ᠦᠨᠳᠦᠰᠦᠲᠡᠨ ᠦ᠌ ᠰᠦᠨᠡᠰᠦ ᠶ᠋ᠢ ᠦᠭᠡ ᠬᠡᠯᠡ ᠭᠡᠳᠡᠭ ᠶᠤᠮҮндэстэний сүнсийг үг хэл гэдэг юм
ᠦᠨᠳᠦᠰᠦᠲᠡᠨ ᠦ᠌ ᠰᠦᠨᠡᠰᠦ ᠶ᠋ᠢ ᠦᠭᠡ ᠬᠡᠯᠡ ᠭᠡᠳᠡᠭ ᠶᠤᠮ
ᠦᠨᠳᠦᠰᠦᠲᠡᠨ ᠢ᠋ᠶ᠋ᠡᠨ ᠦᠬᠦᠭᠦᠯᠬᠦ ᠦᠭᠡᠢ᠂ ᠡᠭᠦᠷᠢᠳᠡ ᠶ᠋ᠢᠨ ᠪᠣᠯᠭᠠᠠᠠᠣ ᠶ᠋ᠢᠨ ᠲᠥᠯᠥᠭᠡ ᠦᠭᠡ ᠬᠡᠯᠡ ᠪᠡᠨ ᠦᠬᠦᠨ ᠵᠠᠭᠤᠷᠠᠭᠠᠳ ᠠᠮᠢ ᠲᠠᠢ ᠪᠠᠨ ᠬᠣᠯᠪᠣᠭᠠᠳ ᠪᠠᠢ᠂ ᠵᠠᠯᠠᠭᠤᠴᠤᠳ ᠮᠢᠨᠢ!
ᠦᠨᠳᠦᠰᠦᠲᠡᠨ ᠦ᠌ ᠦᠬᠦᠭᠰᠡᠨ ᠠᠮᠢᠳᠤ ᠶ᠋ᠢ ᠰᠢᠨᠵᠢᠬᠦ ᠳ᠋ᠦ᠍ ᠦᠭᠡ ᠬᠡᠯᠡᠨ ᠦ᠌ ᠬᠢᠨᠢ ᠠᠮᠢᠰᠬᠤᠯ ᠢ᠋ ᠴᠢᠩᠨᠠᠳᠠᠭ ᠨᠢ ᠦᠭᠡ ᠬᠡᠯᠡ ᠪᠣᠯ ᠦᠨᠳᠦᠰᠦᠲᠡᠨ ᠦ᠌ ᠰᠦᠨᠡᠰᠦ᠂ ᠰᠤᠳᠠᠯ ᠤ᠋ᠨ ᠴᠣᠬᠢᠯᠭ᠎ᠠ ᠪᠠᠢᠳᠠᠭ ᠤ᠋ᠨ ᠰᠢᠯᠲᠠᠭᠠᠨ᠃ ᠮᠣᠩᠭᠣᠯ ᠦᠨᠳᠦᠰᠦᠲᠡᠨ ᠪᠣᠯ ᠴᠢᠩᠭᠢᠰ ᠦ᠋ᠨ ᠬᠣᠷᠢᠶᠠᠨ ᠲᠣᠭᠲᠠᠭᠠᠭᠰᠠᠨ ᠭᠠᠵᠠᠷ ᠨᠤᠲᠤᠭ᠂ ᠠᠵᠤ ᠠᠬᠤᠢ ᠶ᠋ᠢᠨ ᠰᠠᠭᠤᠷᠢᠨ ᠳᠡᠭᠡᠷ᠎ᠡ ᠬᠤᠪᠢ ᠵᠠᠶᠠᠭ᠎ᠠ ᠪᠠᠷ ᠢ᠋ᠶ᠋ᠠᠨ ᠬᠤᠷᠠᠨ ᠴᠤᠭᠯᠠᠵᠤ᠂ ᠦᠭᠡ ᠬᠡᠯᠡ ᠪᠡᠷ ᠢ᠋ᠶ᠋ᠡᠨ ᠦᠨᠦᠷ ᠢ᠋ᠶ᠋ᠡᠨ ᠣᠯᠣᠯᠴᠠᠠᠠᠣ ᠰᠡᠳᠬᠢᠯ ᠦ᠋ᠨ ᠠᠯᠲᠠᠨ ᠬᠣᠯᠪᠣᠭ᠎ᠠ ᠪᠠᠢᠭᠤᠯᠤᠨ ᠪᠠᠷᠢᠯᠳᠤᠵᠤ ᠪᠦᠷᠢᠯᠳᠦᠭᠰᠡᠨ ᠬᠥᠮᠦᠨ ᠦ᠌ ᠶᠢᠷᠲᠢᠨᠴᠦ ᠶ᠋ᠢᠨ ᠭᠠᠢᠬᠠᠮᠰᠢᠭᠲᠤ ᠦᠵᠡᠰᠬᠦᠯᠡᠩ ᠠᠮᠢᠳᠤ ᠴᠣᠭᠴᠠ ᠪᠢᠯᠡ᠃
ᠦᠨᠳᠦᠰᠦ ᠨᠢᠭᠡᠲᠡᠢ ᠬᠥᠮᠦᠰ ᠦ᠋ᠨ ᠰᠡᠳᠬᠢᠯ ᠦ᠋ᠨ ᠬᠣᠭᠣᠷᠣᠨᠳᠣᠬᠢ ᠦᠭᠡ ᠬᠡᠯᠡᠨ ᠦ᠌ ᠬᠥᠭᠥᠷᠭᠡ ᠲᠠᠰᠤᠷᠠᠪᠠᠯ ᠦᠨᠳᠦᠰᠦᠲᠡᠨ ᠦᠬᠦᠨ᠎ᠡ᠃ ᠲᠡᠭᠡᠬᠦᠯᠡᠷ ᠪᠢᠳᠡ ᠡᠢᠮᠦ ᠠᠶᠤᠯ ᠪᠠᠢᠬᠤ ᠶ᠋ᠢ ᠵᠢᠱ᠌ᠢᠵᠦ ᠪᠠᠢᠭᠠᠳ ᠬᠡᠯᠡ ᠪᠡᠨ ᠡᠷᠬᠢᠮᠯᠡᠬᠦ ᠦᠭᠡᠢ᠂ ᠤᠬᠠᠮᠰᠠᠷ ᠮᠣᠩᠠᠠᠠᠷᠠᠭᠠᠣᠨ ᠦᠨᠳᠦᠰᠦᠲᠡᠨ ᠦ᠌ ᠪᠡᠨ ᠶᠠᠰᠤ ᠶ᠋ᠢ ᠪᠠᠷᠢᠴᠢᠬᠠᠵᠤ ᠪᠣᠯᠤᠨ᠎ᠠ? ᠲᠩᠷᠢ ᠨᠢᠷᠭᠡᠭᠰᠡᠨ ᠴᠦ᠍ ᠲᠡᠷᠡ ᠨᠢᠭᠦᠯ ᠢ᠋ ᠦᠢᠯᠡᠳᠴᠦ ᠪᠣᠯᠠᠠᠣ ᠦᠭᠡᠢ ᠪᠢᠵᠡ!
ᠲᠥᠪ ᠢᠵᠠᠭᠤᠷ ᠠ᠋ᠴᠠ ᠨᠢ ᠬᠡᠯᠡᠪᠡᠯ ᠦᠨᠳᠦᠰᠦᠲᠡᠨ ᠦ᠌ ᠠᠮᠢ ᠭᠣᠣᠯ ᠨᠢ ᠦᠭᠡ ᠬᠡᠯᠡ ᠳ᠋ᠦ᠍ ᠪᠡᠨ ᠪᠣᠢ᠂ ᠬᠥᠮᠦᠨ ᠬᠥᠮᠦᠨ ᠦ᠌ ᠬᠣᠭᠣᠷᠣᠨᠳᠣ ᠦᠭᠡ ᠬᠡᠯᠡᠨ ᠦ᠌ ᠬᠥᠭᠥᠷᠭᠡ ᠦᠭᠡᠢ ᠪᠣᠯ ᠬᠣᠯᠪᠣᠭ᠎ᠠ ᠲᠠᠰᠤᠷᠠᠨ᠎ᠠ᠃
ᠦᠭᠡ ᠬᠡᠯᠡ ᠦᠰᠦᠭ ᠪᠢᠴᠢᠭ ᠭᠡᠳᠡᠭ ᠡᠳᠦᠷᠵᠢᠨ ᠬᠡᠷᠡᠭᠯᠡᠬᠦ ᠪᠡᠷ ᠪᠠᠷᠠᠠᠠᠣ ᠦᠭᠡᠢ ᠰᠥᠨᠢ᠂ ᠵᠡᠭᠦᠳᠦ ᠪᠡᠷ ᠢ᠋ᠶ᠋ᠡᠨ ᠪᠠᠰᠠ ᠬᠡᠷᠡᠭᠡᠯᠳᠡᠭ᠂ ᠬᠡᠷᠡᠭᠯᠡᠬᠦ ᠳᠣᠳᠣᠮ ᠢ᠋ᠶ᠋ᠠᠨ ᠥᠩᠭᠡ ᠣᠷᠣᠵᠤ ᠦᠰᠦᠨ ᠪᠠᠶᠠᠯᠢᠭᠵᠢᠳᠠᠭ᠂ ᠦᠶ᠎ᠡ ᠶ᠋ᠢᠨ ᠦᠶ᠎ᠡ ᠤᠯᠠᠮᠵᠢᠯᠠᠳᠠᠭ ᠣᠶᠤᠨ ᠤ᠋ ᠥᠪ ᠬᠥᠷᠥᠩᠭᠡ᠂ ᠡᠯᠢᠭᠡ ᠨᠢᠭᠡᠲᠡᠨ ᠦ᠌ ᠬᠠᠢᠷ᠎ᠠ ᠶ᠋ᠢᠨ ᠳᠣᠬᠢᠶ᠎ᠠ ᠲᠡᠮᠳᠡᠭ ᠶᠦᠮ ᠠ᠋᠃ ᠲᠡᠷᠡ ᠥᠭᠡᠷ᠎ᠡ ᠶᠠᠭᠤᠨ ᠠ᠋ᠴᠠ ᠴᠤ᠌ ᠠᠶᠣᠠᠠᠣ ᠦᠭᠡᠢ᠂ ᠵᠥᠪᠬᠡᠨ ᠡᠷᠬᠢᠮᠨ᠋ᠠᠵᠣ ᠬᠡᠷᠡᠭᠯᠡᠬᠦ ᠦᠭᠡᠢ ᠡᠴᠡ ᠯᠡ ᠠᠶᠤᠨ᠎ᠠ᠃ ᠮᠣᠠᠠᠣᠵᠣ ᠲᠤᠢᠯᠳᠠᠭᠰᠠᠨ ᠦᠶ᠎ᠡ ᠳ᠋ᠦ᠍ ᠪᠣᠯ ᠮᠣᠩᠭᠣᠯ ᠢ᠋ᠶ᠋ᠠᠷ ᠢ᠋ᠶ᠋ᠠᠨ ᠬᠡᠷᠡᠭᠦᠯ ᠬᠢᠬᠦ ᠨᠢ ᠴᠦ᠍ ᠰᠠᠢᠬᠠᠨ ᠰᠣᠨᠣᠰᠳᠠᠨ᠎ᠠ᠃
ᠦᠨᠳᠦᠰᠦᠲᠡᠨ ᠦ᠌ ᠦᠭᠡ ᠬᠡᠯᠡ ᠭᠡᠳᠡᠭ ᠪᠣᠯ ᠰᠡᠳᠬᠢᠯ ᠮᠡᠳᠡᠷᠡᠬᠦᠢ ᠶ᠋ᠢᠨ ᠴᠠᠬᠢᠯᠣᠯ ᠪᠠᠢᠳᠠᠭ᠃ ᠡᠬᠡ ᠬᠡᠯᠡ ᠪᠡᠨ ᠠᠯᠳᠠᠭᠰᠠᠨ ᠵᠣᠯ ᠪᠤᠰᠤ ᠦᠨᠳᠦᠰᠦᠲᠡᠨ ᠨᠣᠬᠥᠣᠨ ᠢ ᠭᠠᠰᠢᠭᠤᠳᠠᠵᠤ ᠥᠴᠢᠪᠡᠯ ᠬᠡᠯᠡᠭᠡᠢᠷᠡᠭᠡᠳ᠂ ᠶᠠᠷᠢᠶ᠎ᠠ ᠭᠡᠰᠡᠨ ᠶᠠᠰᠤᠨ ᠤ᠋ ᠦᠭᠡ ᠪᠡᠨ ᠶᠠᠷᠢᠵᠤ ᠴᠢᠳᠠᠬᠤ ᠦᠭᠡᠢ ᠰᠢᠨᠠᠯᠳᠠᠭ ᠬᠥᠭᠡᠷᠦᠬᠦᠢ ᠵᠡᠮᠳᠡᠭ ᠬᠥᠮᠦᠨ ᠦ᠌ ᠨᠢᠭᠡᠨ ᠪᠥᠭᠡᠮᠨᠡᠷᠡᠯ ᠭᠡᠰᠡᠨ ᠦᠭᠡ᠃
ᠮᠠᠨ ᠢ᠋ ᠵᠢᠩᠬᠢᠨᠢ ᠮᠣᠩᠭᠣᠯ ᠪᠣᠯᠭᠠᠭᠰᠠᠨ ᠨᠢ ᠮᠣᠷᠢ᠂ ᠮᠣᠩᠭᠣᠯ ᠳᠡᠪᠡᠯ᠂ ᠰᠦ ᠲᠡᠢ ᠴᠠᠢ ᠪᠢᠰᠢ᠂ ᠬᠠᠷᠢᠨ ᠮᠣᠩᠭᠣᠯ ᠦᠭᠡ ᠶᠤᠮ᠃ ᠮᠣᠩᠭᠣᠯ ᠦᠭᠡ ᠪᠡᠨ ᠶᠠᠷᠢᠵᠤ᠂ ᠮᠣᠩᠭᠣᠯ ᠦᠰᠦᠭ ᠢ᠋ᠶ᠋ᠡᠨ ᠪᠢᠴᠢᠵᠦ᠂ ᠵᠢᠩᠬᠢᠨᠢ ᠮᠣᠩᠭᠣᠯ ᠤ᠋ᠨ ᠨᠡᠷ᠎ᠡ ᠨᠢᠳᠡᠷ ᠲᠡᠢ ᠣᠮᠣᠭᠯᠠᠩ ᠠᠮᠢᠳᠤᠷᠠᠭᠠᠷᠠᠢ ᠵᠠᠯᠠᠭᠤᠴᠤᠳ ᠮᠢᠨᠢ!
ᠯᠢᠭᠳᠡᠨ᠂ ᠨᠣᠮᠲᠤ ᠬᠠᠨ᠎ᠠ ᠶ᠋ᠢᠨ ᠡᠩᠭᠡᠷ᠂ 2011 ~4~ 28
<<ᠥᠪᠥᠷ ᠮᠣᠩᠭᠣᠯ ᠤ᠋ᠨ ᠵᠠᠯᠠᠭᠤᠴᠤᠳ ᠰᠡᠳᠬᠦᠯ>>(2011 ~6)
ᠦᠰᠦᠭ ᠠᠮᠢᠯᠠᠭᠤᠯᠤᠭᠴᠢ᠄ ᠭᠠᠸᠠ
ᠬᠢᠨᠠᠭᠴᠢ ᠄ ᠮᠥᠴᠢᠷ
