ᠬᠣᠷᠯᠣ ᠡᠷᠭᠢᠭᠦᠯᠦᠭᠴᠢ ᠡᠵᠢ ᠮᠢᠨᠢХорол эргүүлэгч ээж минь ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠯᠣ ᠡᠷᠭᠢᠭᠦᠯᠦᠭᠴᠢ ᠡᠵᠢ ᠮᠢᠨᠢХорол эргүүлэгч ээж минь

ᠬᠣᠷᠯᠣ ᠡᠷᠭᠢᠭᠦᠯᠦᠭᠴᠢ ᠡᠵᠢ ᠮᠢᠨᠢХорол эргүүлэгч ээж минь

2024-06-03

337

ᠬᠣᠷᠯᠣ ᠡᠷᠭᠢᠭᠦᠯᠦᠭᠴᠢ ᠡᠵᠢ ᠮᠢᠨᠢ

ᠬᠣᠯᠠ ᠣᠢᠷ᠎ᠠ ᠳ᠋ᠤ᠌ ᠪᠠᠢᠭ᠎ᠠ ᠬᠡᠦᠬᠡᠳ ᠦ᠋ᠳ ᠦ᠋ᠨ ᠢ᠋ᠶ᠋ᠡᠨ ᠲᠥᠯᠥᠭᠡ ᠭᠡᠵᠦ 
ᠬᠣᠭᠣᠯᠠ ᠢᠳᠡᠭᠡᠨ ᠦ᠌ ᠳᠡᠭᠡᠵᠢ ᠪᠡᠨ ᠪᠤᠷᠬᠠᠨ ᠳ᠋ᠤ᠌ ᠡᠷᠭᠦᠨ ᠵᠠᠯᠪᠠᠷᠢᠵᠤ 
ᠬᠣᠷᠸ᠎ᠠ ᠶ᠋ᠢᠨ ᠰᠠᠢᠨ ᠰᠠᠢᠬᠠᠨ ᠢ᠋ ᠳᠠᠭᠠᠳᠬᠠᠵᠤ 
ᠬᠣᠷᠯᠣ ᠡᠷᠭᠢᠭᠦᠯᠦᠨ ᠰᠢᠪᠰᠢᠵᠦ ᠪᠠᠢᠨ᠎ᠠ 
ᠬᠣᠨᠣᠭ ᠡᠳᠦᠷ ᠢ᠋ ᠲᠣᠭᠠᠯᠠᠨ᠂ ᠵᠤᠯᠠ ᠬᠦᠵᠢ ᠠᠰᠠᠭᠠᠨ 
ᠬᠣᠶᠠᠷ ᠠᠯᠠᠭ᠎ᠠ ᠪᠠᠨ ᠬᠠᠪᠰᠤᠷᠤᠨ ᠵᠤᠯᠠᠢ ᠪᠤᠭᠤᠷᠤᠯᠲᠤᠭᠤᠯᠤᠨ ᠵᠠᠯᠪᠠᠷᠢᠵᠤ ᠪᠠᠢᠨ᠎ᠠ 
ᠪᠤᠷᠬᠠᠨ ᠭᠦᠩᠭᠠᠷᠠᠸ᠎ᠠ ᠶ᠋ᠢᠨ ᠢ᠋ᠶ᠋ᠡᠨ ᠡᠮᠦᠨ᠎ᠡ ᠮᠠᠨᠢ ᠲᠣᠭᠠᠯᠠᠨ ᠪᠥᠭᠴᠥᠭᠡᠨᠡᠭᠰᠡᠭᠡᠷ 
ᠮᠠᠰᠢᠳᠠ ᠭᠦᠨ ᠶᠣᠰᠣ ᠶ᠋ᠢ ᠪᠡᠶ᠎ᠡ ᠪᠡᠷ ᠢ᠋ᠶ᠋ᠡᠨ ᠮᠡᠳᠡᠷᠡᠭᠰᠡᠭᠡᠷ ᠶᠠᠪᠤᠨ᠎ᠠ ᠳᠠ᠂
ᠡᠭᠦᠯᠡ ᠰᠠᠭᠤᠭᠰᠠᠨ ᠨᠢᠳᠦ
ᠦᠷᠴᠢᠯᠡᠭᠡᠰᠦ ᠳᠦᠭᠦᠷᠦᠭᠰᠡᠨ ᠴᠢᠷᠠᠢ
ᠭᠠᠵᠠᠷ ᠲᠤᠯᠵᠤ ᠪᠣᠰᠬᠤ ᠭᠠᠷ ᠨᠢ ᠴᠤ᠌ ᠮᠣᠢᠭ᠎ᠠ᠂ ᠬᠥᠯ ᠨᠢ ᠴᠦ᠍ ᠮᠠᠢᠭ᠎ᠠ
ᠭᠠᠳᠠᠨ᠎ᠠ ᠨᠢᠭᠡ ᠭᠠᠷᠬᠤ ᠰᠠᠨ ᠭᠡᠵᠦ
ᠭᠠᠩᠳᠠᠭᠰᠠᠨ ᠳᠡᠪᠡᠯ ᠦ᠋ᠨ ᠬᠣᠷᠮᠣᠢ ᠳ᠋ᠤ᠌ ᠪᠦᠳᠦᠴᠢᠨ ᠠᠯᠬᠤᠬᠤ ᠳ᠋ᠤᠷ
ᠭᠠᠯᠪᠠ ᠳ᠋ᠤ᠌ ᠭᠠᠭᠴᠠᠬᠠᠨ ᠡᠵᠢ ᠶ᠋ᠢᠨ ᠮᠢᠨᠢ ᠬᠥᠭᠰᠢᠷᠡᠵᠦ ᠪᠠᠢᠭ᠎ᠠ ᠶ᠋ᠢᠨ ᠵᠢᠷᠤᠭ ᠴᠤ᠌ ᠶᠤᠮ ᠤᠤ ᠳᠠ
ᠪᠤᠭᠤᠷᠤᠯ ᠭᠡᠵᠢᠭᠡ ᠨᠢ ᠰᠠᠯᠬᠢᠨ ᠳ᠋ᠤ᠌ ᠬᠡᠢᠰᠬᠦᠯᠡᠷ
ᠪᠣᠳᠣᠯ ᠳᠣᠲᠣᠷ᠎ᠠ ᠡᠮᠵᠡᠭᠯᠡᠵᠦ ᠢᠷᠡᠬᠦ ᠶᠦᠮ
ᠪᠣᠯᠳᠠᠭ ᠰᠠᠨ ᠪᠣᠯ ᠪᠢ ᠨᠢᠯᠬᠠᠷᠠᠵᠤ᠂
ᠪᠤᠭᠤᠷᠤᠯ ᠡᠵᠢ ᠮᠢᠨᠢ ᠵᠠᠯᠠᠭᠤᠵᠢᠭᠰᠠᠨ ᠪᠠᠢᠬᠤ ᠶᠤᠮ ᠰᠠᠨ
ᠬᠣᠷᠸ᠎ᠠ ᠳ᠋ᠤ᠌ ᠪᠢᠳᠡ ᠡᠵᠢ ᠳ᠋ᠡᠭᠡᠨ ᠢᠷᠡᠭᠰᠡᠨ ᠶᠦᠮ
ᠬᠣᠷᠯᠣ ᠡᠷᠭᠢᠭᠦᠯᠦᠨ ᠡᠵᠢ ᠮᠢᠨᠢ
ᠬᠣᠷᠸ᠎ᠠ ᠳ᠋ᠤ᠌ ᠪᠢᠳᠡᠨ ᠢ᠋ ᠪᠡᠨ ᠰᠠᠨᠠᠬᠤ ᠶᠤᠮ
ᠬᠣᠶᠠᠷᠬᠠᠨ ᠠᠷᠭᠠᠮᠵᠢᠶ᠎ᠠ ᠭᠠᠵᠠᠷ ᠠ᠋ᠴᠠ ᠴᠤ᠌ ᠡᠵᠢ ᠳ᠋ᠡᠭᠡᠨ ᠢᠷᠡᠵᠦ ᠪᠠᠢᠭᠠᠷᠠᠢ
ᠬᠣᠨᠣᠭ ᠡᠳᠦᠷ ᠦ᠋ᠨ ᠤᠷᠲᠤ ᠳ᠋ᠤ᠌ ᠡᠵᠢ ᠶ᠋ᠢ ᠪᠡᠨ ᠰᠠᠭᠠᠲᠠᠭᠤᠯᠵᠤ ᠪᠠᠢᠭᠠᠷᠠᠢ
ᠬᠣᠷᠸ᠎ᠠ ᠭᠡᠳᠡᠭ ᠠᠭᠤᠵᠢᠭᠤ ᠴᠤ᠌
ᠬᠣᠷᠯᠣ ᠡᠷᠭᠢᠭᠦᠯᠦᠭᠴᠢ ᠡᠵᠢ ᠶ᠋ᠢᠨ ᠰᠡᠳᠬᠢᠯ ᠨᠠᠷᠠᠨ ᠤ᠋ ᠭᠡᠷᠡᠯ ᠮᠡᠲᠦ ᠬᠤᠷᠴᠠ ᠶᠤᠮ
ᠬᠣᠯᠠ ᠬᠣᠯᠠ ᠶ᠋ᠢᠨ ᠭᠠᠵᠠᠷ ᠠ᠋ᠴᠠ ᠡᠵᠢ ᠳ᠋ᠦ᠍ ᠪᠡᠨ ᠪᠠᠢᠩᠭᠤ ᠢᠷᠡᠭᠡᠷᠡᠢ
ᠪᠠᠢᠭᠠᠯᠢ ᠳᠡᠯᠡᠬᠡᠢ ᠳ᠋ᠦ᠍ ᠮᠥᠩᠬᠡ ᠶ᠋ᠢᠨ ᠤᠰᠤ ᠭᠡᠵᠦ ᠪᠠᠢᠬᠤ ᠦᠭᠡᠢ
ᠪᠠᠢᠬᠤ ᠶ᠋ᠢᠨ ᠴᠠᠭ ᠲᠤ ᠡᠵᠢ ᠶ᠋ᠢ ᠪᠡᠨ ᠪᠠᠶᠠᠷᠯᠠᠭᠤᠯᠬᠤ ᠶ᠋ᠢ ᠪᠣᠳᠣᠭᠠᠷᠠᠢ
ᠪᠠᠶᠠᠷᠯᠠᠪᠠᠯ ᠡᠵᠢ ᠮᠢᠨᠢ ᠪᠠᠷᠢᠭᠰᠠᠨ᠂ ᠲᠠᠯᠪᠢᠭᠰᠠᠨ ᠢ᠋ᠶ᠋ᠠᠨ ᠠᠯᠳᠠᠵᠤ
ᠪᠠᠷᠠᠭᠤᠨ ᠵᠡᠭᠦᠨ ᠬᠠᠴᠠᠷ ᠢ᠋ ᠴᠢᠨᠢ ᠦᠨᠦᠰᠴᠦ ᠯᠡ ᠥᠭᠭᠦᠨ᠎ᠡ ᠳᠡ ᠬᠥᠭᠡᠷᠦᠬᠦᠢ
ᠬᠦᠰᠡᠬᠦ ᠶ᠋ᠢᠨ ᠳᠡᠭᠡᠳᠦ ᠬᠡᠦᠬᠡᠳ ᠨᠢ ᠡᠷᠡᠭᠦᠯ ᠪᠠᠢᠬᠤ
ᠬᠦᠷᠦᠭᠡᠳ ᠢᠷᠡᠬᠦ ᠴᠤ᠌ ᠪᠢᠯᠢᠤ ᠭᠡᠵᠦ ᠬᠥᠮᠦᠨ ᠦ᠌ ᠯᠡ ᠬᠠᠷᠠᠭᠰᠠᠨ ᠰᠡᠳᠬᠢᠯ
ᠬᠥᠭᠡᠷᠦᠬᠦᠢ ᠪᠤᠭᠤᠷᠤᠯ ᠡᠵᠢ ᠮᠢᠨᠢ ᠬᠡᠦᠬᠡᠳ ᠦ᠋ᠳ ᠡᠴᠡ ᠪᠡᠨ ᠶᠠᠭᠤ ᠯᠠ ᠬᠦᠰᠡᠬᠦ ᠪᠢᠯᠡ
ᠬᠦᠷᠴᠦ ᠣᠴᠢᠭᠠᠳ ᠵᠣᠯᠭᠠᠬᠤ ᠶ᠋ᠢᠨ ᠰᠠᠨᠠᠭ᠎ᠠ ᠪᠠᠢᠯᠭᠦᠢ ᠡᠪᠡᠢ᠂
ᠠᠯᠳᠠᠭᠤᠷᠠᠵᠤ ᠭᠠᠷᠤᠭᠰᠠᠨ ᠬᠦᠯᠦᠭ ᠴᠤ᠌ ᠢᠵᠢᠯᠢ ᠳ᠋ᠦ᠍ ᠪᠡᠨ ᠢᠷᠡᠳᠡᠭ ᠦ᠋ᠨ ᠶᠣᠰᠣ ᠪᠣᠢ
ᠠᠯᠤᠰ ᠲᠤ ᠪᠠᠢᠭ᠎ᠠ ᠦᠷᠡᠰ ᠨᠢ ᠡᠵᠢ ᠳ᠋ᠡᠭᠡᠨ ᠣᠴᠢᠬᠤ ᠶ᠋ᠢᠨ ᠵᠢᠷᠤᠮ ᠪᠣᠢ
ᠣᠴᠢᠨ᠎ᠠ ᠳᠠ ᠡᠵᠢ ᠮᠢᠨᠢ
ᠣᠳᠣ ᠪᠠᠷ ᠢ᠋ᠶ᠋ᠠᠨ ᠪᠢ ᠭᠠᠷᠤᠯ᠎ᠠ
ᠰᠠᠨᠠᠭ᠎ᠠ ᠵᠣᠪᠠᠯᠭᠠᠨ ᠦᠭᠡᠢ ᠰᠠᠢᠬᠠᠨ ᠶᠠᠪᠤᠭᠠᠳ ᠣᠴᠢᠨ᠎ᠠ
ᠡᠷᠢᠭᠡ ᠮᠠᠨᠢ ᠪᠠᠨ ᠲᠣᠭᠠᠯᠠᠵᠤ᠂ ᠬᠣᠷᠯᠣ ᠬᠦᠷᠳᠦ ᠪᠡᠨ ᠡᠷᠭᠢᠭᠦᠯᠦᠨ
ᠡᠷᠬᠡᠯᠡᠵᠦ ᠰᠠᠨᠠᠬᠤ ᠶ᠋ᠢᠨ ᠳᠡᠭᠡᠳᠦ ᠡᠵᠢ ᠮᠢᠨᠢ ᠠᠮᠤᠭᠤᠯᠠᠩ ᠰᠠᠭᠤᠵᠤ ᠪᠠᠢᠭᠠᠷᠠᠢ
ᠬᠣᠷᠯᠣ ᠡᠷᠭᠢᠭᠦᠯᠦᠭᠴᠢ ᠡᠵᠢ ᠮᠢᠨᠢ
ᠬᠣᠷᠸ᠎ᠠ ᠡᠷᠭᠢᠭᠰᠡᠭᠡᠷ
ᠬᠣᠯᠠ ᠣᠢᠷ᠎ᠠ ᠶ᠋ᠢᠨ ᠵᠠᠢ ᠳ᠋ᠤ᠌ ᠬᠡᠦᠬᠡᠳ ᠦ᠋ᠳ ᠨᠢ ᠲᠠᠨ ᠢ᠋ ᠰᠠᠨᠠᠭᠰᠠᠭᠠᠷ ᠪᠠᠢᠨ᠎ᠠ
ᠶᠠᠪᠤᠭᠠᠳ ᠣᠴᠢᠯ᠎ᠠ ᠶᠠᠭ ᠣᠳᠣ ᠲᠠ ᠶᠠᠭᠠᠷᠠᠵᠤ ᠪᠠᠶᠠᠷᠯᠠᠵᠤ ᠪᠠᠢᠬᠤ ᠶ᠋ᠢ ᠨᠢ ᠮᠡᠳᠡᠵᠦ ᠪᠠᠢᠨ᠎ᠠ
ᠶᠠᠩᠵᠢᠩᠰᠠᠨ ᠪᠤᠷᠬᠠᠨ ᠰᠢᠭ᠋ ᠡᠵᠢ ᠮᠢᠨᠢ ᠠ᠋
ᠡᠩᠭᠡᠷ ᠡᠩᠭᠡᠷ ᠦ᠋ᠨ ᠡᠩᠬᠦᠷᠡᠢᠯᠡᠯ
ᠡᠨᠡ ᠽᠠᠮᠪᠤᠲᠢᠢᠪ ᠤ᠋ᠨ ᠬᠥᠮᠦᠰ
ᠡᠵᠢ ᠶ᠋ᠢᠨ ᠢ᠋ᠶ᠋ᠡᠨ ᠳᠡᠷᠭᠡᠳᠡ ᠦᠷᠭᠦᠯᠵᠢ ᠶ᠋ᠢᠨ ᠠᠮᠤᠭᠤᠯᠠᠩ

   ᠠᠮᠢᠯᠠᠭᠤᠯᠤᠭᠴᠢ᠄ ᠬᠠᠰᠴᠢᠮᠡᠭ
   ᠬᠢᠨᠠᠭᠴᠢ᠄ ᠣᠳᠬᠠᠨᠰᠸ᠎ᠠ ᠠᠯᠲᠠᠨ᠌ᠠ᠋ᠭᠤᠯᠠ