ᠡᠪᠡᠳᠴᠢᠨ- ᠳ· ᠨᠠᠴᠤᠭᠳᠣᠷᠵᠢӨвчин-Д.Нацагдорж
ᠳ· ᠨᠠᠴᠤᠭᠳᠣᠷᠵᠢ
ᠡᠨᠡ ᠳᠡᠯᠡᠬᠡᠢ ᠶ᠋ᠢᠨ ᠰᠠᠢᠬᠠᠨ ᠶᠠᠭᠤᠲᠠᠢ ᠲᠠᠭᠠᠯᠠᠮᠵᠢᠲᠠᠢ
ᠡᠷᠳᠡᠨᠢᠲᠦ ᠬᠥᠮᠦᠨ ᠦ᠌ ᠪᠡᠶ᠎ᠡ ᠶᠠᠭᠠᠬᠢᠭᠰᠠᠨ ᠭᠠᠢᠬᠠᠮᠰᠢᠭᠲᠠᠢ
ᠡᠷᠡᠭᠦᠯ ᠡᠰᠡᠨ ᠶᠠᠪᠤᠪᠠᠯ ᠡᠨᠡ ᠨᠠᠰᠤᠨ ᠤ᠋ ᠵᠢᠷᠭᠠᠯ ᠠ᠋
ᠡᠪᠡᠳᠴᠢᠨ ᠭᠠᠮᠰᠢᠭ ᠭᠡᠭᠴᠢ ᠬᠥᠮᠦᠨ ᠲᠥᠷᠥᠯᠬᠢᠲᠡᠨ ᠦ᠌ ᠳᠠᠢᠰᠤᠨ᠃
ᠲᠦᠭᠡᠮᠡᠯ ᠨᠠᠷᠠᠨ ᠤ᠋ ᠳᠣᠣᠷ᠎ᠠ ᠴᠡᠩᠭᠡᠨ ᠣᠷᠣᠰᠢᠬᠤ ᠪᠠᠢᠲᠠᠯ᠎ᠠ
ᠲᠦᠮᠡᠨ ᠣᠯᠠᠨ ᠢ᠋ ᠵᠣᠪᠠᠭᠠᠵᠤ᠂ ᠠᠵᠤ ᠠᠬᠤᠢ ᠶ᠋ᠢ ᠠᠯᠳᠠᠭᠳᠠᠭᠤᠯᠤᠭᠴᠢ ᠨᠢ
ᠨᠢᠳᠦᠨ ᠳ᠋ᠦ᠍ ᠦᠯᠦ ᠦᠵᠡᠭᠳᠡᠨ ᠴᠢᠬᠢᠨ ᠳ᠋ᠦ᠍ ᠦᠯᠦ ᠰᠣᠨᠣᠰᠳᠠᠭᠴᠢ᠂
ᠶᠢᠷᠲᠢᠨᠴᠦ ᠳ᠋ᠠᠬᠢᠨ ᠢ᠋ ᠡᠨᠡᠯᠭᠡᠭᠰᠡᠨ ᠡᠪᠡᠳᠴᠢᠨ ᠭᠡᠭᠴᠢ ᠶ᠋ᠢ ᠲᠠᠨᠢᠯ ᠲᠠᠢ᠃
ᠥᠲᠡᠭᠦᠰ ᠨᠢᠯᠬᠠᠰ ᠢ᠋ ᠰᠠᠯᠭᠠᠵᠤ ᠡᠴᠢᠭᠡ ᠡᠬᠡ ᠶ᠋ᠢ ᠭᠠᠰᠠᠯᠭᠠᠨᠠ᠃
ᠥᠨᠥᠴᠢᠨ ᠪᠡᠯᠪᠡᠰᠦᠨ ᠪᠣᠯᠭᠠᠵᠤ ᠦᠷ᠎ᠡ ᠠᠴᠢ ᠶ᠋ᠢ ᠡᠨᠡᠯᠭᠡᠨᠡ᠃
ᠡᠳ᠋ ᠬᠥᠷᠥᠩᠭᠡ ᠰᠦᠢᠳᠬᠡᠭᠦᠯᠵᠦ ᠦᠭᠡᠭᠦᠦ ᠬᠣᠭᠣᠰᠣᠨ ᠳ᠋ᠤ᠌ ᠬᠦᠷᠭᠡᠨ᠎ᠡ᠃
ᠤᠬᠠᠭᠠᠨ ᠰᠠᠨᠠᠭ᠎ᠠ ᠶ᠋ᠢ ᠮᠥᠬᠥᠭᠦᠯᠵᠦ ᠡᠷᠭᠢᠭᠦᠦ ᠮᠤᠩᠬᠠᠭ ᠪᠣᠯᠭᠠᠨ᠎ᠠ᠃
ᠡᠷᠲᠡᠨ ᠦ᠌ ᠬᠥᠮᠦᠨ ᠪᠦᠳᠦᠭᠦᠯᠢᠭ᠂ ᠡᠪᠡᠳᠴᠢᠨ ᠭᠡᠭᠴᠢ ᠴᠢᠳᠠᠯ ᠲᠠᠢ᠂
ᠡᠷᠭᠢᠴᠡᠭᠦᠯᠦᠨ ᠭᠠᠢᠬᠠᠵᠤ ᠶᠠᠳᠠᠬᠤ ᠳ᠋ᠠᠭᠠᠨ ᠮᠤᠬᠤᠷ ᠰᠦᠰᠦᠭ ᠢ᠋ᠶ᠋ᠡᠷ ᠳᠦᠭᠦᠷᠦᠭᠰᠡᠨ
ᠴᠢᠳᠬᠥᠷ ᠰᠢᠮᠨᠤ ᠭᠡᠵᠦ ᠲᠦᠢᠳᠬᠡᠷ ᠭᠠᠢ ᠶ᠋ᠢ ᠨᠠᠮᠠᠨᠴᠢᠯᠠᠭᠰᠠᠨ
ᠲᠡᠭᠦᠨ ᠦ᠌ ᠲᠤᠰᠠ ᠶ᠋ᠢ ᠣᠯᠣᠯ ᠦᠭᠡᠢ ᠡᠪᠡᠳᠴᠦ ᠦᠬᠦᠭᠰᠡᠭᠡᠷ ᠢᠷᠡᠭᠰᠡᠨ᠃
ᠱᠠᠵᠢᠨ ᠰᠢᠲᠦᠯᠭᠡ ᠶ᠋ᠢᠨ ᠡᠭᠦᠳᠡᠨ ᠡᠴᠡ ᠲᠠᠰᠢᠶᠠᠷᠠᠨ ᠦᠬᠦᠳᠡᠭ ᠮᠤᠩᠬᠠᠭ
ᠰᠦᠰᠦᠭ ᠪᠢᠰᠢᠷᠡᠯ ᠦ᠋ᠨ ᠬᠣᠭᠣᠰᠣᠨ ᠢ᠋ᠶ᠋ᠠᠷ ᠲᠡᠭᠦᠨ ᠢ᠋ ᠬᠡᠷᠬᠢᠨ ᠲᠡᠮᠡᠴᠡᠨ᠎ᠡ᠃
ᠰᠢᠨ᠎ᠡ ᠶᠣᠰᠣᠨ ᠤ᠋ ᠡᠷᠳᠡᠮ ᠢ᠋ᠶ᠋ᠡᠷ ᠲᠡᠭᠦᠨ ᠢ᠋ ᠲᠠᠨᠢᠭᠠᠳ ᠠᠪᠤᠭᠰᠠᠨ᠂
ᠰᠢᠯᠭᠠᠳᠠᠭ ᠤᠬᠠᠭᠠᠨ ᠤ᠋ ᠠᠷᠭ᠎ᠠ ᠪᠠᠷ ᠲᠡᠭᠦᠨ ᠢ᠋ ᠠᠷᠢᠯᠭᠠᠵᠤ ᠰᠤᠷᠤᠭᠰᠠᠨ᠃
ᠮᠢᠩᠭᠠᠨ ᠬᠤᠪᠢ ᠲᠣᠮᠣᠷᠠᠭᠤᠯᠵᠤ ᠥᠴᠦᠬᠡᠨ ᠨᠢᠶᠠᠨ ᠢ᠋ ᠦᠵᠡᠨ᠎ᠡ᠃
ᠨᠢᠭᠡ ᠪᠢᠴᠢᠬᠠᠨ ᠬᠣᠷᠣᠬᠠᠢ ᠲᠦᠮᠡᠨ ᠠᠮᠢᠲᠠᠨ ᠢ᠋ ᠦᠬᠦᠭᠦᠯᠦᠨ᠎ᠡ᠃
ᠲᠡᠭᠦᠨ ᠦ᠌ ᠬᠣᠣᠷ ᠲᠠᠢ ᠶ᠋ᠢ ᠪᠣᠳᠣᠪᠠᠯ ᠵᠠᠨᠤᠵᠤ ᠥᠰᠢᠪᠡᠴᠦ ᠪᠠᠷᠠᠰᠢ ᠦᠭᠡᠢ᠃
ᠵᠥᠪᠬᠡᠨ ᠲᠡᠮᠡᠴᠡᠬᠦ ᠠᠷᠭ᠎ᠠ ᠨᠢ ᠰᠢᠨ᠎ᠡ ᠶᠣᠰᠣᠨ ᠤ᠋ ᠡᠮᠨᠡᠯᠭᠡ ᠶᠦᠮ᠃
1935 ᠣᠨ
ᠦᠰᠦᠭ ᠠᠮᠢᠯᠠᠭᠤᠯᠤᠭᠴᠢ᠄ ᠴᠠᠬᠠᠷ ᠪᠠᠲᠤ
ᠬᠢᠨᠠᠭᠴᠢ᠄ ᠰᠡᠬᠡᠭᠡᠷᠡᠯ ᠣᠳᠬᠠᠨᠰᠣ᠎ᠠ
