《ᠬᠥᠬᠥᠭᠡ》ᠮᠣᠩᠭᠣᠯ ᠠᠷᠠᠳ ᠤ᠋ᠨ ᠦᠯᠢᠭᠡᠷ-ᠮᠣᠩᠭᠣᠯ ᠲᠤᠭᠤᠷᠭᠠᠲᠠᠨFM-107“Хөхөө”Монгол ардын үлгэр-монгол туургатан
《ᠬᠥᠬᠥᠭᠡ》ᠮᠣᠩᠭᠣᠯ ᠠᠷᠠᠳ ᠤ᠋ᠨ ᠦᠯᠢᠭᠡᠷ
ᠮᠣᠩᠭᠣᠯ ᠲᠤᠭᠤᠷᠭᠠᠲᠠᠨ ᠤ᠋ ᠷᠠᠳᠢᠣ᠋ ᠰᠢᠨᠵᠢᠯᠡᠭᠡ fm ᠵᠠᠭᠤᠨ ᠳᠣᠯᠣᠭ᠎ᠠ ᠠᠷᠪᠠᠨ ᠤ᠋ ᠲᠠᠪᠤ ᠶ᠋ᠢᠨ ᠦᠯᠢᠭᠡᠷ ᠦ᠋ᠨ ᠴᠠᠭ᠂
ᠰᠠᠢᠨ ᠪᠠᠢᠵᠠᠭᠠᠨ᠎ᠠ ᠤᠤ?
ᠡᠷᠬᠢᠮ ᠬᠦᠨᠳᠦᠲᠡᠢ ᠬᠡᠦᠬᠡᠳ ᠪᠠᠭᠠᠴᠤᠳ ᠠ᠋᠂ ᠲᠠ ᠪᠦᠬᠦᠨ ᠳ᠋ᠦ᠍ ᠪᠡᠨ ᠮᠣᠩᠭᠣᠯ ᠲᠤᠭᠤᠷᠭᠠᠲᠠᠨ ᠤ᠋ ᠷᠠᠳᠢᠣ᠋ ᠰᠢᠨᠵᠢᠯᠡᠭᠡ fm ᠵᠠᠭᠤᠨ ᠳᠣᠯᠣᠭ᠎ᠠ ᠠᠷᠪᠠᠨ ᠤ᠋ ᠲᠠᠪᠤ ᠠ᠋ᠴᠠ ᠬᠦᠷᠭᠡᠳᠡᠭ ᠦᠯᠢᠭᠡᠷ ᠦ᠋ᠨ ᠴᠠᠭ ᠬᠦᠷᠭᠡᠵᠦ ᠪᠠᠢᠨ᠎ᠠ᠃ ᠢᠩᠭᠢᠭᠡᠳ ᠡᠨᠡ ᠤᠳᠠᠭᠠᠨ ᠤ᠋ ᠨᠡᠪᠲᠡᠷᠡᠭᠦᠯᠭᠡ ᠪᠡᠷ ᠬᠡᠦᠬᠡᠳ ᠪᠠᠭᠠᠴᠤᠳ ᠲᠠ ᠪᠦᠬᠦᠨ ᠳ᠋ᠦ᠍ ᠪᠡᠨ ᠵᠣᠷᠢᠭᠤᠯᠤᠨ᠂《ᠬᠥᠬᠥᠭᠡ》ᠮᠣᠩᠭᠣᠯ ᠠᠷᠠᠳ ᠤ᠋ᠨ ᠦᠯᠢᠭᠡᠷ ᠢ᠋ ᠰᠣᠨᠣᠷᠳᠠᠭᠤᠯᠬᠤ ᠭᠡᠵᠦ ᠪᠠᠢᠨ᠎ᠠ! ᠲᠠ ᠪᠦᠬᠦᠨ ᠬᠦᠯᠢᠶᠡᠨ ᠠᠪᠤᠨ᠎ᠠ ᠤᠤ!
ᠬᠥᠬᠥᠭᠡ
ᠡᠷᠲᠡ ᠤᠷᠢᠳᠤ ᠶ᠋ᠢᠨ ᠴᠠᠭ ᠲᠤ ᠨᠢᠭᠡᠨ ᠶᠠᠳᠠᠭᠤ ᠡᠬᠡ ᠳᠥᠷᠪᠡᠨ ᠬᠦᠦ ᠶ᠋ᠢᠨ ᠬᠠᠮᠲᠤ ᠠᠮᠢᠳᠤᠷᠠᠳᠠᠭ ᠪᠠᠢᠵᠠᠢ᠃ ᠬᠡᠦᠬᠡᠳ ᠦ᠋ᠳ ᠨᠢ ᠦᠦᠷ ᠦ᠋ᠨ ᠭᠡᠭᠡᠨ ᠡᠴᠡ ᠦᠳᠡᠰᠢ ᠶ᠋ᠢᠨ ᠪᠦᠷᠦᠢ ᠪᠣᠯᠲᠠᠯ᠎ᠠ ᠲᠣᠭᠯᠠᠵᠤ᠂ ᠡᠵᠢ ᠨᠢ ᠲᠡᠳᠡᠨ ᠦ᠌ ᠪᠡᠨ ᠬᠣᠭᠣᠯᠠ ᠴᠠᠢ ᠶ᠋ᠢ ᠪᠡᠯᠡᠳᠬᠡᠨ᠂ ᠭᠡᠷ ᠣᠷᠣᠨ ᠤ᠋ ᠪᠠᠨ ᠠᠵᠢᠯ ᠢ᠋ ᠪᠣᠷᠪᠢ ᠪᠣᠬᠢᠰᠬᠢᠯ ᠦᠭᠡᠢ ᠠᠮᠵᠢᠭᠤᠯᠳᠠᠭ ᠶᠤᠮ ᠭᠡᠨ᠎ᠡ᠃ ᠤᠷᠠᠩᠬᠠᠢ ᠴᠤᠭᠤᠷᠬᠠᠢ ᠶ᠋ᠢ ᠨᠢ ᠣᠶᠣᠵᠤ᠂ ᠬᠠᠳᠬᠤᠬᠤ ᠶ᠋ᠢᠨ ᠬᠠᠵᠠᠭᠤ ᠪᠠᠷ ᠴᠠᠰᠤᠨ ᠬᠤᠩᠭᠠᠷ ᠲᠤ ᠣᠷᠬᠢᠭᠰᠠᠨ ᠭᠤᠲᠤᠯ ᠬᠤᠪᠴᠠᠰᠤ ᠶ᠋ᠢ ᠨᠢ ᠴᠤᠭᠯᠠᠭᠤᠯᠵᠤ ᠤᠷᠭᠤᠬᠤ ᠶ᠋ᠢᠨ ᠤᠯᠠᠭᠠᠨ ᠨᠠᠷᠠᠨ ᠬᠦᠷᠲᠡᠯ᠎ᠡ ᠲᠦᠮᠡᠨ ᠵᠠᠪ ᠦᠭᠡᠢ ᠵᠢᠳᠬᠦᠳᠡᠭ ᠶᠦᠮ ᠰᠠᠨᠵᠢ᠃ ᠶᠡᠬᠡ ᠠᠵᠢᠯ ᠳ᠋ᠤ᠌ ᠪᠠᠨ ᠳᠠᠷᠤᠭᠳᠠᠭᠰᠠᠨ ᠡᠵᠢ ᠨᠢ ᠬᠠᠶᠠ ᠬᠡᠦᠬᠡᠳ ᠦ᠋ᠳ ᠲᠦ᠍ ᠪᠡᠨ ᠲᠤᠰᠠᠯᠠᠬᠤ ᠶ᠋ᠢ ᠭᠤᠶᠤᠬᠤ ᠪᠣᠯᠪᠠᠴᠤ ᠲᠡᠳᠡ᠄ ᠶᠠᠳᠠᠷᠠᠭᠠᠳ ᠪᠠᠢᠨ᠎ᠠ᠂ ᠵᠠᠯᠬᠠᠭᠤ ᠬᠦᠷᠦᠭᠡᠳ ᠪᠠᠢᠨ᠎ᠠ ᠭᠡᠬᠦ ᠡᠴᠡ ᠥᠭᠡᠷ᠎ᠡ ᠶᠠᠭᠤ ᠴᠤ᠌ ᠬᠡᠯᠡᠳᠡᠭ ᠦᠭᠡᠢ ᠪᠠᠢᠯ᠎ᠠ᠃ ᠡᠵᠢ ᠨᠢ ᠨᠢᠭᠡ ᠤᠳᠠᠭ᠎ᠠ ᠮᠠᠰᠢ ᠬᠦᠨᠳᠦ ᠪᠡᠷ ᠡᠪᠡᠳᠴᠦ ᠶᠠᠳᠠᠷᠠᠵᠤ ᠲᠤᠢᠯᠳᠠᠭᠰᠠᠨ ᠬᠥᠭᠡᠷᠦᠬᠦᠢ ᠡᠬᠡ ᠭᠡᠷ ᠡᠴᠡ ᠪᠡᠨ ᠴᠦ᠍ ᠭᠠᠷᠴᠤ ᠴᠢᠳᠠᠬᠤ ᠪᠠᠨ ᠪᠣᠯᠢᠵᠠᠢ᠃ ᠥᠯᠥᠰᠴᠦ ᠴᠠᠩᠭᠠᠬᠤ ᠶ᠋ᠢᠨ ᠲᠤᠢᠯ ᠪᠣᠯᠤᠭᠰᠠᠨ ᠴᠤ᠌ ᠬᠡᠦᠬᠡᠳ ᠨᠢ ᠶᠡᠷᠦ ᠲᠣᠭᠣᠭᠰᠠᠨ ᠦᠭᠡᠢ ᠭᠡᠨ᠎ᠡ᠃ ᠲᠡᠭᠡᠭᠡᠳ ᠡᠬᠡ ᠬᠡᠦᠬᠡᠳ ᠦ᠋ᠳ ᠢ᠋ᠶ᠋ᠡᠨ ᠳᠠᠭᠤᠳᠠᠭᠠᠳ᠄ ᠬᠣᠩᠭᠣᠷᠬᠠᠨ ᠦᠷᠡᠰ ᠮᠢᠨᠢ ᠠᠶᠠᠭ᠎ᠠ ᠤᠰᠤ ᠠᠪᠴᠢᠷᠠᠵᠤ᠂ ᠠᠷᠭᠠᠭᠰᠠᠨ ᠬᠣᠭᠣᠯᠠᠢ ᠶ᠋ᠢ ᠮᠢᠨᠢ ᠳᠡᠪᠲᠦᠭᠡᠭᠡᠴᠢ᠂ ᠠᠩᠭᠢᠷ ᠤᠭᠤᠷᠠᠭ ᠢ᠋ᠶ᠋ᠠᠨ ᠬᠥᠬᠥᠭᠦᠯᠦᠭᠰᠡᠨ ᠠᠴᠢ ᠶ᠋ᠢ ᠮᠢᠨᠢ ᠰᠠᠨᠠᠨ ᠲᠤᠰᠠᠯᠠᠭᠠᠴᠢ ᠳᠠ᠃ ᠬᠣᠭᠣᠯᠠᠢ ᠮᠢᠨᠢ ᠬᠠᠲᠠᠵᠤ᠂ ᠬᠥᠯ ᠮᠢᠨᠢ ᠶᠠᠪᠤᠵᠤ ᠴᠢᠳᠠᠬᠤ ᠦᠭᠡᠢ ᠪᠠᠢᠨ᠎ᠠ ᠭᠡᠮᠡᠨ ᠤᠬᠢᠯᠠᠨ ᠬᠠᠢᠯᠠᠨ ᠭᠤᠶᠤᠵᠠᠢ᠃ ᠡᠬᠡ ᠨᠢ ᠣᠯᠠᠨ ᠭᠤᠶᠤᠭᠰᠠᠨ ᠪᠣᠯᠪᠠᠴᠤ᠂ ᠬᠡᠦᠬᠡᠳ ᠦ᠋ᠳ ᠨᠢ ᠤᠰᠤᠨ ᠳ᠋ᠤ᠌ ᠶᠠᠪᠤᠵᠤ ᠥᠭᠭᠦᠭᠰᠡᠨ ᠦᠭᠡᠢ᠃ ᠬᠠᠮᠤᠭ ᠤ᠋ᠨ ᠲᠣᠮᠣ ᠬᠦᠦ ᠨᠢ᠄ ᠨᠠᠳᠠ ᠳ᠋ᠤ᠌ ᠭᠤᠲᠤᠯ ᠪᠠᠢᠬᠤ ᠦᠭᠡᠢ᠂ ᠬᠠᠷᠢᠨ ᠤᠳᠠᠭᠠᠬᠢ ᠬᠦᠦ ᠨᠢ᠄ ᠪᠢ ᠮᠠᠯᠠᠭᠠᠢ ᠦᠭᠡᠢ᠂ ᠭᠤᠷᠪᠠᠳᠠᠬᠢ ᠬᠦᠦ ᠨᠢ᠄ ᠨᠠᠳᠠ ᠳ᠋ᠤ᠌ ᠳᠡᠪᠡᠯ ᠪᠠᠢᠬᠤ ᠦᠭᠡᠢ ᠭᠡᠬᠦ ᠳ᠋ᠦ᠍᠂ ᠬᠠᠮᠤᠭ ᠤ᠋ᠨ ᠪᠠᠭ᠎ᠠ ᠬᠦᠦ ᠨᠢ ᠶᠠᠭᠤ ᠴᠤ᠌ ᠬᠡᠯᠡᠭᠰᠡᠨ ᠦᠭᠡᠢ᠃ ᠡᠪᠡᠳᠴᠢᠨ ᠳ᠋ᠦ᠍ ᠪᠡᠨ ᠰᠢᠨᠠᠯᠤᠭᠰᠠᠨ ᠡᠬᠡ ᠨᠢ᠄ ᠡᠪᠡᠳᠴᠦ ᠵᠣᠪᠠᠭᠰᠠᠨ ᠡᠬᠡ ᠶ᠋ᠢ ᠪᠡᠨ ᠦᠷᠦ ᠡᠪᠡᠳᠴᠦ ᠲᠠ ᠨᠠᠷ ᠬᠠᠢᠷᠠᠯᠠᠭᠠᠴᠢ ᠳᠠ᠂ ᠭᠤᠲᠤᠯ ᠮᠠᠯᠠᠭᠠᠢ ᠪᠠᠢᠬᠤ ᠦᠭᠡᠢ ᠴᠤ᠌ ᠭᠡᠰᠡᠨ ᠭᠤᠶᠤᠭᠰᠠᠨ ᠢ᠋ ᠮᠢᠨᠢ ᠠᠪᠴᠢᠷᠠᠵᠤ ᠥᠭᠭᠦᠭᠡᠴᠢ᠂ ᠭᠣᠣᠯ ᠣᠢᠷᠠᠬᠠᠨ ᠪᠠᠢᠨ᠎ᠠ ᠰᠢᠦ ᠳᠡ᠂ ᠬᠡᠦᠬᠡᠳ ᠦ᠋ᠳ ᠮᠢᠨᠢ ᠭᠡᠵᠦ ᠠᠷᠭᠠᠳᠠᠪᠠᠴᠤ᠂ ᠬᠡᠦᠬᠡᠳ ᠦ᠋ᠳ ᠦ᠋ᠨ ᠬᠡᠨ ᠨᠢ ᠴᠦ᠍ ᠲᠤᠰᠠᠯᠠᠬᠤ ᠶ᠋ᠢ ᠬᠦᠰᠡᠬᠦ ᠦᠭᠡᠢ ᠪᠠᠢᠯ᠎ᠠ᠂ ᠲᠡᠭᠡᠭᠡᠳ ᠲᠡᠳᠡ ᠡᠪᠡᠳᠴᠢᠨ ᠳ᠋ᠦ᠍ ᠨᠡᠷᠪᠡᠭᠳᠡᠭᠰᠡᠨ ᠡᠬᠡ ᠶ᠋ᠢ ᠪᠡᠨ ᠥᠯ ᠬᠣᠭᠣᠰᠣᠨ ᠣᠷᠬᠢᠭᠠᠳ ᠴᠠᠰᠤᠨ ᠳᠡᠭᠡᠷ᠎ᠡ ᠭᠤᠯᠭᠤᠵᠤ ᠲᠣᠭᠯᠠᠬᠤ ᠪᠠᠷ ᠢᠨᠢᠶᠡᠵᠦ ᠱᠤᠤᠭᠢᠨ ᠭᠠᠷᠴᠤ ᠣᠳᠪᠠ᠃ ᠡᠳᠦᠷᠵᠢᠨ ᠲᠣᠭᠯᠠᠭᠰᠠᠭᠠᠷ ᠶᠠᠳᠠᠷᠠᠵᠤ᠂ ᠥᠯᠥᠰᠦᠭᠰᠡᠨ ᠲᠣᠮᠣ ᠬᠦᠦ ᠣᠷᠣᠢ ᠪᠣᠯᠬᠤ ᠶ᠋ᠢᠨ ᠬᠢᠷᠢ ᠳ᠋ᠦ᠍ ᠭᠡᠨᠡᠳᠲᠡ ᠡᠵᠢ ᠶ᠋ᠢ ᠪᠡᠨ ᠰᠠᠨᠠᠨ ᠬᠣᠭᠣᠯᠠ ᠤᠮᠳᠠ ᠨᠡᠬᠡᠬᠦ ᠪᠡᠷ ᠭᠡᠷ ᠲᠦ᠍ ᠪᠡᠨ ᠢᠷᠡᠯ᠎ᠡ᠂ ᠨᠠᠪᠰᠠᠢᠵᠤ ᠨᠣᠣᠷᠠᠭᠰᠠᠨ ᠭᠡᠷ ᠦ᠋ᠨ ᠢ᠋ᠶ᠋ᠡᠨ ᠬᠠᠲᠠᠪᠴᠢ ᠪᠠᠷ ᠱᠠᠭᠠᠢᠨ ᠬᠠᠷᠠᠪᠠᠯ ᠨᠠᠷᠠᠨ ᠠᠳᠠᠯᠢ ᠬᠡᠷᠡᠯᠳᠦᠳᠡᠭ ᠡᠬᠡ ᠶ᠋ᠢᠨ ᠴᠢᠷᠠᠢ ᠵᠣᠪᠠᠯᠠᠩ ᠭᠤᠨᠢᠭ ᠢ᠋ᠶ᠋ᠠᠷ ᠳᠦᠭᠦᠷᠴᠦ᠂ ᠤᠷᠲᠤ ᠰᠠᠢᠬᠠᠨ ᠦᠰᠦ ᠪᠡᠨ ᠰᠤᠯᠠ ᠲᠠᠯᠪᠢᠨ ᠬᠣᠢᠮᠣᠷ ᠤ᠋ᠨ ᠠᠪᠳᠠᠷ᠎ᠠ ᠶ᠋ᠢᠨ ᠢ᠋ᠶ᠋ᠡᠨ ᠡᠮᠦᠨ᠎ᠡ ᠪᠤᠭᠤ ᠶ᠋ᠢᠨ ᠠᠷᠠᠰᠤᠨ ᠳᠡᠪᠡᠯ ᠢ᠋ᠶ᠋ᠡᠨ ᠡᠮᠦᠰᠴᠢᠬᠡᠭᠰᠡᠨ ᠵᠣᠭᠰᠣᠯ᠎ᠠ᠃ ᠬᠦᠦ ᠶ᠋ᠢ ᠬᠠᠷᠠᠭᠰᠠᠭᠠᠷ ᠪᠠᠢᠲᠠᠯ᠎ᠠ ᠡᠵᠢ ᠶ᠋ᠢᠨ ᠬᠢᠨᠢ ᠳᠡᠪᠡᠯ ᠥᠳᠥ ᠪᠡᠷ ᠪᠦᠷᠬᠦᠭᠳᠡᠵᠦ᠂ ᠬᠠᠪᠲᠠᠭᠠᠢ ᠮᠣᠳᠣ ᠪᠠᠷ ᠳᠡᠪᠡᠯ ᠦ᠋ᠨ ᠢ᠋ᠶ᠋ᠡᠨ ᠠᠷᠠᠰᠤ ᠶ᠋ᠢ ᠬᠤᠰᠤᠬᠤ ᠳ᠋ᠤ᠌ ᠰᠢᠪᠠᠭᠤᠨ ᠰᠡᠭᠦᠯ ᠲᠡᠢ ᠪᠣᠯᠴᠢᠬᠠᠯ᠎ᠠ᠃ ᠪᠠᠰᠠ ᠲᠡᠮᠦᠷ ᠬᠣᠰᠢᠭᠤ ᠲᠠᠢ ᠪᠣᠯᠵᠤ᠂ ᠬᠣᠶᠠᠷ ᠭᠠᠷ ᠤ᠋ᠨ ᠬᠢᠨᠢ ᠣᠷᠣᠨ ᠳ᠋ᠤ᠌ ᠳᠠᠯᠠᠪᠴᠢ ᠤᠷᠭᠤᠭᠰᠠᠨ ᠪᠠᠢᠪᠠ᠃ ᠲᠡᠷᠡ ᠳᠠᠷᠤᠢ ᠡᠬᠡ ᠨᠢ ᠰᠢᠪᠠᠭᠤ ᠪᠣᠯᠵᠤ ᠬᠤᠪᠢᠷᠠᠭᠠᠳ ᠭᠡᠷ ᠦ᠋ᠨ ᠲᠣᠭᠣᠨᠣ ᠪᠠᠷ ᠨᠢᠰᠦᠨ ᠭᠠᠷᠤᠯ᠎ᠠ᠃
ᠳᠡᠭᠦᠦ ᠨᠠᠷ ᠮᠢᠨᠢ ᠠ᠋᠄ ᠮᠠᠨ ᠤ᠋ ᠡᠵᠢ ᠰᠢᠪᠠᠭᠤ ᠪᠣᠯᠤᠭᠠᠳ ᠨᠢᠰᠴᠢᠬᠡᠯᠡ᠂ ᠡᠨᠡᠷᠢᠯ ᠬᠠᠢᠷ᠎ᠠ ᠶ᠋ᠢ ᠨᠢ ᠠᠩᠵᠠᠭᠠᠷᠠᠭ᠎ᠠ ᠦᠭᠡᠢ ᠠᠬ᠎ᠠ ᠳᠡᠭᠦᠦ ᠪᠢᠳᠡᠨ ᠳ᠋ᠦ᠍ ᠭᠣᠮᠣᠳᠠᠭᠰᠠᠨ ᠪᠠᠢᠨ᠎ᠠ ᠭᠡᠮᠡᠨ ᠲᠣᠮᠣ ᠠᠬ᠎ᠠ ᠨᠢ ᠬᠠᠰᠬᠢᠷᠤᠯ᠎ᠠ᠃ ᠬᠡᠦᠬᠡᠳ ᠦ᠋ᠳ ᠡᠬᠡ ᠶ᠋ᠢᠨ ᠢ᠋ᠶ᠋ᠡᠨ ᠬᠣᠢᠨ᠎ᠠ ᠠ᠋ᠴᠠ ᠤᠨᠠᠨ ᠲᠣᠰᠣᠨ ᠭᠦᠶᠦᠯᠳᠦᠵᠦ᠄ ᠡᠵᠢ ᠠ᠋ ᠪᠢᠳᠡ ᠲᠠᠨ ᠳ᠋ᠤ᠌ ᠤᠰᠤ ᠠᠪᠴᠢᠷᠠᠯ᠎ᠠ ᠠᠷᠭᠠᠭᠰᠠᠨ ᠬᠣᠭᠣᠯᠠᠢ ᠶ᠋ᠢ ᠲᠠᠨᠢ ᠴᠢᠭᠢᠭᠯᠡᠵᠦ ᠠᠶᠤᠯᠲᠤ ᠡᠪᠡᠳᠴᠢᠨ ᠢ᠋ ᠠᠨᠠᠭᠠᠬᠤ ᠬᠦᠢᠲᠡᠨ ᠤᠰᠤ ᠶ᠋ᠢ ᠭᠠᠭᠴᠠᠬᠠᠨ ᠲᠠᠨ ᠳ᠋ᠤ᠌ ᠪᠠᠨ ᠠᠪᠴᠢᠷᠠᠯ᠎ᠠ ᠭᠡᠮᠡᠨ ᠬᠠᠰᠬᠢᠷᠴᠠᠭᠠᠯᠠ᠃ ᠲᠡᠭᠡᠬᠦ ᠳ᠋ᠦ᠍ ᠡᠬᠡ ᠨᠢ ᠬᠠᠷᠢᠭᠤ ᠳ᠋ᠤ᠌ ᠨᠢ᠄ ᠬᠦ ᠬᠦ ᠣᠷᠣᠢᠲᠠᠵᠠᠢ᠂ ᠮᠢᠨᠦ ᠡᠮᠦᠨ᠎ᠡ ᠨᠠᠭᠤᠷ ᠤ᠋ᠨ ᠬᠥᠬᠡ ᠤᠰᠤ ᠮᠡᠯᠲᠡᠢᠵᠦ᠂ ᠨᠣᠭᠣᠭᠠᠬᠠᠨ ᠣᠢ ᠨᠢ ᠳᠤᠯᠠᠭᠠᠬᠠᠨ ᠮᠣᠳᠣᠳ ᠨᠠᠢᠭᠤᠨ ᠪᠠᠢᠨ᠎ᠠ᠂ ᠦᠷ᠎ᠡ ᠬᠡᠦᠬᠡᠳ ᠲᠡᠢ ᠪᠠᠢᠬᠤ ᠶ᠋ᠢᠨ ᠵᠢᠷᠭᠠᠯ ᠢ᠋ ᠠᠮᠰᠠᠵᠤ ᠦᠵᠡᠭᠡ ᠦᠭᠡᠢ ᠪᠢ ᠳᠠᠬᠢᠵᠤ ᠬᠡᠵᠢᠶ᠎ᠡ ᠴᠦ᠍ ᠬᠡᠦᠬᠡᠳ ᠥᠰᠬᠡᠬᠦ ᠦᠭᠡᠢ᠃ ᠭᠡᠵᠦ ᠬᠡᠯᠡᠭᠡᠳ ᠭᠦᠨ ᠬᠥᠬᠡ ᠲᠩᠷᠢ ᠳ᠋ᠦ᠍ ᠳᠡᠭᠦᠯᠢᠨ ᠨᠢᠰᠦᠯ᠎ᠡ᠃ ᠬᠡᠦᠬᠡᠳ ᠦ᠋ᠳ ᠨᠢ ᠰᠠᠪᠠ ᠲᠠᠢ ᠤᠰᠤ ᠪᠠᠨ ᠪᠠᠷᠢᠨ ᠬᠤᠷᠳᠤ ᠪᠠᠷ ᠢ᠋ᠶ᠋ᠠᠨ ᠭᠦᠶᠦᠭᠰᠡᠭᠡᠷ ᠪᠠᠢᠯ᠎ᠠ᠃ ᠪᠠᠭ᠎ᠠ ᠬᠦᠦ ᠨᠢ᠄ ᠡᠵᠢ ᠠ᠋ ᠲᠠ ᠭᠡᠷ ᠲᠦ᠍ ᠪᠡᠨ ᠪᠤᠴᠠᠭᠠᠳ ᠢᠷᠡᠭᠡᠴᠢ ᠳᠡ᠂ ᠠᠴᠢᠯᠠᠯ ᠬᠠᠢᠷ᠎ᠠ ᠶ᠋ᠢᠨ ᠲᠠᠨᠢ ᠬᠠᠷᠢᠭᠤ ᠳ᠋ᠤ᠌ ᠠᠮᠰᠠᠭᠰᠠᠨ ᠵᠣᠪᠠᠯᠠᠩ ᠢ᠋ ᠲᠠᠨᠢ ᠨᠢᠮᠭᠡᠯᠡᠶᠡ᠂ ᠤᠤᠭᠤᠬᠤ ᠤᠰᠤ ᠶ᠋ᠢ ᠲᠠᠨᠢ ᠳᠥᠬᠥᠭᠦᠯᠦᠨ᠂ ᠤᠷᠲᠤ ᠭᠡᠷ ᠢ᠋ᠶ᠋ᠡᠨ ᠴᠡᠪᠡᠷᠯᠡᠶᠡ᠂ ᠡᠵᠢ ᠠ᠋ ᠡᠷᠭᠢᠭᠡᠳ ᠢᠷᠡᠭᠡᠴᠢ ᠳᠡ ᠭᠡᠵᠦ ᠲᠠᠭᠤᠲᠠᠯ᠎ᠠ᠃ ᠡᠬᠡ ᠨᠢ ᠠᠯᠤᠰ ᠠ᠋ᠴᠠ᠄ ᠬᠦ ᠬᠦ ᠬᠦᠦ ᠮᠢᠨᠢ ᠣᠷᠣᠢᠲᠠᠵᠠᠢ᠂ ᠪᠢ ᠪᠤᠴᠠᠵᠤ ᠣᠴᠢᠵᠤ ᠴᠢᠳᠠᠬᠤ ᠦᠭᠡᠢ ᠰᠢᠦ ᠳᠡ ᠭᠡᠭᠰᠡᠭᠡᠷ ᠪᠠᠷ᠎ᠠ ᠰᠤᠷᠠᠭ ᠦᠭᠡᠢ ᠪᠣᠯᠤᠯ᠎ᠠ᠃ ᠬᠡᠦᠬᠡᠳ ᠦ᠋ᠳ ᠨᠢ ᠡᠬᠡ ᠶ᠋ᠢᠨ ᠢ᠋ᠶ᠋ᠡᠨ ᠬᠣᠢᠨ᠎ᠠ ᠠ᠋ᠴᠠ ᠬᠠᠳᠠ ᠴᠢᠯᠠᠭᠤ᠂ ᠤᠰᠤ ᠨᠠᠮᠤᠭ᠂ ᠳᠣᠪᠣ ᠰᠣᠨᠳᠤᠤᠯᠠ ᠶ᠋ᠢ ᠴᠤ᠌ ᠡᠰᠡ ᠠᠩᠵᠠᠭᠠᠷᠠᠨ ᠤᠨᠠᠨ ᠲᠣᠰᠣᠨ ᠣᠯᠠᠨ ᠬᠣᠨᠣᠭ ᠭᠦᠶᠦᠭᠰᠡᠨ ᠡᠴᠡ ᠪᠣᠯᠵᠤ ᠬᠥᠯ ᠨᠢ ᠵᠤᠯᠭᠠᠷᠠᠵᠠᠢ᠃ ᠢᠩᠭᠢᠭᠡᠳ ᠡᠵᠢ ᠨᠢ ᠬᠥᠬᠥᠭᠡ ᠰᠢᠪᠠᠭᠤ ᠪᠣᠯᠤᠨ ᠬᠡᠦᠬᠡᠳ ᠦ᠋ᠳ ᠢ᠋ᠶ᠋ᠡᠨ ᠣᠷᠬᠢᠭᠰᠠᠨ ᠶᠤᠮ ᠰᠠᠨᠵᠢ᠃ ᠡᠨᠡ ᠴᠠᠭ ᠠ᠋ᠴᠠ ᠬᠣᠢᠰᠢ ᠬᠥᠬᠥᠭᠡ ᠰᠢᠪᠠᠭᠤ ᠬᠡᠵᠢᠶ᠎ᠡ ᠴᠦ᠍ ᠬᠡᠦᠬᠡᠳ ᠦ᠋ᠨ ᠢ᠋ᠶ᠋ᠡᠨ ᠨᠢᠳᠦᠨ ᠳ᠋ᠦ᠍ ᠬᠠᠷᠠᠭᠳᠠᠳᠠᠭ ᠦᠭᠡᠢ ᠪᠥᠭᠡᠳ ᠥᠪᠡᠷᠲᠡᠭᠡᠨ ᠡᠭᠦᠷ ᠵᠠᠰᠠᠵᠤ᠂ ᠥᠨᠳᠡᠭᠡ ᠳᠠᠷᠤᠵᠤ ᠠᠩᠭᠠᠬᠠᠢ ᠪᠠᠨ ᠥᠰᠬᠡᠳᠡᠭ ᠦᠭᠡᠢ ᠪᠤᠰᠤᠳ ᠤ᠋ᠨ ᠡᠭᠦᠷ ᠲᠦ᠍ ᠥᠨᠳᠡᠭᠡ ᠪᠡᠨ ᠦᠯᠡᠳᠡᠭᠡᠳᠡᠭ ᠪᠣᠯᠤᠭᠰᠠᠨ ᠶᠤᠮ ᠭᠡᠨ᠎ᠡ ᠯᠡ᠃
ᠡᠷᠬᠢᠮ ᠬᠡᠦᠬᠡᠳ ᠪᠠᠭᠠᠴᠤᠳ ᠠ᠋᠂ ᠲᠠ ᠪᠦᠬᠦᠨ ᠳ᠋ᠦ᠍ ᠪᠡᠨ ᠮᠣᠩᠭᠣᠯ ᠲᠤᠭᠤᠷᠭᠠᠲᠠᠨ ᠷᠠᠳᠢᠣ᠋ ᠰᠢᠨᠵᠢᠯᠡᠭᠡ fm ᠵᠠᠭᠤᠨ ᠳᠣᠯᠣᠭ᠎ᠠ ᠠᠷᠪᠠᠨ ᠤ᠋ ᠲᠠᠪᠤ ᠠ᠋ᠴᠠ ᠬᠦᠷᠭᠡᠳᠡᠭ ᠦᠯᠢᠭᠡᠷ ᠦ᠋ᠨ ᠴᠠᠭ ᠮᠠᠨᠢ ᠡᠨᠡ ᠤᠳᠠᠭᠠᠨ ᠤ᠋ ᠳ᠋ᠤᠭᠠᠷ ᠲᠤ ᠪᠠᠨ 《ᠬᠥᠬᠥᠭᠡ》 ᠮᠣᠩᠭᠣᠯ ᠠᠷᠠᠳ ᠤ᠋ᠨ ᠦᠯᠢᠭᠡᠷ ᠢ᠋ ᠲᠠ ᠪᠦᠬᠦᠨ ᠳ᠋ᠦ᠍ ᠪᠡᠨ ᠵᠣᠷᠢᠭᠤᠯᠤᠨ ᠬᠦᠷᠭᠡᠯ᠎ᠡ᠃ ᠳᠠᠷᠠᠭ᠎ᠠ ᠳᠠᠷᠠᠭ᠎ᠠ ᠶ᠋ᠢᠨ ᠳ᠋ᠦ᠍ᠭᠡᠷ ᠢ᠋ᠶ᠋ᠡᠷ ᠡᠷᠭᠢᠨ ᠠᠭᠤᠯᠵᠠᠬᠤ ᠳ᠋ᠤ᠌ ᠪᠠᠨ ᠲᠦᠷ ᠪᠠᠶᠠᠷᠲᠠᠢ᠃
ᠮᠣᠩᠭᠣᠯ ᠲᠤᠭᠤᠷᠭᠠᠲᠠᠨ ᠤ᠋ ᠷᠠᠳᠢᠣ᠋ ᠰᠢᠨᠵᠢᠯᠡᠭᠡ fm ᠵᠠᠭᠤᠨ ᠳᠠᠯᠠᠨ ᠲᠠᠪᠤ ᠶ᠋ᠢᠨ ᠦᠯᠢᠭᠡᠷ ᠦ᠋ᠨ ᠴᠠᠭ
ᠦᠰᠦᠭ ᠠᠮᠢᠯᠠᠭᠤᠯᠵᠤ᠂ ᠬᠠᠲᠠᠭᠰᠠᠨ ᠨᠢ ᠄ ᠳ᠋ᠠᠰᠢᠨᠢᠮ᠎ᠠ
ᠦᠰᠦᠭ ᠬᠢᠨᠠᠭᠰᠠᠨ ᠨᠢ᠄ ᠭᠠᠷᠮ᠎ᠠ᠂ ᠮᠥᠴᠢᠷ
