ᠠᠯᠲᠠᠨ ᠬᠠᠭᠠᠨ ᠤ ᠠᠳᠤᠭᠤᠨ ᠪᠡᠯᠴᠢᠭᠡᠷ – ᠶᠣᠨᠳᠣᠨ ᠤ ᠪᠢᠯᠢᠭ᠌ - ᠪᠠᠭᠠᠲᠤᠷ Алтан хааны адуун билчээр - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠨ ᠬᠠᠭᠠᠨ ᠤ ᠠᠳᠤᠭᠤᠨ ᠪᠡᠯᠴᠢᠭᠡᠷ – ᠶᠣᠨᠳᠣᠨ ᠤ ᠪᠢᠯᠢᠭ᠌ - ᠪᠠᠭᠠᠲᠤᠷ Алтан хааны адуун билчээр - Ёндоны Билиг - Баатар

ᠠᠯᠲᠠᠨ ᠬᠠᠭᠠᠨ ᠤ ᠠᠳᠤᠭᠤᠨ ᠪᠡᠯᠴᠢᠭᠡᠷ – ᠶᠣᠨᠳᠣᠨ ᠤ ᠪᠢᠯᠢᠭ᠌ - ᠪᠠᠭᠠᠲᠤᠷ Алтан хааны адуун билчээр - Ёндоны Билиг - Баатар

2024-06-04

264

ᠠᠯᠲᠠᠨ ᠬᠠᠭᠠᠨ ᠤ ᠠᠳᠤᠭᠤᠨ ᠪᠡᠯᠴᠢᠭᠡᠷ

 
                ( ᠳᠠᠭᠤᠨ ᠤ ᠰᠢᠯᠦᠭ )

          1

 ᠠᠪᠳᠠᠷᠷᠠᠨᠲᠤ ᠶ᠋ᠢᠨ ᠬᠦᠷᠡᠩ ᠬᠥᠬᠡ ᠠᠭᠤᠯᠠᠰ ᠨᠢ  
 ᠠᠷᠬᠢᠷᠩᠬᠠᠨ ᠰᠤᠨᠢᠶᠠᠨᠬᠠᠭᠠᠳ ᠰᠦᠷᠲᠡᠢᠬᠡᠨ ᠪᠠᠢᠭ᠎ᠠ 
 ᠠᠷᠢᠭᠤᠨ ᠲᠤᠩᠭᠠᠯᠠᠭ ᠠᠳᠤᠭᠤᠨ ᠭᠣᠣᠯ ᠨᠢ 
 ᠠᠷᠲᠠᠢᠬᠠᠨ ᠮᠢᠷᠠᠯᠵᠠᠭᠠᠳ ᠲᠦᠯᠬᠢᠨ ᠪᠠᠢᠭ᠎ᠠ 
 ᠠᠯᠲᠠᠨ ᠬᠠᠭᠠᠨ ᠤ᠋ ᠮᠢᠨᠢ ᠤᠤᠭᠠᠨ ᠨᠡᠢᠰᠯᠡᠯ ᠨᠢ 
 ᠠᠯᠤᠰ ᠠ᠋ᠴᠠ ᠴᠡᠩᠬᠡᠷᠯᠡᠭᠡᠳ ᠬᠥᠭᠵᠢᠯᠲᠡᠢᠬᠡᠨ ᠪᠠᠢᠭ᠎ᠠ 
 ᠠᠷᠭᠤᠮᠠᠭ ᠣᠩᠭᠣᠨ ᠠᠳᠤᠭᠤᠨ ᠰᠦᠷᠦᠭ ᠦ᠋ᠨ ᠬᠢᠨᠢ 
 ᠠᠭᠤᠳᠠᠮ ᠪᠡᠯᠴᠢᠭᠡᠷ ᠠᠯᠠᠭᠯᠠᠭᠠᠳ ᠠᠮᠤᠭᠤᠯᠤᠩᠬᠠᠨ ᠪᠠᠢᠭ᠎ᠠ  
       ( ᠳᠠᠬᠢᠯᠲᠠ)
    ᠢᠵᠠᠭᠤᠷᠲᠠᠨ ᠤ᠋ ᠡᠷᠲᠡᠨ ᠦ᠌ ᠬᠡᠭᠡᠷ᠎ᠡ ᠲᠠᠯ᠎ᠠ 
    ᠠᠢ ᠳᠠ ᠶᠠᠭᠤᠲᠠᠢ ᠰᠠᠢᠬᠠᠨ 
    ᠶᠢᠷᠲᠢᠨᠴᠦ ᠶ᠋ᠢᠨ ᠮᠢᠩᠭ᠎ᠠ ᠮᠢᠩᠭᠠᠨ ᠠᠶᠠᠯᠠᠭᠤ  
    ᠶᠡᠷᠦ ᠡᠴᠡ ᠪᠠᠨ ᠯᠠ ᠮᠣᠩᠭᠣᠯ ᠰᠣᠨᠣᠰᠬᠤᠯᠠᠩ ᠲᠠᠢ ᠶᠤᠮ ᠠ᠋ ᠬᠦ 

          2  

 ᠭᠠᠯᠠᠭᠤᠳ ᠤ᠋ᠨ ᠭᠠᠩᠭᠠᠩ ᠮᠥᠩᠭᠥᠨ ᠴᠤᠪᠤᠭ᠎ᠠ ᠨᠢ 
 ᠭᠠᠵᠠᠷ ᠤ᠋ᠨ ᠬᠣᠯᠠ ᠠ᠋ᠴᠠ ᠨᠠᠮᠢᠯᠵᠠᠭᠠᠳ ᠴᠤᠤᠷᠢᠶ᠎ᠠ ᠲᠠᠢ ᠪᠠᠢᠭ᠎ᠠ 
 ᠭᠠᠷᠠᠬᠠᠨ ᠰᠠᠴᠤᠷᠠᠩᠭᠤᠢ ᠥᠨᠳᠥᠷ ᠨᠠᠷᠠᠨ ᠨᠢ 
 ᠭᠠᠯᠬᠠᠨ ᠠᠮᠢᠰᠬᠤᠭ᠎ᠠ ᠪᠠᠷ ᠰᠣᠯᠣᠩᠭᠠᠷᠠᠭᠠᠳ ᠪᠠᠶᠠᠰᠬᠤᠯᠠᠩ ᠲᠠᠢ ᠪᠠᠢᠭ᠎ᠠ 
 ᠲᠡᠭᠷᠢ ᠶ᠋ᠢᠨ ᠬᠠᠶᠠᠭᠠᠨ ᠤ᠋ ᠭᠠᠳᠢᠷᠰᠤᠨ ᠬᠣᠲᠠ ᠨᠢ  
 ᠲᠡᠮᠡᠭᠡᠨ ᠵᠡᠷᠭᠡᠯᠭᠡᠨ ᠳ᠋ᠦ᠍ ᠲᠤᠤᠯᠢᠰᠯᠠᠭᠠᠳ ᠳᠠᠭᠤᠷᠢᠰᠬᠤᠯᠠᠩ ᠲᠠᠢ ᠪᠠᠢᠭ᠎ᠠ 
 ᠲᠦᠮᠡᠳ ᠶᠥᠩᠰᠢᠶᠠᠩᠪᠤᠤ ᠠᠭᠤᠤ ᠣᠪᠣᠭᠲᠠᠨ ᠨᠢ 
 ᠲᠠᠩᠰᠤᠭ ᠨᠤᠲᠤᠭ ᠢ᠋ᠶ᠋ᠠᠨ ᠥᠮᠥᠭᠡᠷᠡᠭᠡᠳ ᠣᠮᠣᠭᠯᠠᠩ ᠪᠠᠢᠭ᠎ᠠ
       ( ᠳᠠᠬᠢᠯᠲᠠ)  
    ᠬᠥᠨᠳᠡᠯᠡᠨ ᠭᠤᠯᠳᠤ ᠳᠠᠪᠬᠢᠯᠳᠤᠭᠰᠠᠨ ᠬᠦᠯᠦᠭ ᠮᠣᠷᠢᠳ  
    ᠠᠢ ᠳᠠ ᠬᠥᠭᠡᠷᠦᠬᠦᠢ ᠶᠠᠭᠤᠲᠠᠢ ᠵᠢᠪᠬᠤᠯᠠᠩ  
    ᠳᠠᠢᠴᠢᠳ ᠤ᠋ᠨ ᠮᠢᠬᠠᠷ ᠰᠡᠯᠡᠮ᠎ᠡ ᠤᠭ ᠠ᠋ᠴᠠ ᠪᠠᠨ ᠯᠠ 
    ᠳᠠᠶᠠᠩ ᠳᠡᠯᠡᠬᠡᠢ ᠶ᠋ᠢᠨ ᠡᠩᠬᠡ ᠤᠷᠢᠶ᠎ᠠ ᠲᠠᠢ ᠶᠤᠮ ᠠ᠋ ᠬᠦ  

        3

 ᠪᠢᠯᠢᠭ ᠪᠠᠭᠠᠲᠤᠷ ᠤ᠋ᠨ ᠷᠣᠮᠠᠨ ᠵᠥᠪ ᠷᠢᠳᠢ ᠨᠢ 
 ᠪᠢᠴᠢᠭ ᠦᠰᠦᠭ ᠢ᠋ᠶ᠋ᠡᠨ ᠣᠨᠢᠰᠤᠭᠯᠠᠭᠠᠳ ᠰᠡᠷᠭᠦᠯᠡᠩ ᠪᠠᠢᠭ᠎ᠠ 
 ᠤᠰᠤᠨ ᠪᠥᠮᠪᠥᠷᠴᠡᠭ ᠦ᠋ᠨ ᠬᠥᠮᠦᠨ ᠠᠷᠠᠳ ᠨᠢ 
 ᠦᠢᠯᠡ ᠬᠡᠷᠡᠭ ᠢ᠋ᠶ᠋ᠡᠨ ᠭᠢᠯᠠᠯᠵᠠᠭᠤᠯᠤᠭᠠᠳ ᠡᠯᠢᠭᠡ ᠪᠦᠲᠦᠨ ᠪᠠᠢᠭ᠎ᠠ 
 ᠬᠠᠯᠠᠭᠤᠨ ᠵᠤᠨ ᠤ᠋ ᠪᠠᠨ ᠵᠢᠷᠭᠤᠭᠠᠨ ᠰᠠᠷ᠎ᠠ ᠳ᠋ᠤ᠌ ᠨᠢ 
 ᠬᠠᠯᠢᠭᠤᠨ ᠬᠥᠬᠥᠭᠡ ᠳᠣᠩᠭᠣᠳᠤᠭᠠᠳ ᠬᠠᠮᠤᠭ ᠵᠢᠷᠭᠠᠯ ᠲᠠᠢ ᠪᠠᠢᠭ᠎ᠠ 
 ᠬᠠᠮᠢᠭᠠᠭᠤᠷ ᠵᠣᠷᠴᠢᠭ᠌ᠰᠠᠨ ᠴᠦ᠍ ᠲᠣᠭᠲᠠᠭᠤᠨ ᠬᠥᠳᠡᠭᠡ ᠮᠢᠨᠢ 
 ᠮᠡᠯᠮᠡᠢ ᠪᠠᠶᠠᠰᠬᠠᠭᠠᠳ ᠱᠠᠭᠠᠵᠠᠭᠠᠢ ᠢᠷᠦᠭᠡᠯ ᠲᠡᠢ ᠪᠠᠢᠭ᠎ᠠ 
       ( ᠳᠠᠬᠢᠯᠲᠠ)  
    ᠠᠯᠲᠠᠨ ᠬᠠᠭᠠᠨ ᠤ᠋ ᠠᠳᠤᠭᠤᠨ ᠤ᠋ ᠪᠡᠯᠴᠢᠭᠡᠷ 
    ᠠᠢ ᠳᠠ ᠬᠥᠭᠡᠷᠦᠬᠦᠢ ᠶᠠᠭᠤᠲᠠᠢ ᠨᠠᠮᠤᠭᠤᠬᠠᠨ 
    ᠠᠯᠳᠠᠷᠲᠤ ᠵᠢᠩᠭᠠᠷ ᠤ᠋ᠨ ᠠᠷᠤ ᠪᠤᠮᠪᠠ ᠶ᠋ᠢᠨ ᠣᠷᠣᠨ 
    ᠠᠯᠢᠨ ᠭᠠᠯᠪᠠ ᠠ᠋ᠴᠠ ᠪᠠᠨ ᠯᠠ ᠢᠷᠠᠭᠤ ᠡᠭᠡᠰᠢᠭᠯᠡᠩ ᠲᠡᠢ ᠶᠦᠮ ᠠ᠋ ᠬᠦ  

                   2024᠂ 6᠂ 4᠂  04᠄ 49   ᠦᠦᠷ ᠢ᠋ᠶ᠋ᠡᠷ ᠃ 
                  
                   ᠪᠢᠴᠢᠭ ᠦ᠋ᠨ ᠥᠷᠥᠭᠡᠨ ᠳ᠋ᠡᠭᠡᠨ ᠪᠡᠶᠡᠰᠦᠨ ᠪᠠᠢᠵᠤ 
                   ᠣᠩᠭᠣᠳ ᠢ᠋ᠶ᠋ᠠᠨ ᠠᠷᠭᠠᠳᠠᠩᠬᠠᠨ ᠪᠠᠢᠵᠤ 
                   ᠬᠥᠬᠡᠬᠣᠲᠠᠨ᠎ᠠ ᠬᠢᠴᠢᠶᠡᠩᠭᠦᠢᠯᠡᠩᠭᠡᠨ ᠪᠠᠢᠵᠤ ᠪᠦᠲᠦᠭᠡᠪᠡᠢ᠃