ᠬᠥᠬᠡᠬᠣᠲᠠ ᠶᠢᠨ ᠬᠥᠳᠡᠭᠡ ᠨᠡᠷᠡᠮᠵᠢᠲᠦ ᠴᠡᠴᠡᠷᠯᠢᠭ – ᠶᠣᠨᠳᠣᠨ ᠤ ᠪᠢᠯᠢᠭ᠌ - ᠪᠠᠭᠠᠲᠤᠷ Хөхөхтын хөдөө нэрэмжит цэцэрлэг - Ёндоны Билиг - Баатар
ᠬᠥᠬᠡᠬᠣᠲᠠ ᠶᠢᠨ ᠬᠥᠳᠡᠭᠡ ᠨᠡᠷᠡᠮᠵᠢᠲᠦ ᠴᠡᠴᠡᠷᠯᠢᠭ
ᠴᠡᠴᠡᠭ ᠤᠨ ᠨᠣᠢᠲᠠᠨ ᠠᠮᠢᠰᠬᠤᠭ᠎ᠠ ᠪᠠᠷ
ᠠᠷᠪᠠᠨ ᠲᠤᠯᠤᠭᠠᠲᠠᠢ ᠥᠬᠢᠨ ᠠᠳᠠᠯᠢ ᠯᠠ
ᠠᠯᠲᠠᠨ ᠨᠠᠷᠠᠨ ᠤ ᠭᠡᠷᠡᠯ ᠢᠶᠡᠷ ᠮᠦᠰᠢᠶᠡᠬᠦᠢ
ᠰᠢᠷ᠎ᠠ ᠭᠥᠯᠥᠭᠡ ᠪᠠᠨ ᠯᠠ ᠬᠥᠲᠥᠯᠦᠭᠰᠡᠨ
ᠴᠠᠭᠠᠨ ᠪᠤᠭᠤᠷᠤᠯ ᠡᠷ᠎ᠡ ᠥᠷᠯᠥᠭᠡ ᠶᠠᠭᠠᠷᠠᠦ
ᠨᠤᠲᠤᠭ ᠢ ᠡᠷᠬᠡ ᠦᠭᠡᠢ ᠯᠡ ᠰᠠᠨᠠᠭᠳᠠᠭᠤᠯᠬᠤ
ᠬᠥᠳᠡᠭᠡ ᠨᠡᠷᠡᠮᠵᠢᠲᠦ ᠴᠡᠴᠡᠷᠯᠢᠭ ᠭᠣᠶᠣᠬᠠᠨ᠃
ᠮᠣᠩᠭᠣᠯ ᠴᠢᠰᠤᠲᠠᠢ ᠬᠥᠬᠡᠬᠣᠲᠠ ᠳᠦ ᠮᠢᠨᠢ
ᠮᠥᠩᠬᠡ ᠬᠤᠲᠤᠭ ᠲᠠᠢ ᠡᠨᠡ ᠴᠡᠴᠡᠷᠯᠢᠭ ᠪᠣᠢ
ᠮᠢᠩᠭ᠎ᠠ ᠮᠢᠩᠭᠠᠨ ᠬᠠᠪᠤᠷ ᠠᠳᠠ ᠰᠠᠭᠠᠳᠠᠪᠠᠢ
ᠮᠢᠨᠦ ᠣᠩᠭᠣᠳ ᠰᠠᠶ᠎ᠠ ᠵᠢᠸ᠎ᠠ ᠠᠰᠬᠠᠷᠠᠪᠠᠢ
ᠮᠡᠬᠦᠰ ᠮᠢᠨᠦ ᠰᠢᠯᠦᠭ ᠲᠡᠭᠦᠰ ᠢ ᠮᠠᠷᠲᠠᠪᠠᠰᠤ
ᠮᠡᠷᠭᠡᠳ ᠲᠠ ᠮᠠᠭᠠᠳ ᠤᠷᠲᠤ ᠨᠠᠰᠤᠯᠠᠬᠤᠢ
2024᠂ 4᠂ 13᠃ ᠥᠷᠯᠥᠭᠡ
ᠬᠥᠬᠡᠬᠣᠲᠠᠨ᠎ᠠ ᠭᠢᠯᠠᠰ ᠪᠦᠲᠦᠭᠡᠪᠡᠢ᠃
