ᠡᠷᠡᠭᠦᠯ- ᠳ· ᠨᠠᠴᠤᠭᠳᠣᠷᠵᠢЭрүүл-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠡᠭᠦᠯ- ᠳ· ᠨᠠᠴᠤᠭᠳᠣᠷᠵᠢЭрүүл-Д.Нацагдорж

ᠡᠷᠡᠭᠦᠯ- ᠳ· ᠨᠠᠴᠤᠭᠳᠣᠷᠵᠢЭрүүл-Д.Нацагдорж

2024-06-04

353

                  ᠳ· ᠨᠠᠴᠤᠭᠳᠣᠷᠵᠢ 
ᠶᠢᠷᠲᠢᠨᠴᠦ ᠶ᠋ᠢᠨ ᠵᠣᠬᠢᠶᠠᠯ ᠪᠠᠢᠭᠠᠯᠢ ᠶ᠋ᠢᠨ ᠪᠦᠲᠦᠭᠡᠯᠲᠡ ᠶᠠᠭᠤᠲᠠᠢ ᠰᠠᠢᠬᠠᠨ 
ᠶᠢᠰᠦᠨ ᠥᠩᠭᠡ ᠲᠦᠮᠡᠨ ᠵᠦᠢᠯ ᠪᠣᠳᠠᠰ ᠶᠠᠭᠤᠲᠠᠢ ᠰᠣᠨᠢᠷᠬᠠᠮᠠᠷ᠃
ᠪᠣᠳᠠᠰ ᠤ᠋ᠨ ᠳᠣᠲᠣᠷ᠎ᠠ ᠠ᠋ᠴᠠ ᠬᠥᠮᠦᠨ ᠦ᠌ ᠪᠡᠶ᠎ᠡ ᠶᠠᠭᠤᠲᠠᠢ ᠭᠠᠢᠬᠠᠮᠰᠢᠭ 
ᠪᠣᠳᠣᠯ ᠮᠡᠷᠭᠡᠨ᠂ ᠤᠬᠠᠭᠠᠨ᠂ ᠬᠥᠮᠦᠨ ᠶᠠᠭᠤᠲᠠᠢ ᠰᠣᠨᠢᠨ 

ᠬᠥᠮᠦᠨ ᠦ᠌ ᠳᠣᠲᠣᠷ᠎ᠠ ᠪᠠᠶᠠᠰᠬᠤᠯᠠᠩ ᠲᠠᠢ ᠪᠣᠯᠪᠠᠯ ᠶᠠᠭᠤᠲᠠᠢ ᠰᠠᠢᠬᠠᠨ 
ᠬᠥᠮᠦᠨ ᠦ᠌ ᠳᠣᠲᠣᠷ᠎ᠠ ᠵᠣᠪᠠᠯᠠᠩ ᠦᠭᠡᠢ ᠪᠣᠯᠪᠠᠯ ᠶᠠᠭᠤᠲᠠᠢ ᠰᠠᠢᠬᠠᠨ᠃
ᠡᠷᠡᠭᠦᠯ ᠪᠡᠶ᠎ᠡ ᠳ᠋ᠦ᠍ ᠵᠦᠳᠡᠭᠦᠷᠢ ᠭᠠᠴᠢᠭᠳᠠᠯ ᠦᠭᠡᠢ ᠰᠠᠢᠬᠠᠨ᠃
ᠡᠩᠬᠡ ᠲᠠᠢᠪᠤᠩ ᠵᠢᠷᠭᠠᠯ ᠳ᠋ᠤ᠌ ᠰᠠᠭᠠᠳ ᠦᠭᠡᠢ ᠰᠠᠢᠬᠠᠨ᠃

ᠰᠠᠢᠬᠠᠨ ᠭᠡᠭᠴᠢ ᠡᠪᠡᠳᠴᠢᠨ ᠦᠭᠡᠢ ᠶ᠋ᠢ ᠬᠡᠯᠡᠨ᠎ᠡ᠃
ᠰᠠᠷᠠᠭᠤᠯ ᠭᠡᠭᠴᠢ ᠨᠠᠷᠠ ᠲᠠᠢ ᠶ᠋ᠢ ᠬᠡᠯᠡᠨ᠎ᠡ᠃
ᠡᠷᠳᠡᠨᠢᠲᠦ ᠬᠥᠮᠦᠨ ᠦ᠌ ᠪᠡᠶ᠎ᠡ ᠭᠡᠭᠴᠢ ᠦᠨᠡᠬᠡᠷ ᠰᠠᠢᠬᠠᠨ᠃
ᠡᠨᠡ ᠶᠢᠷᠲᠢᠨᠴᠦ ᠳᠡᠭᠡᠷ᠎ᠡ ᠲᠡᠭᠦᠨ ᠳ᠋ᠦ᠍ ᠬᠣᠣᠰᠯᠠᠬᠤ ᠭᠡᠭᠴᠢ ᠶᠠᠭᠤ ᠪᠠᠢᠨ᠎ᠠ᠃

ᠡᠷᠡᠭᠦᠯ ᠭᠣᠶᠣᠮᠰᠣᠭ ᠴᠢᠷᠠᠢ᠂ ᠡᠷᠡᠭᠦᠯ ᠴᠢᠭᠢᠷᠠᠭ ᠪᠡᠶ᠎ᠡ
ᠡᠭᠦᠨ ᠳ᠋ᠦ᠍ ᠳᠤᠷᠠᠯᠠᠬᠤ ᠦᠭᠡᠢ ᠬᠥᠮᠦᠨ ᠬᠠᠮᠢᠭ᠎ᠠ ᠪᠠᠢᠬᠤ ᠪᠣᠢ᠃
ᠪᠠᠭᠠᠲᠤᠷ ᠴᠢᠭᠢᠷᠠᠭ ᠡᠷᠡᠯᠬᠡᠭ ᠵᠣᠷᠢᠭ ᠭᠡᠭᠴᠢ ᠡᠷᠡᠭᠦᠯ ᠮᠥᠨ᠃
ᠪᠠᠶᠠᠷᠯᠠᠮᠠᠷ ᠰᠠᠢᠬᠠᠨ ᠪᠠᠬᠠᠷᠬᠠᠮᠠᠷ ᠭᠤᠸ᠎ᠠ ᠭᠡᠭᠴᠢ ᠡᠷᠡᠭᠦᠯ ᠮᠥᠨ᠃

ᠲᠦᠮᠡᠨ ᠰᠠᠶ᠎ᠠ ᠲᠣᠭᠠᠨ ᠤ᠋ ᠠᠷᠠᠳ ᠤ᠋ᠳ ᠡᠷᠡᠭᠦᠯ ᠪᠣᠯ
ᠲᠡᠭᠦᠨ ᠦ᠌ ᠦᠨᠳᠦᠰᠦ ᠦᠷ᠎ᠡ ᠬᠡᠦᠬᠡᠳ ᠴᠥᠮ ᠡᠷᠡᠭᠦᠯ᠃
ᠡᠨᠡ ᠲᠥᠷᠥ ᠶ᠋ᠢᠨ ᠡᠷᠳᠡᠮ ᠰᠣᠶᠣᠯ ᠪᠠᠰᠠ ᠡᠷᠡᠭᠦᠯ
ᠡᠷ᠎ᠡ ᠴᠡᠷᠢᠭ᠂ ᠡᠳ᠋ ᠬᠥᠷᠥᠩᠭᠡ ᠮᠥᠨ ᠴᠦ᠍ ᠡᠷᠡᠭᠦᠯ᠃

ᠡᠷᠲᠡᠨ ᠦ᠌ ᠦᠭᠡᠨ ᠳ᠋ᠦ᠍ ᠪᠣᠢ ᠭᠡᠯ᠎ᠡ᠄《ᠥᠷᠢ ᠦᠭᠡᠢ ᠪᠣᠯ ᠪᠠᠶᠠᠨ᠂
ᠡᠪᠡᠳᠴᠢᠨ ᠦᠭᠡᠢ ᠪᠣᠯ ᠵᠢᠷᠭᠠᠯ》 ᠭᠡᠵᠦ ᠦᠨᠡᠨ ᠰᠢᠦ᠃
ᠡᠪᠡᠳᠴᠢᠨ ᠭᠡᠭᠴᠢ ᠳᠠᠢᠰᠤᠨ ᠦᠭᠡᠢ ᠪᠣᠯ
ᠡᠪᠦᠭᠡᠳ ᠡᠮᠡᠭᠡᠳ᠂ ᠨᠢᠯᠬᠠᠰ ᠬᠡᠦᠬᠡᠳ ᠬᠠᠭᠠᠴᠠᠬᠤ ᠦᠭᠡᠢ᠃
ᠥᠨᠥᠴᠢᠨ ᠥᠷᠥᠭᠡᠰᠦᠨ ᠦ᠌ ᠵᠣᠪᠠᠯᠠᠩ ᠳ᠋ᠤ᠌ ᠤᠨᠠᠬᠤ ᠦᠭᠡᠢ᠃
ᠥᠪᠡᠷ ᠦ᠋ᠨ ᠪᠡᠶ᠎ᠡ ᠥᠮᠴᠢ ᠬᠥᠷᠥᠩᠭᠡ ᠶ᠋ᠢ ᠰᠦᠢᠳᠬᠡᠬᠦ ᠦᠭᠡᠢ᠃
                           1935 ᠣᠨ
   ᠦᠰᠦᠭ ᠠᠮᠢᠯᠠᠭᠤᠯᠤᠭᠴᠢ᠄ ᠴᠠᠬᠠᠷ ᠪᠠᠲᠤ
   ᠬᠢᠨᠠᠭᠴᠢ᠄ ᠤᠣᠳᠬᠠᠨᠰᠣ᠎ᠠ