ᠪᠣᠢ ᠮᠡᠲᠦ ᠣᠷᠣᠯᠳᠣᠬᠤ ᠮᠣᠷᠢᠳ ᠢ᠋ ᠭᠤᠴᠢ ᠬᠣᠨᠣᠭ ᠤ᠋ᠨ ᠡᠮᠦᠨ᠎ᠡ ᠡᠴᠡ ᠬᠣᠭᠣᠯᠠ ᠤᠮᠳᠠ ᠶ᠋ᠢ ᠨᠢ ᠲᠣᠬᠢᠷᠠᠭᠤᠯᠤᠨ ᠡᠳᠦᠷ ᠳᠣᠳᠣᠮ ᠳᠠᠪᠬᠢᠭᠤᠯᠤᠨ ᠰᠣᠷᠢᠵᠤ ᠪᠡᠯᠡᠳᠬᠡᠬᠦ ᠶ᠋ᠢ ᠮᠣᠷᠢ ᠤᠶᠠᠬᠤ ᠭᠡᠵᠦ ᠶᠠᠷᠢᠳᠠᠭ᠃
ᠮᠣᠷᠢ ᠤᠷᠤᠯᠳᠤᠭᠤᠯᠬᠤ ᠶ᠋ᠢᠨ ᠡᠮᠦᠨ᠎ᠡ ᠭᠠᠷᠤᠭᠠᠨ ᠳ᠋ᠤ᠌ ᠪᠡᠯᠡᠳᠬᠦ ᠦᠶ᠎ᠡ ᠳ᠋ᠦ᠍ ᠬᠡᠦᠬᠡᠳ ᠪᠠᠭᠠᠴᠤᠳ ᠭᠢᠩᠭᠤ ᠠᠶᠠᠯᠳᠠᠭ ᠃ ᠭᠢᠩᠭᠤ ᠭᠡᠵᠦ ᠨᠠᠷᠠᠨ ᠤ᠋ ᠪᠤᠷᠬᠠᠨ ᠬᠥᠷᠥᠰᠥᠲᠦ ᠳᠡᠯᠡᠬᠡᠢ ᠳ᠋ᠦ᠍ ᠬᠤᠷᠳᠤᠨ ᠮᠣᠷᠢ ᠪᠠᠨ ᠬᠥᠯᠭᠡᠯᠡᠨ ᠢᠷᠡᠵᠦ᠂ ᠮᠣᠷᠢ ᠬᠡᠦᠬᠡᠳ ᠬᠣᠶᠠᠷ ᠢ᠋ ᠠᠮᠤᠭᠤᠯᠠᠩ ᠥᠯᠵᠡᠢᠲᠡᠢ ᠪᠠᠢᠬᠤ ᠶ᠋ᠢ ᠪᠡᠯᠭᠡᠳᠡᠭᠰᠡᠨ ᠤᠷᠠᠢ ᠶᠤᠮ᠃
ᠭᠢᠩᠭᠤ ᠶ᠋ᠢᠨ ᠤᠶᠠᠩᠭᠠᠯᠢᠭ ᠠᠶᠠᠨ ᠳ᠋ᠤ᠌ ᠬᠤᠷᠳᠤᠨ ᠮᠣᠷᠢᠳ ᠤᠶᠠᠷᠠᠵᠤ ᠭᠠᠷᠤᠭ᠎ᠠ ᠪᠠᠨ ᠵᠥᠪ ᠣᠯᠳᠠᠭ ᠭᠡᠵᠦ ᠦᠵᠡᠳᠡᠭ ᠶᠦᠮ ᠃ ᠤᠷᠤᠯᠳᠤᠭᠠᠨ ᠳ᠋ᠤ᠌ ᠲᠦᠷᠦᠭᠦᠯᠡᠭᠰᠡᠨ ᠮᠣᠷᠢ ᠶ᠋ᠢ ᠲᠦᠮᠡᠨ ᠦ᠌ ᠡᠬᠢ ᠭᠡᠰᠡᠨ ᠴᠣᠯᠠ ᠥᠭᠴᠦ ᠮᠠᠭᠲᠠᠨ ᠰᠢᠯᠦᠭᠯᠡᠵᠦ ᠠᠶᠠᠯᠭᠤᠯᠠᠨ ᠬᠡᠯᠡᠬᠦ ᠶ᠋ᠢ ᠮᠣᠷᠢᠨ ᠤ᠋ ᠴᠣᠯᠠ ᠳᠠᠭᠤᠳᠠᠬᠤ ᠭᠡᠨ᠎ᠡ᠃ ᠬᠠᠮᠤᠭ ᠤ᠋ᠨ ᠲᠦᠷᠦᠭᠦᠨ ᠳ᠋ᠦ᠍ ᠢᠷᠡᠭᠰᠡᠨ ᠮᠣᠷᠢ ᠶ᠋ᠢ ᠲᠦᠷᠦᠭᠦᠦ᠂ ᠬᠣᠶᠠᠷ ᠲᠤ᠌ ᠢᠷᠡᠭᠰᠡᠨ ᠮᠣᠷᠢ ᠶ᠋ᠢ ᠠᠮᠠᠨ ᠬᠦᠵᠦᠭᠦᠦ ᠂ ᠭᠤᠷᠪᠠ ᠳ᠋ᠤ᠌ ᠢᠷᠡᠭᠰᠡᠨ ᠢ᠋ ᠠᠢᠷᠠᠭ ᠤ᠋ᠨ ᠭᠤᠷᠪᠠ ᠂ ᠳᠥᠷᠪᠡ ᠳ᠋ᠦ᠍ ᠢᠷᠡᠭᠰᠡᠨ ᠢ᠋ ᠠᠢᠷᠠᠭ ᠤ᠋ᠨ ᠳᠥᠷᠪᠡ ᠂ ᠲᠠᠪᠤ ᠳ᠋ᠤ᠌ ᠢᠷᠡᠭᠰᠡᠨ ᠢ᠋ ᠨᠢ ᠠᠢᠷᠠᠭ ᠤ᠋ᠨ ᠲᠠᠪᠤ ᠭᠡᠵᠦ ᠨᠡᠷᠡᠯᠡᠳᠡᠭ ᠃ ᠳᠠᠭᠠᠨ ᠤ᠋ ᠤᠷᠤᠯᠳᠤᠭᠠᠨ ᠳ᠋ᠤ᠌ ᠬᠠᠮᠤᠭ ᠤ᠋ᠨ ᠰᠡᠭᠦᠯ ᠢᠷᠡᠭᠰᠡᠨ ᠳᠠᠭ᠎ᠠ ᠶ᠋ᠢ ᠪᠠᠷᠢᠵᠤ ᠪᠠᠶᠠᠨ ᠬᠣᠳᠣᠭᠠᠳᠣ ᠭᠡᠮᠡᠨ ᠥᠬᠥᠭᠡᠷᠳᠡᠨ ᠴᠣᠯᠠᠯᠠᠵᠤ ᠲᠦᠷᠦᠭᠦᠯᠡᠭᠰᠡᠨ ᠳᠠᠭ᠎ᠠ ᠲᠠᠢ ᠢᠵᠢᠯ ᠱᠠᠩᠨᠠᠯ ᠣᠯᠭᠣᠳᠠᠭ ᠶᠤᠮ ᠪᠠᠢᠨ᠎ᠠ ᠃
ᠮᠣᠩᠭᠣᠯᠴᠤᠳ ᠡᠷᠲᠡᠨ ᠡᠴᠡ ᠮᠣᠷᠢᠨ ᠤ᠋ ᠲᠣᠨᠣᠭ ᠬᠡᠷᠡᠭᠰᠡᠯ ᠪᠦᠬᠦᠯᠢ ᠪᠦᠲᠦᠨ ᠰᠣᠶᠣᠯ ᠲᠠᠢ ᠪᠠᠢᠵᠤ ᠡᠮᠡᠭᠡᠯ ᠂ ᠬᠠᠵᠠᠭᠠᠷ ᠂ ᠳᠥᠷᠥᠭᠡ᠂ ᠬᠤᠳᠠᠷᠭ᠎ᠠ᠂ ᠬᠥᠮᠥᠯᠳᠥᠷᠭᠡ ᠭᠡᠳ ᠮᠣᠷᠢᠨ ᠤ᠋ ᠭᠣᠶᠣᠯᠠᠯ ᠢ᠋ ᠣᠯᠠᠨ ᠯᠠᠩ ᠮᠥᠩᠭᠥ ᠪᠡᠷ ᠮᠠᠰᠢ ᠨᠠᠷᠢᠨ ᠬᠢᠴᠡᠲᠡᠢ ᠤᠷᠠᠯᠠᠳᠠᠭ ᠪᠠᠢᠭᠰᠠᠨ ᠶᠤᠮ ᠭᠡᠨ᠎ᠡ ᠰᠢᠦ ᠃
   ᠦᠰᠦᠭ ᠠᠮᠢᠯᠠᠭᠤᠯᠤᠭᠴᠢ᠄ ᠰ᠂ ᠳᠣᠷᠣᠨ᠎ᠠ
   ᠬᠢᠨᠠᠭᠴᠢ᠄ ᠢᠷᠡᠭᠡᠳᠦᠢ