ᠰᠢᠷ᠎ᠠ ᠬᠢᠶᠠᠭШар хиаг

ᠰᠢᠷ᠎ᠠ ᠬᠢᠶᠠᠭ
ᠦᠶᠡᠲᠦ ᠤᠷᠭᠤᠮᠠᠯ ᠤ᠋ᠨ ᠢᠵᠠᠭᠤᠷ
ᠴᠥᠭᠡᠬᠡᠨ ᠬᠡᠳᠦ ᠪᠡᠷ ᠪᠤᠲᠠᠯᠠᠵᠤ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ 70—140cm ᠥᠨᠳᠥᠷ ᠰᠢᠯᠤᠭᠤᠨ ᠤᠷᠭᠤᠨ᠎ᠠ᠂3—5 ᠦᠶ᠎ᠡ ᠲᠡᠢ᠂ ᠤᠭ ᠤ᠋ᠨ ᠬᠡᠰᠡᠭ ᠲᠡᠭᠡᠨ ᠡᠪᠦᠳᠦᠭ ᠮᠡᠲᠦ ᠮᠤᠷᠤᠢᠨ᠎ᠠ᠃ ᠨᠠᠪᠴᠢᠨ ᠤ᠋ ᠲᠣᠭᠳᠣᠢ ᠨᠢ ᠦᠰᠦ ᠦᠭᠡᠢ᠂ ᠶᠡᠬᠡᠩᠬᠢ ᠳ᠋ᠡᠭᠡᠨ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠤᠷᠲᠤ ᠶᠤᠮ; ᠨᠠᠪᠴᠢ ᠨᠢ ᠲᠡᠭᠰᠢᠬᠡᠨ ᠬᠠᠪᠲᠠᠭᠠᠢ᠂ ᠨᠠᠮᠤᠷ ᠤ᠋ᠨ ᠰᠡᠭᠦᠯᠴᠢ ᠪᠣᠯᠬᠤ ᠳ᠋ᠤ᠌ ᠰᠠᠶᠢ ᠳᠣᠷᠣᠭᠰᠢ ᠬᠤᠮᠢᠷᠠᠨ᠎ᠠ᠂ 15—25cm ᠤᠷᠲᠤ᠂ 5—9mm ᠥᠷᠭᠡᠨ᠂ ᠳᠡᠭᠡᠳᠦ ᠲᠠᠯ᠎ᠠ ᠨᠢ ᠰᠢᠷᠦᠭᠦᠨ᠂ ᠠᠷᠤ ᠨᠢ ᠭᠢᠯᠦᠭᠡᠷ᠃ ᠲᠦᠷᠦᠭᠦᠦ ᠬᠡᠯᠪᠡᠷᠢᠲᠦ ᠪᠠᠭ ᠴᠡᠴᠡᠭ ᠨᠢ ᠨᠡᠯᠢᠶᠡᠳ ᠢᠬᠴᠤ᠂ ᠰᠢᠯᠤᠭᠤᠨ ᠤᠷᠭᠤᠨ᠎ᠠ᠂14—18cm ᠤᠷᠲᠤ᠂5—10mm ᠥᠷᠭᠡᠨ᠂ ᠲᠦᠷᠦᠭᠦᠦ ᠶ᠋ᠢᠨ ᠲᠡᠩᠭᠡᠯᠢᠭ ᠦ᠋ᠨ ᠬᠥᠪᠡᠭᠡ ᠳ᠋ᠦ᠍ᠨᠢ ᠵᠢᠵᠢᠭ ᠦᠰᠦ ᠲᠡᠢ᠂ ᠦᠵᠦᠭᠦᠷ ᠣᠷᠴᠢᠮ ᠪᠣᠯᠤᠨ ᠤᠭ ᠤ᠋ᠨ ᠬᠡᠰᠡᠭ ᠦ᠋ᠨ ᠦᠶ᠎ᠡ ᠪᠦᠷᠢ ᠳ᠋ᠦ᠍ᠨᠢ ᠨᠢᠭᠡ ᠵᠢᠵᠢᠭ ᠲᠦᠷᠦᠭᠦᠦ ᠲᠡᠢ᠂ ᠪᠤᠰᠤᠳ ᠦᠶ᠎ᠡ ᠪᠦᠷᠢ ᠳ᠋ᠦ᠍ᠨᠢ ᠶᠡᠷᠦ ᠳ᠋ᠡᠭᠡᠨ ᠬᠣᠶᠠᠷ ᠵᠢᠵᠢᠭ ᠲᠦᠷᠦᠭᠦᠦ ᠲᠡᠢ; ᠵᠢᠵᠢᠭ ᠲᠦᠷᠦᠭᠦᠦ ᠨᠢ ᠨᠣᠭᠣᠭᠠᠨ᠂ ᠪᠣᠯᠪᠠᠰᠤᠷᠠᠪᠠᠯ ᠴᠠᠢᠪᠤᠷ ᠰᠢᠷ᠎ᠠ ᠪᠣᠯᠵᠤ ᠬᠤᠪᠢᠷᠠᠨ᠎ᠠ᠂ 10—15mm ᠤᠷᠲᠤ᠂ 3—5 ᠴᠡᠴᠡᠭ ᠲᠡᠢ᠂ ᠲᠡᠩᠭᠡᠯᠢᠭ ᠲᠤᠨᠢ ᠨᠢᠭ ᠵᠢᠵᠢᠭ ᠦᠰᠦ ᠲᠡᠢ; ᠬᠠᠯᠢᠰᠤ ᠨᠢ ᠨᠢᠭᠡᠳᠦᠭᠡᠷ ᠴᠡᠴᠡᠭ ᠡᠴᠡ ᠪᠠᠬᠠᠨ ᠣᠬᠣᠷ ᠪᠤᠶᠤ ᠢᠵᠢᠯ ᠤᠷᠲᠤ᠂ ᠬᠠᠪᠲᠠᠭᠠᠢ ᠲᠡᠪᠡᠨᠡ ᠰᠢᠭ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠤᠷᠲᠤ ᠱᠤᠪᠲᠤᠭᠠᠷ ᠦᠵᠦᠭᠦᠷ ᠲᠡᠢ ᠪᠤᠶᠤ 5mm ᠣᠷᠴᠢᠮ ᠤᠷᠲᠤ ᠰᠤᠷ ᠲᠠᠢ᠂ 3—5 ᠰᠢᠷᠦᠭᠦᠨ ᠰᠤᠳᠠᠯ ᠲᠠᠢ; ᠭᠠᠳᠠᠷ ᠬᠡᠪᠡᠭ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠢᠯᠡ ᠲᠠᠪᠤᠨ ᠰᠤᠳᠠᠯ ᠲᠠᠢ ᠵᠢᠵᠢᠭ ᠰᠢᠷᠦᠭᠦᠨ ᠦᠰᠦ ᠲᠡᠢ᠂ ᠰᠤᠷ ᠨᠢ 10 —20mm ᠤᠷᠲᠤ᠂ ᠪᠣᠯᠪᠠᠰᠤᠷᠠᠬᠤ ᠦᠶ᠎ᠡ ᠳ᠋ᠦ᠍ ᠭᠠᠳᠠᠭᠰᠢ ᠲᠠᠰᠢᠭᠤᠯᠠᠨᠠ; ᠳᠣᠲᠣᠷ ᠬᠡᠪᠡᠭ ᠨᠢ ᠭᠠᠳᠠᠷ ᠬᠡᠪᠡᠭ ᠲᠡᠢ ᠢᠵᠠᠯ ᠤᠷᠲᠤ᠂ ᠲᠡᠭᠰᠢᠬᠡᠨ ᠣᠷᠣᠢ ᠲᠠᠢ; ᠲᠣᠭᠣᠰᠣᠪᠴᠢ ᠨᠢ 2 .5mm ᠤᠷᠲᠤ; ᠤᠮᠠᠢ ᠶ᠋ᠢᠨ ᠦᠵᠦᠭᠦᠷ ᠲᠤᠨᠢ ᠴᠡᠯᠮᠡᠨ ᠦᠰᠦ ᠲᠡᠢ᠃
ᠠᠭᠤᠯᠠ ᠶ᠋ᠢᠨ ᠬᠠᠵᠠᠭᠤ᠂ ᠬᠡᠭᠡᠷ᠎ᠡ ᠲᠠᠯ᠎ᠠ᠂ ᠵᠠᠮ ᠤ᠋ᠨ ᠬᠠᠵᠠᠭᠤ᠂ ᠭᠣᠣᠯ ᠤ᠋ᠨ ᠬᠥᠪᠡᠭᠡ ᠪᠡᠷ ᠣᠯᠠᠨ ᠤᠷᠭᠤᠨ᠎ᠠ᠃
ᠮᠠᠨ ᠤ᠋ ᠤᠯᠤᠰ ᠤ᠋ᠨ ᠥᠪᠥᠢ ᠮᠣᠩᠭᠣᠯ᠂ ᠾᠧᠪᠧᠢ᠂ ᠾᠧᠨᠠᠨ᠂ ᠱᠠᠨ ᠰᠢ᠂ᠱᠠᠨᠰᠢ᠂ ᠬᠥᠬᠡᠨᠠᠭᠤᠷ᠂ ᠰᠧᠴᠤᠸᠠᠨ ᠬᠢᠭᠡᠳ ᠵᠡᠭᠦᠨ ᠬᠣᠢᠲᠤ ᠣᠷᠣᠨ ᠳ᠋ᠤ᠌ ᠪᠦᠷ ᠤᠷᠭᠤᠳᠠᠭ᠃
ᠰᠠᠢᠨ ᠪᠣᠷᠳᠣᠭ᠎ᠠ ᠡᠪᠡᠰᠦ ᠮᠥᠨ᠃ ᠠᠷᠠᠴᠢᠯᠠᠨ ᠲᠠᠷᠢᠵᠤ ᠪᠠᠢᠨ᠎ᠠ᠃
ᠬᠢᠲᠠᠳ ᠨᠡᠷ᠎ᠡ᠄披碱草
ᠠᠩᠭ᠌ᠯᠢ ᠨᠡᠷ᠎ᠡ᠄EIymus dahuricus Turcz. ex Griscb
ᠦᠰᠦᠭ ᠠᠮᠢᠯᠠᠭᠤᠯᠤᠭᠴᠢ᠄ ᠡᠷᠳᠡᠨᠢᠭᠣᠤ᠎ᠠ
ᠬᠢᠨᠠᠭᠴᠢ᠄ ᠫᠣ· ᠴᠠᠭᠠᠨ ᠲᠤᠶᠠᠭ᠎ᠠ
