ᠮᠣᠩᠭᠣᠯ ᠨᠤᠲᠤᠭ ᠤ᠋ᠨ ᠥᠷᠯᠥᠭᠡ- ᠭᠤ· ᠵᠢᠷᠭᠠᠯМонгол нутгийн өглөө-Гу·Жаргал ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠨᠤᠲᠤᠭ ᠤ᠋ᠨ ᠥᠷᠯᠥᠭᠡ- ᠭᠤ· ᠵᠢᠷᠭᠠᠯМонгол нутгийн өглөө-Гу·Жаргал

ᠮᠣᠩᠭᠣᠯ ᠨᠤᠲᠤᠭ ᠤ᠋ᠨ ᠥᠷᠯᠥᠭᠡ- ᠭᠤ· ᠵᠢᠷᠭᠠᠯМонгол нутгийн өглөө-Гу·Жаргал

2024-06-03

956

            ᠭᠤ· ᠵᠢᠷᠭᠠᠯ 
ᠠᠢᠯ ᠠ᠋ᠴᠠ ᠠᠢᠯ ᠳ᠋ᠤ᠌ ᠡᠩᠬᠡ ᠶ᠋ᠢᠨ ᠨᠠᠷᠠ ᠲᠠᠢ ᠥᠷᠯᠥᠭᠡ 
ᠠᠷᠢᠭᠤᠨ ᠰᠡᠳᠬᠢᠯ ᠳ᠋ᠦ᠍ ᠡᠨᠡᠷᠢᠯ ᠦ᠋ᠨ ᠲᠤᠶᠠᠭ᠎ᠠ ᠲᠠᠢ ᠥᠷᠯᠥᠭᠡ 
ᠠᠵᠢᠯ ᠦᠢᠯᠡᠰ ᠦ᠋ᠨ ᠡᠬᠢᠯᠡᠯᠲᠡ ᠲᠡᠢ ᠮᠡᠨᠳᠦ ᠶ᠋ᠢᠨ ᠥᠷᠯᠥᠭᠡ 
ᠠᠷᠭᠠᠯ ᠤ᠋ᠨ ᠭᠠᠯ ᠳᠡᠭᠡᠷ᠎ᠡ ᠰᠦ ᠲᠡᠢ ᠴᠠᠢ ᠳᠠᠷᠭᠢᠯᠤᠭᠰᠠᠨ ᠥᠷᠯᠥᠭᠡ 
ᠮᠣᠩᠭᠣᠯ ᠨᠤᠲᠤᠭ ᠤ᠋ᠨ ᠥᠷᠯᠥᠭᠡ ᠡᠢᠮᠦ ᠯᠡ ᠰᠠᠢᠬᠠᠨ ᠪᠠᠢᠳᠠᠭ 
ᠮᠣᠷᠢᠲᠠᠨ ᠠᠷᠠᠳ ᠤ᠋ᠨ ᠰᠣᠶᠣᠯ ᠬᠡᠢᠮᠣᠷᠢ ᠪᠣᠰᠤᠭ᠎ᠠ ᠪᠠᠢᠳᠠᠭ 

ᠨᠠᠷᠠ ᠬᠤᠷ᠎ᠠ ᠶ᠋ᠢᠨ ᠰᠢᠮ᠎ᠡ ᠪᠡᠷ ᠲᠦᠮᠡᠨ ᠪᠣᠳᠠᠰ ᠲᠥᠯᠵᠢᠭᠰᠡᠨ 
ᠥᠯᠥᠭᠡᠢ ᠬᠥᠳᠡᠭᠡ ᠲᠣᠢᠭ ᠤ᠋ᠨ ᠳᠠᠭᠤᠤ ᠲᠠᠢ ᠬᠠᠪᠤᠷ ᠤ᠋ᠨ ᠥᠷᠯᠥᠭᠡ
ᠠᠢᠷᠠᠭ ᠰᠦ ᠶ᠋ᠢᠨ ᠰᠠᠴᠤᠯᠢ ᠪᠠᠷ ᠴᠡᠴᠡᠭ ᠦ᠋ᠨ ᠪᠣᠷᠣᠭ᠎ᠠ ᠰᠢᠪᠡᠷᠡᠭᠰᠡᠨ
ᠦᠨᠢᠶᠡᠨ ᠵᠠᠯᠠᠨ ᠳ᠋ᠤ᠌ ᠬᠥᠬᠥᠭᠡ ᠳᠣᠩᠭᠣᠳᠤᠭᠰᠠᠨ ᠵᠤᠨ ᠤ᠋ ᠥᠷᠯᠥᠭᠡ
ᠮᠣᠩᠭᠣᠯ ᠨᠤᠲᠤᠭ ᠤ᠋ᠨ ᠥᠷᠯᠥᠭᠡ ᠡᠢᠮᠦ ᠯᠡ ᠰᠠᠢᠬᠠᠨ ᠪᠠᠢᠳᠠᠭ
ᠮᠣᠷᠢᠲᠠᠨ ᠠᠷᠠᠳ ᠤ᠋ᠨ ᠢᠲᠡᠭᠡᠯ ᠲᠡᠷᠭᠡᠯᠬᠡᠨ ᠪᠠᠢᠳᠠᠭ

ᠥᠷᠥᠮ᠎ᠡ ᠵᠥᠭᠡᠬᠡᠢ ᠲᠣᠰᠣᠷᠬᠠᠵᠤ ᠡᠬᠡᠴᠤᠤᠯ ᠪᠠᠶᠠᠰᠤᠯᠴᠠᠭᠰᠠᠨ
ᠥᠪᠴᠢ ᠰᠢᠷᠭᠠᠯᠲᠤᠬᠤ ᠡᠪᠡᠰᠦ ᠨᠠᠪᠴᠢ ᠲᠠᠢ ᠨᠠᠮᠤᠷ ᠤ᠋ᠨ ᠥᠷᠯᠥᠭᠡ
ᠡᠪᠦᠭᠡᠳ ᠦ᠋ᠨ ᠢᠷᠦᠭᠡᠯ ᠢ᠋ᠶ᠋ᠡᠷ ᠣᠲᠣᠷ ᠤ᠋ᠨ ᠪᠠᠭᠤᠴᠠ ᠨᠡᠢᠯᠡᠭᠰᠡᠨ
ᠥᠷᠭᠡᠨ ᠬᠠᠩᠭᠠᠢ ᠴᠠᠩ ᠰᠠᠭᠰᠤᠷᠭ᠎ᠠ ᠲᠠᠢ ᠡᠪᠦᠯ ᠦ᠋ᠨ ᠥᠷᠯᠥᠭᠡ
ᠮᠣᠩᠭᠣᠯ ᠨᠤᠲᠤᠭ ᠤ᠋ᠨ ᠥᠷᠯᠥᠭᠡ ᠡᠢᠮᠦ ᠯᠡ ᠰᠠᠢᠬᠠᠨ ᠪᠠᠢᠳᠠᠭ
ᠮᠣᠷᠢᠲᠠᠨ ᠠᠷᠠᠳ ᠤ᠋ᠨ ᠬᠦᠰᠡᠯ ᠦ᠋ᠨ ᠵᠠᠮ ᠰᠠᠷᠠᠭᠤᠯᠬᠠᠨ ᠪᠠᠢᠳᠠᠭ᠃

   ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ
   ᠬᠢᠨᠠᠭᠴᠢ᠄ᠣᠳᠬᠠᠨᠰᠣ᠎ᠠ᠂ ᠴᠠᠬᠠᠷ ᠪᠠᠲᠤ