ᠢᠨᠵᠠᠭᠠᠨ ᠵᠦᠰᠡ1(ᠰᠣᠯᠣᠩᠭᠠᠨ ᠨᠠᠢᠷᠠᠭᠯᠠᠯ※) – ᠶᠣᠨᠳᠣᠨ ᠤ ᠪᠢᠯᠢᠭ᠌ - ᠪᠠᠭᠠᠲᠤᠷ - Янзган зүс 1(солонгон найраглал※)Ёндоны Билиг - Баатар
ᠨᠢᠭᠡ ᠬᠥᠬᠡ
— ᠪᠤᠤᠴᠠᠩ ᠪᠠᠯᠭᠠᠰᠤᠨ ᠳ᠋ᠤᠷ
ᠪᠤᠳᠠᠩ ᠮᠠᠨᠠᠨ ᠪᠤᠲᠠᠷᠠᠬᠤᠶᠠ
ᠪᠣᠳᠣᠯᠭᠠᠨ ᠤ᠋ ᠮᠢᠨᠢ ᠳᠣᠲᠣᠷ᠎ᠠ
ᠪᠤᠯᠠᠭᠠᠲᠤᠬᠤᠢ ᠨᠤᠲᠤᠭ ᠰᠠᠨᠠᠭᠳᠠᠮᠤᠢ
(※ ᠮᠢᠨᠦ ᠶᠡᠬᠡ ᠠᠬ᠎ᠠ ᠶᠣᠨᠳᠣᠨ ᠤ᠋ ᠪᠠᠲᠤ— ᠰᠦᠬᠡ
1974 ᠣᠨ ᠳ᠋ᠤ᠌ ᠪᠢᠴᠢᠵᠦ ᠪᠠᠢᠭᠰᠠᠨ ᠰᠢᠯᠦᠭ ᠪᠥᠯᠥᠭᠡ)
ᠨᠢᠭᠡ ᠬᠥᠬᠡ
ᠨᠠᠷᠠᠨ ᠤ᠋ ᠠᠯᠲᠠᠨ ᠠᠮᠢᠰᠬᠤᠭᠠᠨ ᠰᠠᠴᠤᠷᠠᠭ ᠰᠢᠭ᠋
ᠨᠠᠷᠢᠨ ᠵᠥᠭᠡᠯᠡᠬᠡᠨ ᠢᠨᠵᠠᠭᠠᠨ ᠵᠦᠰᠡ ᠲᠠ
ᠰᠠᠢᠬᠠᠨ ᠰᠣᠷᠮᠤᠤᠰᠤ ᠶ᠋ᠢ ᠮᠢᠨᠢ ᠦᠨᠦᠷᠯᠡᠩᠬᠡᠨ
ᠰᠠᠨᠠᠭᠠᠨ ᠤ᠋ ᠶᠢᠷᠲᠢᠨᠴᠦ ᠳ᠋ᠦ᠍ ᠨᠠᠮᠢᠷᠠᠭ᠎ᠠ ᠤᠤ?
ᠥᠬᠢᠨ ᠴᠠᠭᠠᠨ ᠪᠤᠯᠪᠠᠷᠠᠢ ᠴᠣᠭᠴᠢᠰ ᠲᠤ ᠮᠢᠨᠢ
ᠠᠯᠢᠶᠠᠬᠠᠨ ᠬᠣᠩᠭᠣᠷᠬᠠᠨ ᠨᠢᠭᠡᠨ ᠯᠤᠭᠰᠢᠯᠲᠠ
ᠠᠯᠢ ᠵᠠᠪ ᠦᠭᠡᠢ ᠯᠡ
ᠳᠡᠩᠳᠡᠭᠦᠦ ᠬᠡᠢᠷᠬᠡᠨ ᠣᠭᠰᠢᠨ
ᠠᠯᠠᠭᠬᠠᠨ ᠵᠢᠭᠠᠬᠠᠨ ᠵᠢᠷᠦᠬᠡ ᠮᠢᠨᠢ
ᠳᠡᠩᠳᠡᠷᠡᠭᠡ ᠤᠤ ᠳᠠ
ᠤᠷᠢᠳᠤ ᠰᠥᠨᠢ ᠶ᠋ᠢᠨ
ᠰᠣᠨᠢᠬᠠᠨ ᠵᠡᠭᠦᠳᠦᠨ ᠳ᠋ᠡᠭᠡᠨ
ᠬᠥᠭᠰᠢᠨ ᠡᠨᠡ ᠮᠠᠭᠤ ᠪᠡᠶ᠎ᠡ
ᠬᠡᠦᠬᠡᠨ ᠬᠤᠪᠢᠯᠤᠭᠰᠠᠨ ᠪᠠᠢᠬᠤ ᠨᠢ ᠰᠢᠦ
ᠡᠷ᠎ᠡ ᠬᠦᠢᠰᠦ ᠪᠡᠨ
ᠭᠣᠯᠣᠭᠰᠠᠨ ᠤ᠋ ᠤᠤ
ᠠᠯᠢᠪ ᠶᠡᠷᠦᠨᠢ ᠰᠦᠨᠡᠰᠦ
ᠬᠤᠪᠢᠯᠤᠭᠰᠠᠨ ᠤ᠋ ᠤᠤ
ᠡᠷ᠎ᠡ ᠶ᠋ᠢᠨ ᠳᠣᠲᠣᠷ᠎ᠠ ᠠᠨᠤ
ᠡᠮ᠎ᠡ ᠠᠮᠢ ᠣᠷᠣᠰᠢᠳᠠᠭ ᠭᠡᠪᠡᠦ
ᠡᠮ᠎ᠡ ᠶ᠋ᠢᠨ ᠰᠤᠭᠤᠨ ᠳ᠋ᠤ᠌ ᠢᠨᠤ
ᠡᠷ᠎ᠡ ᠰᠦᠭ ᠬᠣᠨᠣᠳᠠᠭ ᠭᠡᠪᠡᠦ ᠁
ᠠᠷᠪᠠᠨ ᠭᠤᠷᠪᠠ ᠰᠢᠷᠬᠠᠳᠤᠭᠰᠠᠨ
ᠠᠵᠢᠷᠭᠠᠨ ᠬᠥᠬᠡ ᠴᠢᠨᠣ᠎ᠠ ᠪᠢ
ᠠᠭᠰᠢᠷᠠᠭᠠᠳ ᠢᠷᠡᠬᠦ ᠪᠡᠷ ᠢ᠋ᠶ᠋ᠡᠨ
ᠥᠯᠥᠭᠴᠢᠨ ᠴᠢᠨᠣ᠎ᠠ ᠪᠠᠢᠬᠤ ᠭᠡᠵᠦ ᠤᠤ
ᠠᠷᠠᠢ ᠴᠤ᠌ ᠳᠠ ᠬᠥᠭᠡᠷᠦᠬᠦᠢ
ᠠᠷᠠᠭᠠᠨ ᠳ᠋ᠠᠭᠠᠨ ᠵᠠᠭᠤᠳᠠᠯ ᠲᠠᠢ ᠡᠷ᠎ᠡ
ᠠᠷᠭ᠎ᠠ ᠪᠠᠷᠠᠭᠳᠠᠬᠤ ᠪᠠᠷ ᠢ᠋ᠶ᠋ᠠᠨ
ᠠᠳᠤᠭᠤᠨ ᠰᠠᠯᠬᠢ ᠪᠠᠨ ᠭᠡᠭᠡᠬᠦ ᠭᠡᠵᠦ ᠤᠤ
᠁ ᠦᠭᠡᠢ ᠰᠢᠦ᠂ ᠬᠠᠷᠢᠨ᠂ ᠦᠭᠡᠢ ᠠ᠋
᠁ ᠦᠬᠡᠷ ᠵᠢᠯ ᠲᠡᠢ ᠰᠢᠦ ᠳᠡ᠂ ᠪᠢ ᠴᠢᠨᠢ
᠁ ᠦᠨᠡᠨ ᠢ᠋ᠶ᠋ᠡᠷ ᠢ᠋ᠶ᠋ᠡᠨ ᠶᠠᠪᠤᠬᠤ ᠠ᠋ᠴᠠ
᠁ ᠦᠨᠡᠭᠡᠨ ᠦ᠌ ᠤᠯᠠᠭᠠᠨ ᠨᠢ ᠰᠠᠢᠬᠠᠨ
ᠵᠠᠯᠭᠠᠮᠵᠢ ᠪᠣᠢ! ᠤᠩᠰᠢᠭᠴᠢ ᠮᠢᠨᠢ
2024᠂ 6᠂ 4 – 6᠂ 5 01᠄ 09᠃ ᠦᠦᠷ᠃
ᠬᠥᠬᠡᠬᠣᠲᠠᠨ᠎ᠠ ᠲᠤᠩᠭᠠᠯᠠᠭ ᠪᠦᠲᠦᠭᠡᠪᠡᠢ᠃
