ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠮᠣᠩᠭᠣᠯᠴᠢᠯᠠᠭᠴᠢ ᠶᠢᠨ ᠦᠭᠡ Сэрүүхэн тал нутаг – <свис> Вальтер Босгард ( Walter Bosshard)- Mонголчлогчийн үг ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠮᠣᠩᠭᠣᠯᠴᠢᠯᠠᠭᠴᠢ ᠶᠢᠨ ᠦᠭᠡ Сэрүүхэн тал нутаг – <свис> Вальтер Босгард ( Walter Bosshard)- Mонголчлогчийн үг

ᠰᠡᠷᠢᠭᠦᠬᠡᠨ ᠲᠠᠯ᠎ᠠ ᠨᠤᠲᠤᠭ – <ᠰᠸᠢᠰ> ᠸᠠᠯᠲ᠋ᠸᠷ ᠪᠣᠰᠬᠠᠷᠳ᠋ - ᠮᠣᠩᠭᠣᠯᠴᠢᠯᠠᠭᠴᠢ ᠶᠢᠨ ᠦᠭᠡ Сэрүүхэн тал нутаг – <свис> Вальтер Босгард ( Walter Bosshard)- Mонголчлогчийн үг

ᠠᠩᠭᠢᠯᠠᠯ:ᠲᠤᠭᠤᠵᠢ ᠷᠣᠮᠠᠨ
2024-06-05

343

ᠮᠣᠩᠭᠣᠯᠴᠢᠯᠠᠭᠴᠢ ᠶᠢᠨ ᠦᠭᠡ


       ᠬᠣᠯᠪᠣᠭᠠᠨ ᠤ᠋ ᠪᠦᠭᠦᠳᠡ ᠨᠠᠢᠷᠠᠮᠳᠠᠬᠤ ᠤᠯᠤᠰ ᠲᠤ᠌ ᠬᠦᠷᠦᠭᠰᠡᠨ ᠦ᠌ ᠳᠠᠷᠠᠭᠠᠬᠢ ᠭᠤᠷᠪᠠᠳᠠᠬᠢ ᠵᠢᠯ ᠪᠤᠶᠤ 2005 ᠣᠨ ᠤ᠋ ᠨᠢᠭᠡᠨ ᠦᠳᠡᠰᠢ ᠪᠢ ᠫᠸᠲ᠋ᠸᠷ ᠱᠣᠯᠽ ᠬᠡᠮᠡᠬᠦ ᠨᠠᠢᠵᠠ ᠲᠠᠢ ᠪᠠᠨ ᠯᠸᠢᠫᠽᠢᠭ ᠬᠣᠲᠠ ᠶ᠋ᠢᠨ ᠵᠢᠵᠢᠭᠬᠡᠨ ᠬᠣᠭᠣᠯᠠᠨ ᠤ᠋ ᠭᠠᠵᠠᠷ ᠲᠤ᠌ ᠪᠣᠯᠵᠣᠵᠤ ᠠᠭᠤᠯᠵᠠᠭᠰᠠᠨ ᠶᠤᠮ ᠃ ᠫᠸᠲ᠋ᠸᠷ ᠲᠡᠢ ᠪᠢ ᠠᠳᠠ ᠠ᠋ᠴᠠ ᠬᠣᠶᠠᠷ ᠵᠢᠯ ᠦ᠋ᠨ ᠡᠮᠦᠨ᠎ᠡ ᠨᠢᠭᠡ ᠨᠠᠢᠵᠠ ᠶ᠋ᠢᠨ ᠢ᠋ᠶ᠋ᠡᠨ ᠭᠡᠷ ᠲᠦ᠍ ᠲᠠᠨᠢᠯᠴᠠᠭᠰᠠᠨ ᠲᠡᠨᠳᠡ ᠪᠠᠢᠯᠴᠠᠭᠰᠠᠳ ᠨᠢ ᠪᠦᠭᠦᠳᠡ ᠯᠡ ᠠᠶᠠᠯᠠᠯ ᠵᠢᠭᠤᠯᠴᠢᠯᠠᠯ ᠳ᠋ᠤ᠌ ᠰᠣᠨᠢᠷᠬᠠᠯ ᠲᠠᠢ ᠭᠧᠷᠮᠠᠨᠴᠤᠳ ᠪᠠᠢᠯ᠎ᠠ᠃ ᠲᠡᠭᠡᠭᠡᠳ ᠨᠠᠳᠠ ᠳ᠋ᠤ᠌ ᠬᠣᠶᠠᠷ ᠴᠤ᠌ ᠤᠳᠠᠭ᠎ᠠ ᠡᠬᠡ ᠨᠤᠲᠤᠭ ᠲᠠᠭᠠᠨ ᠬᠠᠷᠢᠬᠤ ᠠᠵᠠ ᠵᠠᠪᠰᠢᠶᠠᠨ ᠲᠠᠭᠠᠷᠠᠯᠳᠤᠵᠤ ᠂ ᠪᠢ ᠲᠡᠷᠡ ᠬᠡᠳᠦᠨ ᠭᠧᠷᠮᠠᠨ ᠬᠥᠮᠦᠨ ᠢ᠋ ᠳᠠᠭᠠᠭᠤᠯᠤᠨ ᠥᠪᠥᠷ ᠮᠣᠩᠭᠣᠯ ᠠ᠋ᠴᠠ ᠬᠠᠢᠨᠠᠨ ᠠᠷᠠᠯ ᠬᠦᠷᠲᠡᠯ᠎ᠡ ᠣᠯᠠᠨ ᠬᠣᠨᠣᠭ ᠢ᠋ᠶ᠋ᠠᠷ ᠬᠠᠨᠲᠠᠯ᠎ᠠ ᠪᠠᠨ ᠠᠶᠠᠯᠠᠨ ᠵᠢᠭᠤᠯᠴᠢᠯᠠᠭᠰᠠᠨ ᠶᠤᠮ ᠃ ᠫᠸᠲ᠋ᠸᠷ᠂ ᠪᠢᠣᠯᠣᠭᠢ ᠶ᠋ᠢᠨ ᠤᠬᠠᠭᠠᠨ ᠤ᠋ ᠮᠡᠷᠭᠡᠵᠢᠯ ᠢ᠋ᠶ᠋ᠡᠷ ᠳ᠋ᠣᠺᠲ᠋ᠣᠷ ᠴᠣᠯᠠ ᠬᠠᠮᠠᠭᠠᠯᠠᠭᠠᠳ ᠮᠥᠨ ᠲᠡᠷᠡ ᠴᠢᠭᠯᠡᠯ ᠳ᠋ᠦ᠍ ᠠᠵᠢᠯᠯᠠᠵᠤ ᠪᠠᠢᠭ᠎ᠠ ᠪᠣᠯᠪᠠᠴᠤ ᠳᠤᠷ᠎ᠠ ᠰᠣᠨᠢᠷᠬᠠᠯ ᠨᠢ ᠶᠡᠬᠡ ᠥᠷᠭᠡᠨ ᠳᠡᠯᠭᠡᠷ ᠪᠠᠢᠵᠤ᠂ ᠳᠡᠯᠡᠬᠡᠢ ᠶ᠋ᠢᠨ ᠣᠯᠠᠨ ᠭᠠᠵᠠᠷ ᠤ᠋ᠨ ᠲᠤᠬᠠᠢ ᠨᠣᠮ ᠪᠢᠴᠢᠭ ᠤᠩᠰᠢᠨ ᠲᠤᠭᠤᠯᠵᠤ ᠂ ᠪᠠᠷᠤᠭ ᠯᠠ ᠳᠡᠯᠡᠬᠡᠢ ᠶ᠋ᠢᠨ ᠥᠨᠴᠥᠭ ᠪᠦᠬᠦᠨ ᠳ᠋ᠦ᠍ ᠬᠦᠷᠴᠦ ᠥᠩᠭᠡᠷᠡᠭᠰᠡᠨ ᠨᠢᠭᠡᠨ ᠪᠠᠢᠪᠠ᠃  
       ᠬᠣᠭᠣᠯᠠ ᠤᠮᠳᠠᠭ᠎ᠠ ᠪᠠᠨ ᠵᠠᠬᠢᠶᠠᠯᠠᠭᠰᠠᠨ ᠤ᠋ ᠳᠠᠷᠠᠭ᠎ᠠ ᠪᠡᠶ᠎ᠡ ᠡᠴᠡ ᠪᠡᠨ ᠰᠠᠯᠭᠠᠯ ᠦᠭᠡᠢ ᠠᠪᠴᠤ ᠶᠠᠪᠤᠳᠠᠭ ᠬᠠᠷ᠎ᠠ ᠪᠣᠭᠴᠣ ᠡᠴᠡ ᠪᠡᠨ ᠨᠠᠳᠠ ᠳ᠋ᠤ᠌ ᠨᠢᠭᠡ ᠬᠠᠭᠤᠴᠢᠨ ᠨᠣᠮ ᠭᠠᠷᠭᠠᠵᠤ ᠥᠭᠭᠦᠭᠡᠳ᠄  
      —  ᠮᠣᠩᠭᠣᠯ ᠤ᠋ᠨ ᠲᠤᠬᠠᠢ ᠶᠣᠰᠣᠲᠠᠢ ᠰᠠᠢᠬᠠᠨ ᠪᠢᠴᠢᠭᠳᠡᠭᠰᠡᠨ ᠨᠣᠮ ᠪᠠᠢᠨ᠎ᠠ᠃ ᠪᠢ ᠤᠩᠰᠢᠵᠤ ᠳᠠᠭᠤᠰᠤᠭᠰᠠᠨ ᠪᠣᠯᠬᠣᠷ ᠴᠢᠮ᠎ᠠ ᠳ᠋ᠤ᠌ ᠪᠡᠯᠡᠭᠯᠡᠶ᠎ᠡ ᠭᠡᠯ᠎ᠡ᠃  ᠨᠣᠮ ᠪᠢᠴᠢᠭ ᠢ᠋ ᠡᠷᠬᠢᠮᠯᠡᠨ ᠦᠵᠡᠳᠡᠭ ᠭᠧᠷᠮᠠᠨᠴᠤᠳ ᠪᠣᠯ ᠨᠣᠮ ᠪᠢᠴᠢᠭ ᠢ᠋ᠶ᠋ᠡᠨ ᠬᠣᠷᠢᠶᠠᠨ ᠬᠠᠳᠠᠭᠠᠯᠠᠬᠤ ᠳ᠋ᠠᠭᠠᠨ ᠰᠠᠢᠨ ᠪᠥᠭᠡᠳ ᠡᠨᠡ ᠨᠢ ᠬᠥᠭᠵᠢᠭᠰᠡᠭᠡᠷ ᠣᠳᠣ ᠶ᠋ᠢᠨ ᠰᠦᠯᠵᠢᠶᠡᠨ ᠦ᠌ ᠴᠠᠭ ᠦᠶ᠎ᠡ ᠳ᠋ᠦ᠍ ᠬᠦᠷᠦᠭᠡᠳ ᠬᠠᠭᠤᠴᠢᠨ ᠨᠣᠮ ᠪᠣᠷᠣᠯᠠᠭᠤᠯᠬᠤ ᠰᠦᠯᠵᠢᠶᠡᠨ ᠦ᠌ ᠬᠠᠢᠭ ᠤ᠋ᠳ ᠡᠭᠦᠰᠦᠨ ᠬᠥᠭᠵᠢᠵᠡᠢ᠃ ᠮᠥᠩᠭᠥ ᠲᠥᠭᠥᠷᠢᠭ ᠨᠢ ᠬᠦᠷᠦᠯᠴᠡᠭᠡ ᠲᠡᠢ ᠪᠣᠯ ᠪᠦᠷ ᠠᠯᠢ ᠡᠷᠲᠡ ᠦᠶ᠎ᠡ ᠶ᠋ᠢᠨ ᠬᠠᠭᠤᠴᠢᠨ ᠨᠣᠮ ᠢ᠋ ᠴᠦ᠍ ᠬᠤᠳᠠᠯᠳᠤᠨ ᠠᠪᠴᠤ ᠪᠣᠯᠤᠨ᠎ᠠ᠃ ᠬᠠᠶᠠ ᠵᠠᠷᠢᠮ ᠳ᠋ᠠᠭᠠᠨ ᠠᠵᠠ ᠲᠠᠭᠠᠷᠠᠪᠠᠯ ᠥᠪᠡᠷ ᠲᠤᠨᠢ ᠬᠡᠷᠡᠭ ᠲᠡᠢ ᠬᠣᠪᠣᠷᠬᠠᠨ ᠨᠣᠮ ᠢ᠋ ᠴᠦ᠍ ᠬᠢᠮᠳᠠ ᠦᠨ᠎ᠡ ᠪᠡᠷ ᠣᠯᠵᠤ ᠳᠡᠢᠯᠳᠡᠭ ᠶᠦᠮ᠃ ᠨᠠᠢᠵᠠ ᠶ᠋ᠢᠨ ᠮᠢᠨᠢ ᠪᠡᠯᠡᠭᠯᠡᠭᠰᠡᠨ ᠡᠨᠡ ᠬᠦ᠌ ᠨᠣᠮ ᠨᠢ ᠮᠡᠳᠡᠭᠡᠵᠢ 《ᠰᠡᠷᠢᠭᠦᠬᠡᠨ ᠲᠠᠯ᠎ᠠ ᠨᠤᠲᠤᠭ 》 ᠪᠠᠢᠭᠰᠠᠨ ᠪᠥᠭᠡᠳ ᠪᠢ ᠲᠤᠬᠠᠢ ᠶ᠋ᠢᠨ ᠦᠶ᠎ᠡ ᠶ᠋ᠢᠨ ᠭᠧᠷᠮᠠᠨ ᠬᠡᠯᠡᠨ ᠦ᠌ ᠮᠥᠴᠢᠳᠬᠡᠨ ᠬᠢᠷᠢ ᠬᠡᠮᠵᠢᠶ᠎ᠡ ᠪᠡᠨ ᠲᠦᠰᠢᠭᠯᠡᠨ ᠬᠦᠴᠢᠷᠳᠡᠨ ᠤᠩᠰᠢᠵᠤ ᠳᠠᠭᠤᠰᠬᠠᠭᠰᠠᠨ ᠶᠤᠮ᠃ ᠬᠡᠳᠦᠢᠪᠡᠷ ᠭᠦᠢᠴᠡᠳ ᠰᠠᠢᠨ ᠣᠢᠯᠠᠭᠠᠬᠤ ᠦᠭᠡᠢ ᠪᠠᠢᠭᠰᠠᠨ ᠪᠣᠯᠪᠠᠴᠤ ᠳᠤᠷ᠎ᠠ ᠰᠣᠨᠢᠷᠬᠠᠯ ᠢ᠋ ᠮᠢᠨᠢ ᠭᠦᠢᠴᠡᠳ ᠲᠠᠲᠠᠭᠰᠠᠨ ᠪᠣᠯᠬᠣᠷ ᠠᠬᠢᠨ ᠳᠠᠬᠢᠨ ᠠᠳᠠ ᠲᠡᠨᠳᠡ ᠡᠴᠡ ᠰᠣᠩᠭᠣᠨ ᠤᠩᠰᠢᠬᠤ ᠳ᠋ᠠᠭᠠᠨ ᠪᠢ ᠬᠦᠴᠦ ᠲᠠᠯᠪᠢᠨ ᠲᠣᠯᠢ ᠪᠢᠴᠢᠭ ᠤᠷᠪᠠᠭᠤᠯᠵᠤ ᠪᠠᠢᠭᠰᠠᠨ ᠰᠠᠨ᠃  
       ᠠᠬᠢᠭᠠᠳ ᠬᠡᠳᠦᠨ ᠰᠠᠷ᠎ᠠ ᠥᠩᠭᠡᠷᠡᠭᠰᠡᠨ ᠦ᠌ ᠬᠣᠢᠨ᠎ᠠ ᠯᠸᠢᠫᠽᠢᠭ ᠶᠡᠬᠡ ᠰᠤᠷᠭᠠᠭᠤᠯᠢ ᠠ᠋ᠴᠠ ᠮᠠᠰᠲᠸᠷ ᠢ᠋ᠶ᠋ᠠᠨ ᠨᠢᠭᠡᠨᠲᠡ ᠰᠤᠷᠴᠤ ᠲᠡᠭᠦᠰᠬᠡᠭᠡᠳ ᠱᠠᠩᠬᠠᠢ ᠬᠣᠲᠠ ᠳ᠋ᠠᠬᠢ ᠭᠧᠷᠮᠠᠨ ᠤ᠋ ᠺᠣᠮᠫᠠᠨᠢ ᠳ᠋ᠤ᠌ ᠬᠠᠭᠠᠰ ᠵᠢᠯ ᠢ᠋ᠶ᠋ᠡᠷ ᠳᠠᠳᠤᠯᠭ᠎ᠠ ᠬᠢᠭᠡᠳ ᠰᠠᠶᠢ ᠬᠠᠷᠢᠵᠤ ᠢᠷᠡᠭᠰᠡᠨ ᠨᠠᠢᠵᠠ ᠶᠦᠯᠢᠶᠠ ᠺᠤᠨᠰᠠᠺ ᠲᠠᠢ ᠪᠠᠨ ᠺᠣᠹᠧ ᠶ᠋ᠢᠨ ᠭᠠᠵᠠᠷ ᠠᠭᠤᠯᠵᠠᠨ ᠡᠨᠡ ᠲᠤᠬᠠᠢ ᠶᠠᠷᠢᠶ᠎ᠠ ᠬᠥᠭᠡᠷᠦᠭᠡ ᠥᠷᠨᠢᠭᠦᠯᠬᠦ ᠳ᠋ᠦ᠍ ᠲᠡᠷᠡ ᠪᠡᠷ᠄ 
       ᠎— ᠲᠡᠢᠮᠦ ᠰᠠᠢᠬᠠᠨ ᠪᠢᠴᠢᠭᠳᠡᠭᠰᠡᠨ ᠨᠣᠮ ᠪᠠᠢᠭ᠎ᠠ ᠶᠤᠮ ᠪᠣᠯ ᠣᠷᠴᠢᠭᠤᠯᠤᠭᠠᠳ ᠮᠣᠩᠭᠣᠯᠴᠤᠳ ᠲᠠᠭᠠᠨ ᠲᠠᠨᠢᠯᠴᠠᠭᠤᠯᠵᠤ ᠪᠣᠯᠤᠯ ᠦᠭᠡᠢ ᠳᠡ!  ᠭᠡᠮᠡᠨ ᠰᠠᠨᠠᠭᠠᠨ ᠳ᠋ᠤ᠌ ᠶᠡᠷᠦ ᠡᠴᠡ ᠪᠠᠢᠭ᠎ᠠ ᠦᠭᠡᠢ ᠵᠥᠪᠯᠡᠯᠭᠡ ᠥᠭᠪᠡ᠃  
       — ᠭᠡᠬᠦ ᠳ᠋ᠦ᠍ ᠮᠢᠨᠦ ᠭᠧᠷᠮᠠᠨ ᠬᠡᠯᠡᠨ ᠦ᠌ ᠬᠢᠷᠢ ᠬᠡᠮᠵᠢᠶ᠎ᠡ ᠭᠡᠵᠢ ᠳᠡ ᠭᠡᠮᠡᠨ ᠪᠢ ᠰᠠᠨᠠᠬ᠎ᠠ ᠪᠣᠯᠵᠤ ᠥᠭᠦᠯᠡᠪᠡᠯ ᠲᠡᠷᠡ : 
       — ᠵᠦᠭᠡᠷ ᠠ᠋ ! ᠡᠬᠢᠯᠡᠭᠡᠳ ᠴᠢ ᠡᠨᠡ ᠨᠣᠮ ᠠ᠋ᠴᠠ ᠭᠠᠭᠴᠠ ᠬᠣᠶᠠᠷ ᠰᠠᠢᠬᠠᠨ ᠭᠡᠵᠦ ᠰᠠᠨᠠᠭᠳᠠᠭᠰᠠᠨ ᠭᠡᠰᠡᠨ ᠢ᠋ᠶ᠋ᠡᠨ ᠣᠷᠴᠢᠭᠤᠯᠵᠤ ᠪᠠᠢ ᠯᠠ ᠳᠠ᠃ ᠲᠡᠭᠡᠭᠡᠳ ᠴᠠᠭ ᠤᠳᠠᠬᠤ ᠲᠣᠰᠤᠮ ᠴᠢᠨᠦ ᠭᠧᠷᠮᠠᠨ ᠬᠡᠯᠡᠨ ᠦ᠌ ᠣᠢᠯᠠᠭᠠᠬᠤ ᠬᠢᠷᠢ ᠭᠡᠮ ᠴᠦ᠍ ᠳᠡᠭᠡᠭᠰᠢᠯᠡᠬᠦ ᠶ᠋ᠢ ᠳᠠᠭᠠᠯᠳᠤᠨ ᠪᠠᠭ᠎ᠠ ᠪᠠᠭ᠎ᠠ ᠪᠠᠷ ᠦᠷᠭᠦᠯᠵᠢᠯᠡᠭᠦᠯᠦᠨ ᠣᠷᠴᠢᠭᠤᠯᠪᠠᠯ ᠠᠯᠢ ᠨᠢᠭᠡᠨ ᠡᠳᠦᠷ ᠭᠡᠬᠦ ᠳ᠋ᠦ᠍ ᠪᠦᠬᠦ ᠨᠣᠮ ᠨᠢ ᠣᠷᠴᠢᠭᠤᠯᠤᠭᠳᠠᠨ ᠭᠠᠷᠤᠯ ᠦᠭᠡᠢ ᠶᠠᠭᠠᠬᠢᠬᠤ ᠪᠣᠢ ᠭᠡᠮᠡᠨ ᠴᠡᠩᠬᠡᠷ ᠬᠥᠭᠡᠷᠦᠬᠦᠨ ᠨᠢᠳᠦ ᠪᠡᠨ ᠲᠣᠷᠮᠣᠯᠵᠠᠭᠤᠯᠤᠨ ᠤᠷᠮ᠎ᠠ ᠥᠭᠴᠦ ᠬᠠᠢᠷᠠᠯᠠᠪᠠ᠃  
       ᠲᠡᠨᠳᠡ ᠡᠴᠡ ᠬᠣᠢᠰᠢ ᠦᠨᠡᠬᠡᠷ ᠯᠡ ᠶᠦᠯᠢᠶᠠ ᠶ᠋ᠢᠨ ᠦᠭᠡ ᠪᠡᠷ ᠰᠤᠯᠠ ᠰᠡᠯᠡᠭᠦᠦ ᠴᠠᠭ ᠢ᠋ᠶ᠋ᠠᠷ ᠢ᠋ᠶ᠋ᠠᠨ ᠪᠠᠭ᠎ᠠ ᠪᠠᠭ᠎ᠠ ᠪᠠᠷ ᠣᠷᠴᠢᠭᠤᠯᠵᠤ ᠡᠬᠢᠯᠡᠭᠡᠳ ᠬᠠᠮᠤᠭ ᠤ᠋ᠨ ᠡᠴᠦᠰ ᠲᠦ᠍ ᠬᠡᠪᠯᠡᠭᠳᠡᠬᠦ ᠪᠣᠯᠲᠠᠯ᠎ᠠ ᠪᠠᠨ ᠪᠠᠷᠤᠭ ᠯᠠ ᠳᠥᠷᠪᠡᠨ ᠵᠢᠯ ᠰᠢᠬᠠᠮ ᠤ᠋ᠨ ᠴᠠᠭ ᠬᠤᠭᠤᠴᠠᠭ᠎ᠠ ᠬᠡᠷᠡᠭᠯᠡᠭᠰᠡᠨ ᠪᠢᠯᠡ᠃ 
       ᠡᠢᠮᠦ ᠳ᠋ᠡᠭᠡᠨ ᠠᠳᠠ ᠶᠠᠭᠤᠨ ᠤ᠋ ᠤᠷᠢᠳ ᠡᠨᠡ ᠬᠦ᠌ ᠨᠣᠮ ᠢ᠋ ᠨᠠᠳᠠ ᠳ᠋ᠤ᠌ ᠲᠠᠨᠢᠯᠴᠠᠭᠤᠯᠵᠤ ᠥᠭᠭᠦᠭᠰᠡᠨ ᠫᠸᠲ᠋ᠸᠷ ᠱᠣᠯᠽ ᠠᠪᠤᠭᠠᠢ ᠪᠣᠯᠤᠨ ᠣᠷᠴᠢᠭᠤᠯᠭ᠎ᠠ ᠶ᠋ᠢᠨ ᠤᠷᠮ᠎ᠠ ᠶ᠋ᠢ ᠮᠢᠨᠢ ᠡᠭᠦᠰᠬᠡᠨ ᠬᠥᠭᠵᠢᠭᠡᠵᠦ ᠥᠭᠭᠦᠭᠰᠡᠨ ᠶᠦᠯᠢᠶᠠ ᠺᠣᠨᠰᠠᠺ ᠠᠪᠠᠬᠠᠢ ᠳ᠋ᠤᠷ ᠲᠠᠯᠠᠷᠬᠠᠯ ᠳᠡᠪᠰᠢᠭᠦᠯᠦᠶ᠎ᠡ!  
       ᠭᠧᠷᠮᠠᠨ ᠬᠡᠯᠡᠨ ᠦ᠌ ᠨᠣᠮ ᠪᠢᠴᠢᠭ ᠲᠦ᠍ ᠵᠣᠬᠢᠶᠠᠭᠴᠢ ᠶ᠋ᠢᠨ ᠬᠡᠪᠯᠡᠯ ᠦ᠋ᠨ ᠡᠷᠬᠡ ᠶ᠋ᠢᠨ ᠬᠠᠮᠠᠭᠠᠯᠠᠯᠲᠠ ᠭᠡᠵᠦ ᠪᠣᠢ ᠪᠥᠭᠡᠳ ᠵᠣᠬᠢᠶᠠᠭᠴᠢ ᠶ᠋ᠢ ᠨᠠᠰᠤ ᠪᠠᠷᠠᠭᠰᠠᠨ ᠤ᠋ ᠳᠠᠷᠠᠭᠠᠬᠢ ᠳᠠᠯᠠᠨ ᠲᠠᠪᠤᠨ ᠵᠢᠯ ᠢ᠋ᠶ᠋ᠡᠷ ᠬᠢᠵᠠᠭᠠᠷᠯᠠᠵᠤ ᠲᠣᠭᠲᠠᠭᠠᠳᠠᠭ ᠪᠣᠯᠬᠣᠷ ᠲᠤᠰ ᠨᠣᠮ ᠨᠢ ᠮᠥᠨ ᠬᠡᠪᠯᠡᠯ ᠦ᠋ᠨ ᠥᠮᠴᠢᠯᠡᠯ ᠦ᠋ᠨ ᠡᠷᠬᠡ ᠳ᠋ᠦ᠍ ᠬᠣᠯᠪᠣᠭᠳᠠᠭᠰᠠᠨ ᠪᠢᠯᠡ᠃ ᠲᠡᠭᠡᠭᠡᠳ ᠣᠷᠴᠢᠭᠤᠯᠭ᠎ᠠ ᠶ᠋ᠢᠨ ᠬᠡᠪᠯᠡᠯ ᠦ᠋ᠨ ᠡᠷᠬᠡ ᠶ᠋ᠢᠨ ᠲᠤᠬᠠᠢ ᠬᠥᠭᠡᠭᠡᠴᠡᠯᠳᠦᠨ᠂ ᠬᠡᠪᠯᠡᠯ ᠦ᠋ᠨ ᠬᠣᠷᠢᠶ᠎ᠠ ᠨᠤᠭᠤᠳ ᠲᠤᠨᠢ ᠵᠠᠬᠢᠶ᠎ᠠ ᠢᠯᠡᠭᠡᠭᠡᠳ᠂ ᠬᠠᠮᠤᠭ ᠤ᠋ᠨ ᠰᠡᠭᠦᠯ ᠳ᠋ᠦ᠍ᠨᠢ ᠵᠣᠬᠢᠶᠠᠭᠴᠢ ᠶ᠋ᠢᠨ ᠭᠠᠷ ᠪᠢᠴᠢᠮᠡᠯ ᠬᠢᠭᠡᠳ ᠵᠣᠬᠢᠶᠠᠯ ᠪᠦᠲᠦᠭᠡᠯ ᠢ᠋ ᠨᠢ ᠥᠮᠴᠢᠯᠡᠨ ᠠᠪᠤᠭᠰᠠᠨ ᠰᠸᠢᠰ ᠤᠯᠤᠰ ᠤ᠋ᠨ ᠴᠠᠭ ᠡᠷᠢᠨ ᠦ᠌ ᠲᠡᠦᠬᠡ ᠠᠷᡁᠸᠪ ( Archiv fuer Zeitgeschichte ) ᠪᠠ ᠪᠣᠰᠬᠠᠷᠳ᠋ ᠤ᠋ᠨ ᠭᠡᠷᠡᠯ ᠵᠢᠷᠤᠭ ᠤ᠋ᠨ ᠢᠯᠲᠠᠰᠤ ᠶ᠋ᠢ ᠥᠮᠴᠢᠯᠡᠨ ᠠᠪᠤᠭᠰᠠᠨ ᠰᠸᠢᠰ ᠤᠯᠤᠰ ᠤ᠋ᠨ ᠭᠡᠷᠡᠯ ᠵᠢᠷᠤᠭ ᠤ᠋ᠨ ᠬᠦᠷᠢᠶᠡᠯᠡᠩ ( Fotostiftung Schweiz ) ᠬᠣᠶᠠᠷ ᠪᠠᠢᠭᠤᠯᠭ᠎ᠠ ᠲᠠᠢ ᠬᠣᠯᠪᠣᠭ᠎ᠠ ᠪᠠᠷᠢᠬᠤ ᠳ᠋ᠤ᠌ ᠬᠦᠷᠦᠭᠰᠡᠨ ᠶᠦᠮ᠃ ᠲᠡᠭᠡᠭᠡᠳ ᠨᠣᠮ ᠬᠡᠪᠯᠡᠭᠳᠡᠬᠦ ᠡᠴᠡ ᠡᠮᠦᠨ᠎ᠡ ᠬᠡᠪᠯᠡᠯ ᠦ᠋ᠨ ᠡᠷᠬᠡ ᠵᠢᠴᠢ ᠵᠢᠷᠤᠭ ᠰᠡᠭᠦᠳᠡᠷ ᠢ᠋ ᠬᠠᠷᠠᠬᠤ ᠪᠠᠷ ᠨᠢᠭᠡ ᠤᠳᠠᠭ᠎ᠠ᠂ ᠨᠣᠮ ᠬᠡᠪᠯᠡᠭᠳᠡᠭᠰᠡᠨ ᠦ᠌ ᠳᠠᠷᠠᠭ᠎ᠠ ᠨᠢ ᠪᠠᠰᠠ ᠨᠢᠭᠡ ᠤᠳᠠᠭ᠎ᠠ ᠰᠸᠢᠰ ᠤᠯᠤᠰ ᠤ᠋ᠨ ᠬᠠᠭᠤᠴᠢᠨ ᠬᠣᠲᠠ ᠽᠦᠷᠢᠰᠢ ( Zuerich ) ᠪᠣᠯᠤᠨ ᠰᠣᠶᠣᠯ ᠤ᠋ᠨ ᠵᠢᠵᠢᠭᠬᠡᠨ ᠬᠣᠲᠠ ᠾᠸᠷᠷᠨ᠋ᡁᠥ᠋ᠲ ( Herrnhut ) ᠳᠦ ᠠᠶᠠᠯᠠᠨ ᠬᠦᠷᠴᠦ᠂ ᠪᠣᠰᠬᠠᠷᠳ᠋ ᠤ᠋ᠨ ᠦᠯᠡᠳᠡᠭᠡᠭᠰᠡᠨ ᠵᠢᠷᠤᠭ ᠰᠡᠭᠦᠳᠡᠷ ᠪᠣᠯᠤᠨ ᠨᠣᠮ ᠪᠢᠴᠢᠮᠡᠯ ᠦ᠋ᠨ ᠲᠤᠬᠠᠢ ᠠᠭᠤᠯᠵᠠᠯᠲᠠ ᠪᠣᠯᠤᠭᠰᠠᠨ ᠶᠤᠮ᠃ ᠬᠣᠶᠠᠷ ᠪᠠᠢᠭᠤᠯᠭ᠎ᠠ ᠶ᠋ᠢᠨ ᠳᠠᠷᠤᠭ᠎ᠠ ᠠᠵᠢᠯᠲᠠᠨ ᠨᠠᠷ ᠨᠢ ᠪᠢᠳᠡᠨ ᠢ᠋ ᠶᠡᠬᠡ ᠬᠠᠯᠠᠭᠤᠮᠰᠤᠭ ᠢ᠋ᠶ᠋ᠠᠷ ᠤᠭᠲᠤᠨ ᠠᠪᠴᠤ ᠥᠮᠴᠢᠯᠡᠵᠦ ᠪᠦᠬᠦᠢ ᠸᠠᠯᠲ᠋ᠸᠷ ᠪᠣᠰᠬᠠᠷᠳ᠋ ᠤ᠋ᠨ ᠣᠯᠠᠨ ᠨᠣᠮ ᠰᠤᠳᠤᠷ᠂ ᠭᠠᠷ ᠪᠢᠴᠢᠮᠡᠯ ᠪᠣᠯᠤᠨ ᠵᠢᠷᠤᠭ ᠰᠡᠭᠦᠳᠡᠷ ᠦ᠋ᠳ ᠢ᠋ᠶ᠋ᠡᠨ ᠭᠠᠷᠭᠠᠵᠤ ᠬᠠᠷᠠᠭᠤᠯᠤᠭᠰᠠᠨ ᠪᠠ ᠮᠥᠨ ᠰᠡᠭᠦᠳᠡᠷᠯᠡᠵᠦ ᠠᠪᠬᠤ ᠣᠨᠴᠠᠭᠠᠢ ᠵᠥᠪᠰᠢᠶᠡᠷᠡᠯ ᠴᠦ᠍ ᠣᠯᠭᠣᠭᠰᠠᠨ ᠶᠤᠮᠰᠠᠨ᠃ 
       ᠲᠤᠰ ᠬᠣᠶᠠᠷ ᠪᠠᠢᠭᠤᠯᠭ᠎ᠠ ᠨᠢ ᠸᠠᠯᠲ᠋ᠸᠷ ᠪᠣᠰᠬᠠᠷᠳ᠋ ᠤ᠋ᠨ ᠪᠢᠴᠢᠭ ᠵᠢᠷᠤᠭ ᠤ᠋ᠨ ᠥᠮᠴᠢᠯᠡᠭᠴᠢ ᠪᠣᠯᠤᠭᠰᠠᠨ ᠤ᠋ ᠬᠤᠪᠢ ᠳ᠋ᠤ᠌ ᠮᠣᠩᠭᠣᠯ ᠬᠡᠯᠡᠨ ᠳᠡᠭᠡᠷ᠎ᠡ ᠣᠷᠴᠢᠭᠤᠯᠬᠤ ᠠᠵᠢᠯ ᠢ᠋ ᠣᠢᠯᠠᠭᠠᠨ ᠳᠡᠮᠵᠢᠵᠦ᠂ ᠥᠪᠥᠷ ᠮᠣᠩᠭᠣᠯ ᠳ᠋ᠤ᠌ ᠬᠡᠪᠯᠡᠭᠦᠯᠬᠦ ᠡᠷᠬᠡ ᠶ᠋ᠢ ᠣᠯᠭᠣᠭᠰᠠᠨ ᠳ᠋ᠤ᠌ ᠴᠢᠩ ᠰᠡᠳᠬᠢᠯ ᠦ᠋ᠨ ᠪᠠᠶᠠᠷ ᠲᠠᠯᠠᠷᠬᠠᠯ ᠢ᠋ᠶ᠋ᠠᠨ ᠢᠯᠡᠳᠬᠡᠶ᠎ᠡ ! 
       ᠸᠠᠯᠲ᠋ᠸᠷ ᠪᠣᠰᠬᠠᠷᠳ᠋ ( Walter Bosshard, 1892.11.8-1975.11.18 ) ᠪᠣᠯ ᠰᠸᠢᠰ ᠤᠯᠤᠰ ᠲᠤ᠌ ᠲᠥᠷᠥᠭᠰᠡᠨ ᠰᠤᠷᠪᠤᠯᠵᠢᠯᠠᠭᠴᠢ᠂ ᠵᠣᠬᠢᠶᠠᠯᠴᠢ ᠪᠥᠭᠡᠳ ᠭᠡᠷᠡᠯ ᠵᠢᠷᠤᠭᠴᠢᠨ ᠶᠤᠮ᠃ 
       1908 - 1912 ᠣᠨ ᠳ᠋ᠤ᠌ ᠪᠠᠭᠰᠢ ᠶ᠋ᠢᠨ ᠲᠤᠰᠬᠠᠢ ᠰᠤᠷᠭᠠᠯᠲᠠ ᠳ᠋ᠤ᠌ ᠰᠤᠷᠴᠤ ᠲᠡᠭᠦᠰᠦᠭᠡᠳ᠂ 1913 - 1914 ᠣᠨ ᠳ᠋ᠤ᠌ ᠰᠸᠢᠰ ᠤᠯᠤᠰ ᠤ᠋ᠨ ᠽᠥ᠋ᠷᠢᠰᠢ ᠬᠣᠲᠠ ᠪᠣᠯᠤᠨ ᠢᠲ᠋ᠠᠯᠢ ᠤᠯᠤᠰ ᠤ᠋ᠨ ᠹᠯᠣᠷᠸᠨ᠋ᠽ ᠬᠣᠲᠠ ᠳ᠋ᠤ᠌ ᠰᠤᠷᠭᠠᠨ ᠬᠥᠮᠦᠵᠢᠯ ᠦ᠋ᠨ ᠤᠬᠠᠭᠠᠨ ᠪᠣᠯᠤᠨ ᠤᠷᠠᠯᠢᠭ ᠤ᠋ᠨ ᠲᠡᠦᠬᠡ ᠰᠤᠷᠴᠤ ᠪᠠᠢᠵᠠᠢ᠃ 1914 - 1918 ᠣᠨ ᠳ᠋ᠤ᠌ ᠪᠠᠭᠰᠢ ᠶ᠋ᠢᠨ ᠠᠵᠢᠯ ᠬᠢᠵᠦ ᠪᠠᠢᠭᠠᠳ 1919 ᠣᠨ ᠳ᠋ᠤ᠌ ᠲᠡᠨᠳᠡᠬᠢ ᠠᠵᠢᠯ ᠢ᠋ᠶ᠋ᠠᠨ ᠣᠷᠬᠢᠵᠤ᠂ ᠣᠯᠠᠨ ᠺᠣᠮᠫᠠᠨᠢ ᠶ᠋ᠢᠨ ᠲᠣᠮᠢᠯᠠᠯᠲᠠ ᠪᠠᠷ ᠳᠣᠷᠣᠨᠠᠳᠠᠬᠢᠨ ᠤ᠋ ᠤᠯᠤᠰ ᠣᠷᠣᠨ ᠢ᠋ᠶ᠋ᠠᠷ ᠠᠶᠠᠯᠠᠨ ᠠᠵᠢᠯᠯᠠᠵᠠᠢ᠃ ᠢᠩᠭᠢᠭᠡᠳ ᠢᠨᠳᠦᠨᠧᠰᠢᠶ᠎ᠠ ᠶ᠋ᠢᠨ ᠰᠤᠮᠠᠲ᠋ᠠᠷᠠ᠂ ᠡᠨᠡᠳᠬᠡᠭ᠂ ᠠᠹᠭᠠᠨᠢᠰᠲ᠋ᠠᠨ᠂ ᠲᠠᠢ ᠤᠯᠤᠰ᠂ ᠺᠠᠮᠪᠤᠵᠠ᠂ ᠯᠠᠤᠰ᠂ ᠳᠤᠮᠳᠠᠳᠤ᠂ ᠮᠣᠩᠭᠣᠯ᠂ ᠵᠡᠭᠦᠨ ᠧᠦ᠋ᠷᠣᠫᠠ᠂ ᠢᠷᠡᠨ᠂ ᠢᠷᠠᠺ᠂ ᠠᠮᠧᠷᠢᠺᠠ᠂ ᠰᠣᠯᠣᠩᠭᠣᠰ᠂ ᠢᠰᠫᠠᠨᠢ᠂ ᠶᠸᠵᠢᠫᠲ ᠵᠡᠷᠭᠡ ᠤᠯᠤᠰ ᠣᠷᠣᠨ ᠢ᠋ᠶ᠋ᠠᠷ ᠠᠵᠢᠯᠯᠠᠨ ᠠᠮᠢᠳᠤᠷᠠᠵᠤ ᠪᠠᠢᠭᠰᠠᠨ ᠶᠤᠮ᠃ ᠡᠭᠦᠨ ᠳ᠋ᠦ᠍ 1927 - 1928 ᠣᠨ ᠳ᠋ᠤ᠌ ᠭᠧᠷᠮᠠᠨᠴᠤᠳ ᠤ᠋ᠨ ᠬᠢᠭᠰᠡᠨ ᠲᠥᠪ ᠠᠽᠢᠶ᠎ᠠ ᠶ᠋ᠢᠨ ᠰᠢᠨᠵᠢᠯᠡᠭᠡᠨ ᠦ᠌ ᠠᠶᠠᠯᠠᠯ ( ᠡᠮᠢᠯ ᠲᠷᠢᠨ᠋ᠺᠯᠸᠷ ᠦ᠋ᠨ ᠤᠳᠤᠷᠢᠳᠤᠭᠰᠠᠨ ) ᠳ᠋ᠤ᠌ ᠭᠡᠷᠡᠯ ᠵᠢᠷᠤᠭᠴᠢᠨ ᠪᠠ ᠲᠸᠭᠨᠢᠭ ᠦ᠋ᠨ ᠮᠡᠷᠭᠡᠵᠢᠯᠲᠡᠨ ᠢ᠋ᠶ᠋ᠡᠷ ᠶᠠᠪᠤᠵᠤ᠂ 1933 - 1939 ᠣᠨ ᠳ᠋ᠤ᠌ ᠭᠧᠷᠮᠠᠨ ᠤ᠋ ᠬᠥᠬᠡ ᠨᠠᠭᠤᠷ ᠳᠠᠬᠢ ᠪᠠᠷᠲᠠᠭ᠎ᠠ ᠰᠢᠨᠵᠢᠯᠡᠬᠦ ᠠᠶᠠᠨ ᠳ᠋ᠤ᠌ ᠣᠷᠣᠯᠴᠠᠭᠰᠠᠨ ᠪᠠ ᠤᠷᠢᠳ ᠬᠣᠵᠢᠳ ᠭᠧᠷᠮᠠᠨ ᠤᠯᠤᠰ ᠤ᠋ᠨ《ᠪᠧᠷᠯᠢᠨ ᠦ᠌ ᠵᠢᠷᠤᠭᠲᠤ ᠰᠣᠨᠢᠨ》᠂ ᠠᠮᠧᠷᠢᠺᠠ ᠶ᠋ᠢᠨ《ᠬᠠᠷ᠎ᠠ ᠣᠳᠣ ᠰᠣᠨᠢᠨ ᠮᠡᠳᠡᠭᠡᠯᠡᠯ ᠦ᠋ᠨ ᠲᠥᠪ》 ᠪᠣᠯᠤᠨ ᠰᠸᠢᠰ ᠤᠯᠤᠰ ᠤ᠋ᠨ《ᠰᠢᠨ᠎ᠡ ᠽᠦᠷᠢᠰᠢ ᠶ᠋ᠢᠨ ᠰᠣᠨᠢᠨ 》ᠵᠡᠷᠭᠡ ᠰᠣᠨᠢᠨ ᠰᠡᠳᠬᠦᠯ ᠦ᠋ᠨ ᠴᠢᠮᠡᠭᠡᠯᠡᠭᠴᠢ ᠶ᠋ᠢᠨ ᠬᠤᠪᠢ ᠪᠠᠷ ᠳᠡᠭᠡᠷ᠎ᠡ ᠵᠠᠭᠤᠨ ᠤ᠋ ᠭᠤᠴᠢ ᠳᠥᠴᠢᠭᠡᠳ ᠣᠨ ᠢ᠋ᠶ᠋ᠠᠷ ᠪᠡᠭᠡᠵᠢᠩ ᠳ᠋ᠦ᠍ ᠠᠵᠢᠯᠯᠠᠵᠤ ᠠᠮᠢᠳᠤᠷᠠᠵᠤ ᠪᠠᠢᠭᠰᠠᠨ ᠪᠠᠢᠨ᠎ᠠ᠃ 
       ᠤᠷᠠᠨ ᠵᠣᠬᠢᠶᠠᠯᠴᠢ ᠪᠣᠯᠤᠭᠰᠠᠨ ᠤ᠋ ᠬᠤᠪᠢ ᠳ᠋ᠤ᠌ ᠸᠠᠯᠲ᠋ᠸᠷ ᠪᠣᠰᠬᠠᠷᠳ᠋ 《ᠲᠥᠪᠡᠳ ᠪᠣᠯᠤᠨ ᠲᠦᠷᠺᠰᠲ᠋ᠠᠨ ᠢ᠋ᠶ᠋ᠠᠷ ᠠᠶᠠᠯᠠᠭᠰᠠᠨ 》 ( 1930 ᠣᠨ )᠂《ᠡᠨᠡᠳᠬᠡᠭ ᠲᠡᠮᠡᠴᠡᠵᠦ ᠪᠠᠢᠨ᠎ᠠ ᠎— ᠣᠳᠣ ᠶ᠋ᠢᠨ ᠡᠨᠡᠳᠬᠡᠭ ᠦ᠋ᠨ ᠲᠤᠬᠠᠢ ( 1931 ᠣᠨ ) ᠂《1927 - 1928 ᠣᠨ ᠤ᠋ ᠭᠧᠷᠮᠠᠨ ᠤ᠋ ᠲᠥᠪ ᠠᠽᠢᠶ᠎ᠠ ᠶ᠋ᠢᠨ ᠰᠢᠨᠵᠢᠯᠡᠭᠡᠨ ᠦ᠌ ᠠᠶᠠᠯᠠᠯ ᠳ᠋ᠠᠬᠢ ᠤᠷᠭᠤᠮᠠᠯ ᠤ᠋ᠨ ᠰᠤᠳᠤᠯᠭᠠᠨ ᠤ᠋ ᠦᠷ᠎ᠡ ᠪᠦᠲᠦᠭᠡᠯ 》 ( 1932 ᠣᠨ ) ᠂《ᠰᠡᠷᠢᠭᠦᠬᠡᠨ ᠲᠠᠯ᠎ᠠ ᠨᠤᠲᠤᠭ》 ( 1938 ᠣᠨ ) ᠂《ᠮᠢᠨᠦ ᠦᠵᠡᠭᠰᠡᠨ ᠳᠡᠯᠡᠬᠡᠢ ᠶ᠋ᠢᠨ ᠲᠡᠦᠬᠡ — 1939 - 1945 ᠣᠨ ᠤ᠋ ᠳᠡᠯᠡᠬᠡᠢ ᠶ᠋ᠢᠨ ᠲᠡᠢᠨ ᠳ᠋ᠡᠬᠢ ᠳᠤᠮᠳᠠ ᠶ᠋ᠢ ᠪᠠᠷᠢᠮᠲᠠᠯᠠᠭᠴᠢ ᠰᠤᠷᠪᠤᠯᠵᠢᠯᠠᠭᠴᠢ ᠶ᠋ᠢᠨ ᠠᠶᠠᠯᠠᠯ 》( 1947 ᠣᠨ ) ᠂ 《ᠳᠡᠯᠡᠬᠡᠢ ᠶ᠋ᠢᠨ ᠠᠶᠤᠯ ᠤ᠋ᠨ ᠦᠨᠳᠦᠰᠦ 》( 1954 ᠣᠨ )᠂ 《ᠰᠦᠳᠠᠨ ᠤ᠋ ᠲᠡᠦᠬᠡ ᠪᠠ ᠦᠢᠯᠡ ᠬᠡᠷᠡᠭ 》( 1960 ᠣᠨ  ) ᠂ 《ᠠᠰᠰᠸᠠᠨ ᠤ᠋ ᠠᠯᠲᠠᠨ ᠡᠯᠡᠰᠦᠨ ᠳ᠋ᠦ᠍ 》( 1962 ᠣᠨ )  ᠭᠡᠬᠦ ᠮᠡᠲᠦ ᠶ᠋ᠢᠨ ᠠᠷᠪᠠ ᠭᠠᠷᠤᠢ ᠨᠣᠮ ᠪᠢᠴᠢᠨ ᠬᠡᠪᠯᠡᠭᠦᠯᠦᠭᠰᠡᠨ ᠪᠠᠢᠨ᠎ᠠ ᠃ ᠡᠭᠦᠨ ᠡᠴᠡ ᠭᠠᠳᠠᠨ᠎ᠠ ᠣᠯᠠᠨ ᠰᠣᠨᠢᠨ ᠰᠡᠳᠬᠦᠯ ᠦ᠋ᠨ ᠰᠤᠷᠪᠤᠯᠵᠢᠯᠠᠭᠴᠢ᠂ ᠴᠢᠮᠡᠭᠡᠯᠡᠭᠴᠢ ᠪᠡᠷ ᠠᠵᠢᠯᠯᠠᠵᠤ ᠪᠠᠢᠬᠤ ᠳ᠋ᠠᠭᠠᠨ ᠲᠤᠩ ᠣᠯᠠᠨ ᠰᠣᠨᠢᠨ ᠮᠡᠳᠡᠭᠡᠯᠡᠯ ᠪᠢᠴᠢᠵᠦ ᠨᠡᠢᠲᠡᠯᠡᠭᠦᠯᠦᠭᠰᠡᠨ ᠶᠦᠮ ᠃ ᠭᠡᠷᠡᠯ ᠵᠢᠷᠤᠭᠴᠢᠨ ᠪᠣᠯᠤᠭᠰᠠᠨ ᠤ᠋ ᠬᠤᠪᠢ ᠳ᠋ᠤ᠌ ᠬᠦᠷᠦᠭᠰᠡᠨ ᠭᠠᠵᠠᠷ ᠣᠷᠣᠨ ᠢ᠋ᠶ᠋ᠠᠷ ᠶᠡᠬᠡ ᠣᠯᠠᠨ ᠭᠡᠷᠡᠯ ᠵᠢᠷᠤᠭ ᠂ ᠺᠢᠨᠣ᠋ ᠹᠢᠯᠢᠮ ᠬᠢᠭᠰᠡᠨ ᠪᠥᠭᠡᠳ ᠰᠸᠢᠰ ᠨᠢ ᠳᠡᠯᠡᠬᠡᠢ ᠶ᠋ᠢᠨ ᠬᠣᠶᠠᠳᠤᠭᠠᠷ ᠲᠡᠢᠨ ᠳ᠋ᠦ᠍ ᠳᠤᠮᠳᠠ ᠶ᠋ᠢ  ᠪᠠᠷᠢᠮᠲᠠᠯᠠᠭᠴᠢ ᠤᠯᠤᠰ ᠪᠣᠯᠤᠭᠰᠠᠨ ᠤ᠋ ᠠᠵᠠ ᠪᠠᠷ ᠲᠡᠳᠡᠭᠡᠷ ᠨᠢ ᠲᠡᠢᠨ ᠦ᠌ ᠬᠥᠯ ᠳ᠋ᠦ᠍ ᠳᠠᠭᠠᠷᠢᠭᠳᠠᠭ᠎ᠠ ᠦᠭᠡᠢ ᠪᠡᠷ ᠣᠯᠠᠩᠬᠢ ᠨᠢ ᠬᠠᠳᠠᠭᠠᠯᠠᠭᠳᠠᠨ ᠦᠯᠡᠳᠡᠭᠰᠡᠨ ᠪᠠᠢᠨ᠎ᠠ᠃ 
       ᠰᠸᠢᠰ ᠤᠯᠤᠰ ᠤ᠋ᠨ ᠴᠠᠭ ᠡᠷᠢᠨ ᠦ᠌ ᠲᠡᠦᠬᠡ ᠶ᠋ᠢᠨ ᠠᠷᡁᠸᠪ ( Archiv fuer Zeitgeschichte ) ᠪᠠ ᠪᠣᠰᠬᠠᠷᠳ᠋ ᠤ᠋ᠨ ᠭᠡᠷᠡᠯ ᠵᠢᠷᠤᠭ ᠤ᠋ᠨ ᠢᠯᠲᠠᠰᠤ ᠶ᠋ᠢ ᠥᠮᠴᠢᠯᠡᠨ ᠠᠪᠤᠭᠰᠠᠨ ᠰᠸᠢᠰ ᠤᠯᠤᠰ ᠤ᠋ᠨ ᠭᠡᠷᠡᠯ ᠵᠢᠷᠤᠭ ᠤ᠋ᠨ ᠬᠦᠷᠢᠶᠡᠯᠡᠩ ( Fotostiftung Schweiz ) ᠬᠣᠶᠠᠷ ᠪᠠᠢᠭᠤᠯᠭ᠎ᠠ ᠳ᠋ᠤ᠌ ᠬᠠᠳᠠᠭᠠᠯᠠᠵᠤ ᠪᠠᠢᠭ᠎ᠠ ᠵᠦᠢᠯ ᠳ᠋ᠦ᠍ ᠪᠣᠰᠬᠠᠷᠳ᠋ ᠤ᠋ᠨ ᠳᠡᠯᠡᠬᠡᠢ ᠶ᠋ᠢᠨ ᠣᠯᠠᠨ ᠭᠠᠵᠠᠷ ᠢ᠋ᠶ᠋ᠠᠷ ᠠᠶᠠᠯᠠᠵᠤ ᠰᠤᠷᠪᠤᠯᠵᠢᠯᠠᠵᠤ ᠪᠠᠢᠬᠤ ᠳ᠋ᠠᠭᠠᠨ ᠪᠢᠴᠢᠭᠰᠡᠨ ᠨᠣᠮ ᠵᠣᠬᠢᠶᠠᠯ᠂ ᠭᠠᠷ ᠪᠢᠴᠢᠮᠡᠯ ᠦ᠋ᠨ ᠴᠤᠭᠯᠠᠭᠤᠯᠭ᠎ᠠ ᠂ ᠬᠣᠶᠠᠷ ᠮᠢᠩᠭ᠎ᠠ ᠰᠢᠬᠠᠮ ᠮᠣᠩᠭᠣᠯ ᠣᠷᠣᠨ ᠳ᠋ᠠᠬᠢ ᠭᠡᠷᠡᠯ ᠵᠢᠷᠤᠭ ᠢ᠋ ᠪᠠᠭᠲᠠᠭᠠᠭᠰᠠᠨ ᠲᠣᠭᠠᠯᠠᠰᠢ ᠦᠭᠡᠢ ᠣᠯᠠᠨ ᠭᠡᠷᠡᠯ ᠵᠢᠷᠤᠭ ᠪᠣᠯᠤᠨ ᠮᠣᠩᠭᠣᠯ ᠤ᠋ᠨ ᠲᠤᠬᠠᠢ ᠰᠡᠭᠦᠳᠡᠷᠯᠡᠭᠰᠡᠨ ᠲᠤᠰ ᠪᠦᠷᠢ ᠠᠷᠪᠠᠨ ᠲᠠᠪᠤᠨ ᠮᠢᠨᠦ᠋ᠲ ᠣᠷᠴᠢᠮ ᠤᠷᠲᠤ ᠬᠣᠶᠠᠷ ᠪᠢᠴᠢᠯᠭᠡ ᠪᠠᠢᠭ᠎ᠠ ᠶᠤᠮ᠃ ᠰᠡᠭᠦᠯᠴᠢ ᠶ᠋ᠢᠨ ᠤᠳᠠᠭ᠎ᠠ ᠽᠦᠷᠢᠰᠢ ᠬᠣᠲᠠ ᠪᠠᠷ ᠠᠢᠯᠴᠢᠯᠠᠨ ᠬᠦᠷᠬᠦ ᠳ᠋ᠡᠭᠡᠨ ᠪᠢ ᠪᠣᠰᠬᠠᠷᠳ᠋ ᠤ᠋ᠨ ᠮᠣᠩᠭᠣᠯ ᠣᠷᠣᠨ ᠳ᠋ᠤ᠌ ᠵᠢᠷᠤᠭᠯᠠᠭᠰᠠᠨ 150 ᠰᠡᠭᠦᠳᠡᠷ ᠪᠣᠯᠤᠨ ᠬᠣᠶᠠᠷ ᠪᠢᠴᠢᠯᠭᠡ ᠶ᠋ᠢ ᠨᠢ ᠥᠪᠡᠷ ᠲᠡᠭᠡᠨ ᠬᠤᠳᠠᠯᠳᠤᠨ ᠠᠪᠤᠭᠰᠠᠨ ᠪᠢᠯᠡ᠃ 
       《ᠰᠡᠷᠢᠭᠦᠬᠡᠨ ᠲᠠᠯ᠎ᠠ ᠨᠤᠲᠤᠭ》 ᠬᠡᠮᠡᠬᠦ ᠡᠨᠡ ᠨᠣᠮ ᠤ᠋ᠨ ᠬᠠᠮᠤᠭ ᠤ᠋ᠨ ᠠᠩᠬᠠᠨ ᠤ᠋ ᠬᠡᠪᠯᠡᠯ ᠨᠢ 1938 ᠣᠨ ᠳ᠋ᠤ᠌ ᠪᠧᠷᠯᠢᠨ ᠳ᠋ᠦ᠍ ᠭᠧᠷᠮᠠᠨ ᠬᠡᠯᠡᠨ ᠳ᠋ᠦ᠍ ᠬᠡᠪᠯᠡᠭᠳᠡᠭᠰᠡᠨ ᠪᠥᠭᠡᠳ ᠡᠭᠦᠨ ᠦ᠌ ᠳᠠᠷᠠᠭ᠎ᠠ ᠪᠠᠷ ᠤᠩᠰᠢᠭᠴᠢᠳ ᠤ᠋ᠨ ᠪᠠᠬᠠᠷᠬᠠᠯ ᠤ᠋ᠨ ᠳᠠᠭᠤᠨ ᠤ᠋ ᠳᠤᠮᠳᠠ 1949 ᠣᠨ ᠪᠠ 1950 ᠣᠨ ᠳ᠋ᠤ᠌ ᠰᠸᠢᠰ ᠤᠯᠤᠰ ᠲᠤ᠌ ᠬᠣᠶᠠᠷ ᠤᠳᠠᠭ᠎ᠠ᠂ 1950 ᠣᠨ ᠳ᠋ᠤ᠌ ᠬᠣᠯᠪᠣᠭᠠᠨ ᠤ᠋ ᠭᠧᠷᠮᠠᠨ ᠤᠯᠤᠰ ᠤ᠋ᠨ ᠹᠷᠠᠩᠪᠤᠷᠲ ᠬᠤᠲᠠᠨ᠎ᠠ ᠠᠬᠢᠨ ᠬᠡᠪᠯᠡᠭᠳᠡᠭᠰᠡᠨ ᠶᠦᠮ᠃ 1954 ᠣᠨ ᠳ᠋ᠤ᠌ ᠹᠷᠠᠨᠼᠢ ᠪᠠ ᠰᠸᠸᠳ᠋ᠸᠨ ᠬᠡᠯᠡᠨ ᠳ᠋ᠦ᠍ ᠲᠤᠰ ᠲᠤᠰ ᠣᠷᠴᠢᠭᠤᠯᠤᠭᠳᠠᠨ ᠬᠡᠪᠯᠡᠭᠳᠡᠵᠡᠢ᠃ ᠮᠣᠩᠭᠣᠯ ᠣᠷᠴᠢᠭᠤᠯᠭ᠎ᠠ ᠨᠢ ᠠᠩᠬ᠎ᠠ ᠤᠳᠠᠭ᠎ᠠ  2010 ᠣᠨ ᠳ᠋ᠤ᠌ 《ᠣᠷᠳᠣᠰ ᠰᠤᠳᠤᠷ ᠪᠢᠴᠢᠭ ᠦ᠋ᠨ ᠴᠤᠪᠤᠷᠠᠯ 》 ᠤ᠋ᠨ ᠵᠢᠷᠠᠨ ᠭᠤᠷᠪᠠᠳᠤᠭᠠᠷ ᠪᠣᠳᠢ ᠶ᠋ᠢᠨ ᠬᠤᠪᠢ ᠪᠠᠷ ᠬᠡᠪᠯᠡᠭᠳᠡᠭᠰᠡᠨ ᠪᠥᠭᠡᠳ ᠡᠳᠦᠭᠡ《ᠴᠣᠯᠮᠣᠨ ᠳᠡᠭᠡᠵᠢ ᠪᠢᠴᠢᠭ 》 ᠲᠦ᠍ ᠳᠠᠬᠢᠨ ᠪᠠᠭᠲᠠᠨ ᠬᠡᠪᠯᠡᠭᠳᠡᠵᠦ ᠪᠠᠢᠭ᠎ᠠ ᠶᠤᠮ᠃ ᠡᠭᠦᠨ ᠡᠴᠡ ᠭᠠᠳᠠᠨ᠎ᠠ ᠮᠣᠩᠭᠣᠯ ᠤᠯᠤᠰ ᠠ᠋ᠴᠠ ᠬᠣᠯᠪᠣᠭᠠᠨ ᠤ᠋ ᠪᠦᠭᠦᠳᠡ ᠨᠠᠢᠷᠠᠮᠳᠠᠬᠤ ᠭᠧᠷᠮᠠᠨ ᠤᠯᠤᠰ ᠲᠤ᠌ ᠡᠯᠴᠢᠨ ᠰᠠᠢᠳ ᠢ᠋ᠶ᠋ᠠᠷ ᠠᠵᠢᠯᠯᠠᠵᠤ ᠥᠩᠭᠡᠷᠡᠭᠰᠡᠨ ᠪᠠᠶᠠᠷᠰᠠᠢᠬᠠᠨ ᠪᠠᠭᠰᠢᠲᠠᠨ ᠢ᠋ᠶ᠋ᠠᠷ ᠥᠪᠡᠷ ᠦ᠋ᠨ ᠡᠷᠬᠢᠯᠡᠨ ᠬᠡᠪᠯᠡᠭᠦᠯᠵᠦ ᠪᠦᠬᠦᠢ 《ᠠᠷᠪᠠ ᠶᠢᠰᠦ — ᠬᠣᠷᠢᠳᠤᠭᠠᠷ ᠵᠠᠭᠤᠨ ᠤ᠋ ᠦᠶ᠎ᠡ ᠶ᠋ᠢᠨ ᠮᠣᠩᠭᠣᠯ ᠳ᠋ᠠᠬᠢ ᠠᠶᠠᠯᠠᠯ ᠤ᠋ᠨ ᠨᠣᠮ ᠤ᠋ᠳ》 ᠬᠡᠮᠡᠬᠦ ᠴᠤᠪᠤᠷᠠᠯ ᠨᠣᠮ ᠤ᠋ᠨ ᠳᠥᠷᠪᠡᠳᠡᠬᠢ ᠪᠣᠳᠢ ᠪᠠᠷ 《ᠰᠡᠳᠬᠢᠯ ᠢ᠋ ᠪᠤᠯᠢᠶᠠᠮ᠎ᠠ ᠮᠣᠩᠭᠣᠯ ᠣᠷᠣᠨ ᠮᠢᠨᠦ》 ᠬᠡᠮᠡᠬᠦ ᠨᠡᠷ᠎ᠡ ᠪᠡᠷ ᠰᠢᠨ᠎ᠡ ᠪᠡᠷ ᠺᠢᠷᠢᠯ ᠪᠢᠴᠢᠭ ᠲᠦ᠍ ᠣᠷᠴᠢᠭᠤᠯᠤᠭᠰᠠᠨ ᠨᠢ ᠲᠦᠷᠦᠭᠦᠬᠡᠨ ᠬᠡᠪᠯᠡᠭᠳᠡᠭᠰᠡᠨ ᠪᠠᠢᠨ᠎ᠠ ᠃ 
        ᠵᠣᠬᠢᠶᠠᠭᠴᠢ ᠪᠠᠷ ᠠᠩᠬᠠᠳᠤᠭᠠᠷ ᠤᠳᠠᠭ᠎ᠠ ᠪᠡᠭᠡᠵᠢᠩ ᠳ᠋ᠦ᠍ ᠠᠵᠢᠯᠯᠠᠵᠤ ᠪᠠᠢᠬᠤ ᠬᠤᠭᠤᠴᠠᠭᠠᠨ ( 1933 —1939 ) ᠳ᠋ᠡᠭᠡᠨ ᠮᠣᠩᠭᠣᠯ ᠤ᠋ᠨ ᠲᠠᠯ᠎ᠠ ᠨᠤᠲᠤᠭ ᠢ᠋ᠶ᠋ᠠᠷ ᠨᠡᠯᠢᠶᠡᠳ ᠬᠡᠳᠦᠨ ᠤᠳᠠᠭ᠎ᠠ ᠠᠶᠠᠯᠠᠨ ᠵᠢᠭᠤᠯᠴᠢᠯᠠᠵᠤ᠂ ᠲᠠᠯ᠎ᠠ ᠨᠤᠲᠤᠭ ᠤ᠋ᠨ ᠦᠵᠡᠰᠬᠦᠯᠡᠩᠲᠦ ᠰᠠᠢᠬᠠᠨ ᠦᠵᠡᠮᠵᠢ ᠪᠠ ᠨᠠᠢᠷᠰᠠᠭ ᠰᠠᠢᠬᠠᠨ ᠬᠥᠮᠦᠨ ᠠᠷᠠᠳ ᠨᠢ ᠲᠡᠭᠦᠨ ᠦ᠌ ᠰᠡᠳᠬᠢᠯ ᠢ᠋ ᠲᠠᠲᠠᠭᠰᠠᠨ ᠠ᠋ᠴᠠ ᠡᠨᠡ ᠬᠦ᠌ 《ᠰᠡᠷᠢᠭᠦᠬᠡᠨ ᠲᠠᠯ᠎ᠠ ᠨᠤᠲᠤᠭ 》ᠭᠡᠬᠦ ᠨᠣᠮ ᠢ᠋ ᠲᠤᠭᠤᠷᠪᠢᠭᠰᠠᠨ ᠶᠤᠮ᠃ 
       ᠲᠡᠭᠦᠨ ᠦ᠌ ᠮᠣᠩᠭᠣᠯ ᠳ᠋ᠠᠬᠢ ᠠᠶᠠᠯᠠᠯ ᠤ᠋ᠨ ᠲᠤᠬᠠᠢ ᠨᠠᠷᠢᠨ ᠵᠢᠭᠰᠠᠭᠠᠪᠠᠯ : 
       ᠨᠢᠭᠡ᠂ 1931 ᠣᠨ ᠤ᠋ ᠲᠠᠪᠤᠳᠤᠭᠠᠷ ᠰᠠᠷ᠎ᠠ ᠳ᠋ᠤ᠌ ᠪᠡᠭᠡᠵᠢᠩ ᠡᠴᠡ ᠮᠠᠨᠵᠤᠤᠷ ᠬᠦᠷᠬᠦ ᠨᠢᠰᠬᠡᠯ ᠳᠡᠭᠡᠷ᠎ᠡ ᠡᠴᠡ ᠮᠣᠩᠭᠣᠯ ᠨᠤᠲᠤᠭ ᠲᠠᠢ ᠠᠩᠬ᠎ᠠ ᠲᠠᠨᠢᠯᠴᠠᠭᠰᠠᠨ ᠃ 
       ᠬᠣᠶᠠᠷ᠂ 1934 ᠣᠨ ᠤ᠋ ᠲᠠᠪᠤᠳᠤᠭᠠᠷ ᠰᠠᠷ᠎ᠠ ᠳ᠋ᠤ᠌ ᠠᠮᠧᠷᠢᠺᠠ ᠶ᠋ᠢᠨ ᠰᠤᠷᠪᠤᠯᠵᠢᠯᠠᠭᠴᠢ ᠪᠣᠯᠤᠨ ᠵᠣᠬᠢᠶᠠᠯᠴᠢ ᠵᠤᠨ ᠮᠠᠷᠺᠤᠧᠨ᠋ᠲ ᠲᠡᠢ ᠬᠠᠮᠲᠤ ᠴᠢᠭᠤᠯᠤᠯᠲᠤ ᠬᠠᠭᠠᠯᠭ᠎ᠠ᠂ ᠰᠥᠨᠢᠳ ᠪᠠᠷᠠᠭᠤᠨ ᠬᠣᠰᠢᠭᠤ ᠵᠡᠷᠭᠡ ᠣᠷᠣᠨ ᠳ᠋ᠤ᠌ ᠬᠦᠷᠦᠭᠰᠡᠨ᠃ 
       ᠭᠤᠷᠪᠠ᠂ 1934 ᠣᠨ ᠤ᠋ ᠶᠢᠰᠦᠳᠦᠭᠡᠷ ᠰᠠᠷ᠎ᠠ ᠠ᠋ᠴᠠ ᠬᠣᠢᠰᠢ ᠰᠸᠢᠰ ᠦ᠋ᠨ ᠫᠠᠸᠥ᠋ᠯ ᠺᠸᠯᠯᠸᠷ ᠪᠣᠯᠤᠨ ᠫᠠᠪᠯᠤ‍ ᠪᠠᠩᠸᠷᠲ᠋ᠸᠷ ᠲᠠᠢ ᠬᠠᠮᠲᠤ ᠴᠢᠭᠤᠯᠤᠯᠲᠤ ᠬᠠᠭᠠᠯᠭ᠎ᠠ ᠂ ᠴᠠᠭᠠᠨ ᠬᠦᠷᠢᠶᠡᠨ ᠦ᠌ ᠰᠦᠮ᠎ᠡ᠂ ᠲᠤᠯᠤᠨ ᠨᠠᠭᠤᠷ ᠬᠦᠷᠦᠭᠰᠡᠨ᠃ 
       ᠳᠥᠷᠪᠡ᠂ 1935 ᠣᠨ ᠳ᠋ᠤ᠌ ᠰᠸᠸᠳ᠋ᠸᠨ ᠦ᠌ ᠲᠣᠷᠭᠸᠨᠢ ᠦᠪᠸᠷᠭᠸ ᠲᠡᠢ ᠬᠠᠮᠲᠤ ᠭᠦᠢᠬᠤᠸᠠ — ᠪᠠᠲᠤᠬᠠᠭᠠᠯᠭ᠎ᠠ — ᠴᠤᠤ ᠬᠤ᠌ ᠳ᠋ᠤ᠌ ᠠᠢᠯᠴᠢᠯᠠᠨ ᠬᠦᠷᠦᠭᠰᠡᠨ᠃ 
       ᠲᠠᠪᠤ᠂ 1935 — 1936 ᠣᠨ ᠤ᠋ ᠡᠪᠦᠯ ᠴᠠᠬᠠᠷ ᠨᠤᠲᠤᠭ ᠲᠤ᠌ ᠬᠦᠷᠦᠭᠰᠡᠨ᠃ 
       ᠵᠢᠷᠭᠤᠭ᠎ᠠ᠂ 1936 ᠣᠨ ᠤ᠋ ᠵᠤᠨ ᠨᠠᠢ᠍ᠮᠠ ᠶ᠋ᠢᠨ ᠠᠭᠤᠯᠠᠨ ᠳ᠋ᠤ᠌ ᠬᠡᠳᠦᠨ ᠰᠠᠷ᠎ᠠ ᠪᠠᠷ ᠵᠤᠰᠠᠭᠰᠠᠨ ᠪᠥᠭᠡᠳ ᠴᠢᠭᠤᠯᠤᠯᠲᠤ ᠬᠠᠭᠠᠯᠭ᠎ᠠ — ᠴᠠᠭᠠᠨ ᠬᠦᠷᠢᠶᠡᠨ ᠦ᠌ ᠰᠦᠮ᠎ᠡ — ᠨᠠᠢ᠍ᠮᠠ ᠶ᠋ᠢᠨ ᠠᠭᠤᠯᠠ — ᠴᠠᠭᠠᠨ ᠬᠦᠷᠢᠶᠡᠨ ᠦ᠌ ᠰᠦᠮ᠎ᠡ — ᠭᠦᠢᠬᠤᠸᠠ — ᠴᠢᠭᠤᠯᠤᠯᠲᠤ ᠬᠠᠭᠠᠯᠭ᠎ᠠ — ᠪᠡᠭᠡᠵᠢᠩ ᠭᠡᠬᠦ ᠵᠠᠮ ᠱᠤᠭᠤᠮ ᠢ᠋ᠶ᠋ᠠᠷ ᠠᠶᠠᠯᠠᠭᠰᠠᠨ ᠵᠡᠷᠭᠡ ᠪᠣᠯᠤᠨ᠎ᠠ᠃ 
       ᠡᠨᠡ ᠬᠦ᠌ ᠠᠶᠠᠯᠠᠯ ᠤ᠋ᠨ ᠲᠡᠮᠳᠡᠭᠯᠡᠯ ᠡᠴᠡ ᠤᠩᠰᠢᠭᠴᠢᠳ ᠮᠣᠩᠭᠣᠯᠴᠤᠳ ᠤ᠋ᠨ ᠳᠡᠭᠡᠷ᠎ᠡ ᠵᠠᠭᠤᠨ ᠤ᠋ ᠭᠤᠴᠢᠭᠠᠳ ᠣᠨ ᠤ᠋ ᠦᠶ᠎ᠡ ᠶ᠋ᠢᠨ ᠤᠯᠤᠰ ᠲᠥᠷᠥ ᠶ᠋ᠢᠨ ᠣᠷᠣᠭ᠎ᠠ ᠪᠣᠰᠬᠠᠭ᠎ᠠ ᠪᠠᠢᠳᠠᠯ ᠪᠠ ᠮᠣᠩᠭᠣᠯᠴᠤᠳ ᠤ᠋ᠨ ᠲᠡᠷᠡ ᠦᠶ᠎ᠡ ᠶ᠋ᠢᠨ ᠠᠵᠤ ᠠᠮᠢᠳᠤᠷᠠᠯ᠂ ᠵᠠᠩ ᠠᠭᠠᠯᠢ᠂ ᠦᠵᠡᠯ ᠪᠣᠳᠣᠯ ᠢ᠋ ᠪᠠᠭ᠎ᠠ ᠴᠤ᠌ ᠭᠡᠰᠡᠨ ᠣᠢᠯᠠᠭᠠᠵᠤ ᠪᠣᠯᠬᠤ ᠪᠠᠢᠬ᠎ᠠ᠃ 
       ᠡᠭᠦᠨ ᠳ᠋ᠡᠭᠡᠨ ᠵᠣᠬᠢᠶᠠᠭᠴᠢ ᠪᠠᠷ ᠥᠪᠡᠷ ᠦ᠋ᠨ ᠠᠶᠠᠯᠠᠨ ᠬᠦᠷᠴᠦ ᠪᠠᠢᠭᠰᠠᠨ ᠮᠣᠩᠭᠣᠯ ᠣᠷᠣᠨ — ᠭᠣᠣᠯᠳᠠᠭᠤ ᠴᠠᠬᠠᠷ᠂ ᠰᠢᠯᠢ ᠶ᠋ᠢᠨ ᠭᠣᠣᠯ᠂ ᠤᠯᠠᠭᠠᠨᠴᠠᠪ ᠵᠡᠷᠭᠡ ᠣᠷᠣᠨ ᠤ᠋ ᠪᠠᠨ ᠲᠤᠬᠠᠢ ᠪᠢᠴᠢᠭᠯᠡᠵᠦ᠂ ᠲᠡᠨᠳᠡᠬᠢ ᠮᠣᠩᠭᠣᠯᠴᠤᠳ ᠤ᠋ᠨ ᠠᠵᠢᠯᠯᠠᠵᠤ ᠠᠮᠢᠳᠤᠷᠠᠵᠤ ᠪᠠᠢᠭ᠎ᠠ ᠪᠠᠢᠳᠠᠯ ᠢ᠋ ᠨᠢᠳᠦᠨ ᠳ᠋ᠦ᠍ ᠬᠠᠷᠠᠭᠳᠠᠮ᠎ᠠ ᠭᠠᠷ ᠲᠤ᠌ ᠪᠠᠷᠢᠭᠳᠠᠮ᠎ᠠ ᠵᠢᠷᠤᠭᠯᠠᠭᠰᠠᠨ ᠪᠠᠢᠳᠠᠭ᠃ ᠵᠣᠬᠢᠶᠠᠯᠴᠢ ᠨᠢ ᠲᠤᠬᠠᠢ ᠶ᠋ᠢᠨ ᠦᠶ᠎ᠡ ᠳ᠋ᠦ᠍ ᠥᠪᠥᠷ ᠮᠣᠩᠭᠣᠯ ᠳ᠋ᠤ᠌ ᠰᠣᠨᠢᠷᠬᠠᠯ ᠲᠠᠢ ᠪᠠᠢᠭᠰᠠᠨ ᠠᠯᠢ ᠨᠢᠭᠡᠨ ᠤᠯᠤᠰ ᠤ᠋ᠨ ᠡᠷᠬᠡ ᠠᠰᠢᠭ ᠤ᠋ᠨ ᠬᠦᠷᠢᠶᠡᠨ ᠳ᠋ᠦ᠍ ᠪᠠᠭᠲᠠᠵᠤ ᠪᠠᠢᠭᠰᠠᠨ ᠦᠭᠡᠢ ᠲᠤᠯᠠ ᠲᠡᠭᠦᠨ ᠦ᠌ ᠪᠢᠴᠢᠭᠰᠡᠨ ᠨᠢ ᠶᠠᠮᠠᠷ ᠨᠢᠭᠡᠨ ᠤᠯᠤᠰ ᠲᠥᠷᠥ ᠶ᠋ᠢᠨ ᠦᠵᠡᠯ ᠪᠣᠳᠣᠯ ᠳ᠋ᠤ᠌ ᠪᠠᠷᠢᠭᠳᠠᠭᠰᠠᠨ ᠦᠭᠡᠢ ᠪᠥᠭᠡᠳ ᠢᠲᠡᠭᠡᠭᠦᠯᠬᠦ ᠬᠦᠴᠦᠨ ᠢ᠋ᠶ᠋ᠡᠷ ᠴᠢᠩᠭ᠎ᠠ ᠪᠠᠢᠨ᠎ᠠ ᠭᠡᠵᠦ ᠪᠣᠳᠣᠨ᠎ᠠ᠃ 
       ᠡᠨᠡ ᠤᠳᠠᠭᠠᠨ ᠤ᠋ ᠬᠡᠪᠯᠡᠯ ᠳ᠋ᠦ᠍ ᠲᠦᠷᠦᠭᠦᠴᠢ ᠶ᠋ᠢᠨ ᠬᠡᠪᠯᠡᠯ ᠳ᠋ᠦ᠍ ᠬᠠᠶᠠᠭᠳᠠᠭᠰᠠᠨ ᠤᠳᠤᠷᠢᠳᠬᠠᠯ ᠤ᠋ᠨ ᠬᠡᠰᠡᠭ ᠢ᠋ ᠣᠷᠴᠢᠭᠤᠯᠵᠤ ᠣᠷᠣᠭᠤᠯᠤᠭᠰᠠᠨ ᠪᠠ ᠪᠦᠬᠦ ᠨᠣᠮ ᠢ᠋ ᠠᠬᠢᠨ ᠨᠢᠭᠡ ᠤᠳᠠᠭ᠎ᠠ ᠰᠢᠭᠦᠨ ᠤᠩᠰᠢᠵᠤ᠂ ᠪᠤᠷᠤᠭᠤ ᠲᠠᠰᠢᠶ᠎ᠠ ᠪᠢᠴᠢᠯᠭᠡ ᠶ᠋ᠢ ᠵᠠᠯᠠᠷᠠᠭᠤᠯᠵᠤ᠂ ᠡᠪ ᠦᠭᠡᠢ ᠣᠷᠴᠢᠭᠤᠯᠭ᠎ᠠ ᠪᠣᠯᠤᠨ ᠵᠣᠬᠢᠮᠵᠢ ᠦᠭᠡᠢ ᠨᠠᠢᠷᠠᠭᠤᠯᠭ᠎ᠠ ᠶ᠋ᠢᠨ ᠲᠠᠯ᠎ᠠ ᠪᠠᠷ ᠪᠣᠯᠬᠤ ᠶ᠋ᠢᠨ ᠳᠣᠲᠣᠷ᠎ᠠ ᠰᠠᠢᠵᠢᠷᠠᠭᠤᠯᠬᠤ ᠶ᠋ᠢ ᠬᠢᠴᠢᠶᠡᠯ᠎ᠡ᠃ ᠨᠡᠷ᠎ᠡ ᠶ᠋ᠢᠨ ᠣᠷᠴᠢᠭᠤᠯᠭ᠎ᠠ ᠳ᠋ᠤ᠌ ᠣᠯᠠᠩᠬᠢ ᠠᠮᠠᠷᠬᠠᠨ ᠢᠯᠭᠠᠨ ᠲᠠᠨᠢᠭᠳᠠᠬᠤ ᠮᠣᠩᠭᠣᠯ ᠲᠥᠪᠡᠳ ᠨᠡᠷ᠎ᠡ ᠶ᠋ᠢ ᠰᠢᠭᠤᠳ ᠪᠢᠴᠢᠭᠡᠳ ᠵᠠᠷᠢᠮ  ᠢᠯᠭᠠᠨ ᠲᠠᠨᠢᠬᠤ ᠳ᠋ᠤ᠌ ᠬᠦᠴᠢᠷᠲᠡᠢ ᠭᠠᠵᠠᠷ ᠤ᠋ᠨ ᠨᠡᠷᠡᠰ ᠢ᠋ ᠪᠠᠷᠤᠭᠯᠠᠨ ᠣᠷᠴᠢᠭᠤᠯᠤᠭᠰᠠᠨ ᠢ᠋  ᠪᠡᠰᠦᠲᠡᠢ ᠬᠠᠰᠪᠢᠯᠢᠭ᠌᠂  ᠪ᠂ ᠤᠶᠤᠨᠳᠠᠯᠠᠢ᠂ ᠰᠤᠶᠤᠯᠪᠤᠷᠢᠨ ᠨᠠᠷ ᠪᠢᠴᠢᠭ ᠮᠠᠲ᠋ᠧᠷᠢᠶᠠᠯ ᠪᠣᠯᠤᠨ ᠮᠡᠳᠡᠬᠦ ᠬᠥᠮᠦᠰ ᠡᠴᠡ ᠯᠠᠪᠯᠠᠨ᠂ ᠲᠤᠯᠭᠠᠨ ᠬᠠᠷᠭᠤᠭᠤᠯᠵᠤ ᠵᠥᠪᠲᠦᠭᠡᠵᠦ ᠥᠭᠭᠦᠭᠰᠡᠨ ᠢ᠋ ᠣᠨᠴᠠᠭᠠᠢᠯᠠᠨ ᠲᠣᠳᠣᠷᠬᠠᠢᠯᠠᠬᠤ ᠶ᠋ᠢᠨ ᠳᠠᠭᠠᠤ ᠲᠠᠯᠠᠷᠬᠠᠭᠰᠠᠨ ᠢ᠋ᠶ᠋ᠠᠨ ᠢᠯᠡᠷᠬᠡᠢᠯᠡᠶ᠎ᠡ᠃ ᠥᠪᠡᠷ ᠢ᠋ᠶ᠋ᠡᠨ ᠪᠢ ᠣᠷᠴᠢᠭᠤᠯᠭ᠎ᠠ ᠶ᠋ᠢᠨ ᠮᠡᠷᠭᠡᠵᠢᠯ ᠰᠤᠷᠤᠭᠰᠠᠨ ᠪᠢᠰᠢ ᠪᠥᠭᠡᠳ ᠬᠡᠯᠡ ᠨᠠᠢᠷᠠᠭᠤᠯᠭ᠎ᠠ ᠳ᠋ᠠᠭᠠᠨ ᠠᠨᠠᠢ ᠪᠣᠯᠬᠣᠷ ᠠᠯᠳᠠᠵᠤ ᠡᠨᠳᠡᠭᠰᠡᠨ ᠭᠠᠵᠠᠷ ᠪᠣᠢ ᠠᠪᠠᠰᠤ ᠤᠩᠰᠢᠭᠴᠢᠳ ᠠ᠋ᠴᠠ ᠠᠭᠤᠴᠢᠯᠠᠯ ᠬᠦᠰᠡᠶ᠎ᠡ ! 
       ᠶᠡᠬᠡ ᠰᠣᠶᠣᠯ ᠤ᠋ᠨ ᠨᠥᠯᠦᠭᠡᠨ ᠦ᠌ ᠳᠣᠣᠷ᠎ᠠ ᠨᠢᠭᠡ ᠲᠠᠯ᠎ᠠ ᠪᠠᠷ ᠮᠣᠩᠭᠣᠯ ᠰᠣᠶᠣᠯ ᠪᠢᠴᠢᠭ ᠮᠠᠨᠢ ᠤᠯᠠᠮ ᠢ᠋ᠶ᠋ᠠᠷ ᠬᠠᠶᠠᠭᠳᠠᠨ ᠭᠡᠭᠡᠭᠳᠡᠵᠦ ᠪᠠᠢᠭ᠎ᠠ ᠪᠠ ᠨᠥᠭᠦᠭᠡ ᠲᠠᠯ᠎ᠠ ᠪᠠᠷ ᠮᠣᠩᠭᠣᠯᠴᠤᠳ ᠤ᠋ᠨ ᠰᠣᠶᠣᠯ ᠲᠡᠦᠬᠡ ᠪᠡᠨ ᠳᠡᠭᠡᠳᠦᠯᠡᠵᠦ ᠶᠠᠪᠤᠬᠤ ᠰᠡᠳᠬᠢᠯᠭᠡ ᠨᠢ ᠴᠦ᠍ ᠤᠯᠠᠮ ᠠ᠋ᠴᠠ ᠤᠯᠠᠮ ᠢᠯᠡᠭᠦᠦ ᠪᠣᠯᠵᠤ ᠪᠠᠢᠭ᠎ᠠ ᠶᠤᠮ᠃ ᠥᠪᠡᠷ ᠦ᠋ᠨ ᠲᠥᠷᠥᠯᠬᠢ ᠬᠡᠯᠡ ᠳᠡᠭᠡᠷ᠎ᠡ ᠪᠡᠨ ᠤᠩᠰᠢᠵᠤ ᠰᠡᠳᠬᠢᠬᠦ ᠶ᠋ᠢ ᠬᠦᠰᠡᠭᠴᠢᠳ ᠴᠦ᠍ ᠡᠳᠦᠷ ᠲᠣᠰᠤᠮ ᠨᠡᠮᠡᠭᠳᠡᠵᠦ ᠪᠠᠢᠭ᠎ᠠ ᠥᠨᠥᠳᠥᠷ ᠰᠡᠬᠡᠭᠡᠲᠡᠨ ᠪᠣᠯᠤᠭᠰᠠᠨ ᠪᠢᠳᠡ ᠮᠣᠩᠭᠣᠯ ᠬᠡᠯᠡ ᠪᠢᠴᠢᠭ ᠳᠡᠭᠡᠷ᠎ᠡ ᠢᠯᠡᠭᠦᠬᠡᠨ ᠨᠣᠮ ᠪᠢᠴᠢᠭ ᠬᠡᠪᠯᠡᠭᠦᠯᠪᠡᠰᠦ ᠮᠣᠩᠭᠣᠯ ᠰᠣᠶᠣᠯ ᠬᠡᠮᠡᠬᠦ ᠮᠣᠳᠣᠨ ᠤ᠋ ᠦᠨᠳᠦᠰᠦ ᠶ᠋ᠢ ᠨᠢ ᠤᠯᠠᠮ ᠭᠦᠨᠵᠡᠭᠡᠢ ᠪᠣᠯᠭᠠᠵᠤ᠂ ᠰᠠᠯᠠᠭ᠎ᠠ ᠮᠥᠴᠢᠷ ᠢ᠋ ᠨᠢ ᠤᠯᠠᠮ ᠰᠠᠬᠤᠯᠢᠭ ᠪᠣᠯᠭᠠᠨ᠎ᠠ ᠪᠠᠢᠭ᠎ᠠ ᠭᠡᠮᠡᠨ ᠣᠢᠯᠠᠭᠠᠬᠤ ᠶ᠋ᠢᠨ ᠬᠠᠮᠲᠤ ᠡᠭᠦᠨ ᠢ᠋ ᠥᠪᠡᠷ ᠦ᠋ᠨ ᠡᠭᠦᠷᠭᠡ ᠬᠠᠷᠢᠭᠤᠴᠠᠯᠭ᠎ᠠ ᠪᠠᠨ ᠪᠣᠯᠭᠠᠨ ᠤᠬᠠᠮᠰᠠᠷᠠᠨ ᠠᠵᠢᠯᠯᠠᠵᠠᠭᠠᠶ᠎ᠠ᠃ 
       ᠨᠣᠮ ᠤ᠋ᠨ ᠴᠠᠭᠠᠨ ᠪᠤᠶᠠᠨ ᠳᠡᠯᠭᠡᠷᠡᠬᠦ ᠪᠣᠯᠲᠤᠭᠠᠢ !          

                     ᠬᠣᠨᠢᠴᠤᠳ ᠨ᠂ ᠭᠡᠷᠡᠯᠲᠦ      
                           2015 ᠣᠨ ᠤ᠋ ᠭᠤᠷᠪᠠᠳᠤᠭᠠᠷ ᠰᠠᠷ᠎ᠠ ᠶ᠋ᠢᠨ ᠬᠣᠷᠢᠨ ᠨᠢᠭᠡᠨ ᠳ᠋ᠦ᠍ ᠬᠥᠬᠡᠬᠣᠲᠠᠨ᠎ᠠ