ᠡᠷᠡᠭᠦᠯ ᠢ᠋ ᠬᠠᠮᠠᠭᠠᠯᠠᠬᠤ ᠭᠠᠵᠠᠷ- ᠳ· ᠨᠠᠴᠤᠭᠳᠣᠷᠵᠢЭрүүлийг хамгаалах газар-Д.Нацагдорж
ᠳ· ᠨᠠᠴᠤᠭᠳᠣᠷᠵᠢ
ᠤᠯᠠᠭᠠᠨᠪᠠᠭᠠᠲᠤᠷ ᠨᠡᠢᠰᠯᠡᠯ ᠶᠡᠬᠡ ᠬᠣᠲᠠ ᠶ᠋ᠢᠨ ᠳᠡᠭᠡᠷ᠎ᠡ
ᠬᠤᠪᠢᠰᠬᠠᠯ ᠤ᠋ᠨ ᠵᠢᠪᠬᠤᠯᠠᠩᠲᠤ ᠲᠤᠭ ᠤ᠋ᠳ ᠠᠯᠤᠰ ᠢ᠋ ᠭᠡᠷᠡᠯᠲᠦᠭᠦᠯᠦᠨ᠎ᠡ᠃
ᠠᠢᠯᠴᠢᠨ ᠵᠢᠭᠤᠯᠴᠢᠨ ᠣᠷᠣᠨ ᠨᠤᠲᠤᠭ ᠤ᠋ᠨ ᠠᠷᠠᠳ ᠤ᠋ᠳ
ᠠᠯᠤᠰ ᠬᠣᠯᠠ ᠠ᠋ᠴᠠ ᠬᠤᠪᠢᠰᠬᠠᠯ ᠤ᠋ᠨ ᠠᠮᠤᠷ ᠰᠠᠢᠨ ᠢ᠋ ᠡᠷᠢᠨ᠎ᠡ᠃
ᠠᠭᠤᠳᠠᠮ ᠳᠡᠯᠭᠡᠷ ᠶᠡᠬᠡ ᠬᠣᠲᠠ ᠶ᠋ᠢᠨ ᠲᠥᠪ ᠳᠤᠮᠳᠠ
ᠠᠷᠠᠳ ᠤ᠋ᠨ ᠡᠷᠡᠭᠦᠯ ᠢ᠋ ᠬᠠᠮᠠᠭᠠᠯᠠᠬᠤ ᠭᠠᠵᠠᠷ ᠪᠠᠢᠨ᠎ᠠ᠃
ᠥᠷᠭᠡᠨ ᠴᠡᠯᠡᠭᠡᠷ ᠬᠠᠰᠢᠶᠠᠨ ᠤ᠋ ᠲᠠᠯᠠᠪᠤᠷ ᠳᠡᠭᠡᠷ᠎ᠡ
ᠥᠩᠭᠡ ᠲᠤᠩᠭᠠᠯᠠᠭ ᠴᠠᠭᠠᠨ ᠪᠠᠢᠰᠢᠩ ᠤ᠋ᠳ ᠵᠡᠷᠭᠡᠯᠡᠨ
ᠥᠨᠳᠥᠷ ᠦᠵᠡᠰᠬᠦᠯᠡᠩᠲᠦ ᠪᠠᠢᠰᠢᠩ ᠤ᠋ᠨ ᠰᠢᠯ ᠭᠡᠭᠡᠪᠴᠢ
ᠲᠠᠭᠠᠯᠠᠮᠵᠢᠲᠤ ᠨᠠᠷᠠᠨ ᠤ᠋ ᠭᠡᠷᠡᠯ ᠳ᠋ᠦ᠍ ᠨᠠᠢᠷᠯᠠᠨ ᠨᠠᠭᠠᠳᠤᠨ᠎ᠠ᠃
ᠬᠣᠯᠠ ᠣᠢᠷ᠎ᠠ ᠭᠠᠵᠠᠷ ᠪᠦᠷᠢ ᠶ᠋ᠢᠨ ᠮᠣᠩᠭᠣᠯ ᠠᠬ᠎ᠠ ᠳᠡᠭᠦᠦ
ᠬᠦᠨᠳᠦ ᠬᠥᠩᠭᠡᠨ ᠵᠦᠢᠯ ᠪᠦᠷᠢ ᠶ᠋ᠢᠨ ᠡᠪᠡᠳᠴᠢᠨ ᠲᠡᠢ ᠮᠣᠩᠭᠣᠯ ᠬᠥᠮᠦᠰ
ᠠᠴᠢᠲᠤ ᠶᠣᠰᠣᠨ ᠤ᠋ ᠰᠢᠨᠵᠢᠯᠡᠬᠦ ᠤᠬᠠᠭᠠᠨ ᠤ᠋ ᠪᠣᠳᠠᠲᠤ ᠡᠮᠨᠡᠯᠭᠡ ᠪᠡᠷ
ᠠᠰᠠᠷᠠᠭᠤᠯᠤᠨ ᠬᠥᠮᠦᠵᠢᠵᠦ ᠪᠡᠶᠡᠰᠦᠨ ᠡᠳᠡᠭᠡᠷᠡᠨ ᠪᠠᠢᠭᠰᠠᠭᠠᠷ᠂
ᠬᠤᠪᠢᠰᠬᠠᠯᠲᠤ ᠣᠷᠣᠨ ᠤ᠋ ᠲᠦᠮᠡᠨ ᠱᠠᠲᠤ ᠠᠯᠬᠤᠨ ᠬᠥᠭᠵᠢᠭᠰᠡᠨ ᠦ᠌
ᠬᠤᠪᠢ ᠬᠣᠪᠢᠨ ᠳ᠋ᠠᠭᠠᠨ ᠵᠥᠪᠯᠡᠯᠴᠡᠨ ᠪᠠᠶᠠᠰᠬᠤᠯᠠᠩ ᠢ᠋ ᠡᠳ᠋ᠯᠡᠨ᠎ᠡ᠃
1935 ᠣᠨ
ᠦᠰᠦᠭ ᠠᠮᠢᠯᠠᠭᠤᠯᠤᠭᠴᠢ᠄ ᠭᠦᠨᠳᠦᠰᠠᠩᠪᠦ
ᠬᠢᠨᠠᠭᠴᠢ᠄ ᠣᠳᠬᠠᠨᠰᠣ᠎ᠠ
