ᠬᠡᠭᠡᠷ᠎ᠡ ᠶ᠋ᠢᠨ ᠴᠠᠢ- ᠳ· ᠫᠦᠷᠪᠦᠳᠣᠷᠵᠢХээрийн цай-Д.Пүрэвдорж
ᠳ· ᠫᠦᠷᠪᠦᠳᠣᠷᠵᠢ
ᠬᠣᠯᠠ ᠵᠠᠮ ᠤ᠋ᠨ ᠲᠣᠭᠣᠰᠣᠨ ᠠ᠋ᠴᠠ ᠰᠤᠭᠤᠷᠠᠨ
ᠬᠣᠷᠣᠮᠬᠠᠨ ᠵᠠᠭᠤᠷ᠎ᠠ ᠦᠳᠡᠯᠡᠨ ᠰᠠᠭᠠᠳᠠᠬᠤᠢ
ᠬᠥᠬᠡ ᠲᠩᠷᠢ ᠳ᠋ᠦ᠍ ᠪᠠᠭᠤᠭᠰᠠᠨ ᠶᠤᠮ ᠰᠢᠭ᠋
ᠬᠥᠳᠡᠭᠡ ᠭᠠᠵᠠᠷ ᠰᠡᠳᠬᠢᠯ ᠲᠠᠯᠪᠢᠭᠤᠷᠠᠨᠠ
ᠭᠣᠯᠣᠮᠲᠠ ᠪᠠᠳᠠᠷᠠᠭᠠᠬᠤ ᠭᠤᠷᠪᠠᠨ ᠴᠢᠯᠠᠭᠤ
ᠭᠣᠣᠯ ᠤ᠋ᠨ ᠵᠠᠬ᠎ᠠ ᠳ᠋ᠤ᠌ ᠴᠢᠨᠳᠠᠮᠤᠨᠢᠯᠠᠨ ᠲᠤᠯᠬᠤᠢ ᠦᠳᠡ ᠶ᠋ᠢᠨ
ᠭᠠᠯ ᠤᠲᠤᠭ᠎ᠠ ᠦᠭᠡᠢ ᠨᠣᠴᠣᠵᠤ
ᠡᠭᠦᠯᠡ ᠬᠥᠪᠦᠭᠰᠡᠨ ᠴᠠᠢ ᠳᠡᠷᠬᠢᠨᠡ᠃
ᠰᠡᠩᠭᠢᠨᠡᠮ᠎ᠡ ᠬᠦᠢᠲᠡᠨ ᠠᠢᠷᠠᠭ ᠭᠡᠮᠡᠷ
ᠰᠡᠷᠢᠭᠦᠬᠡᠨ ᠠᠭᠠᠷ ᠠᠮᠢᠰᠬᠤᠭ᠎ᠠ ᠲᠡᠯᠡᠬᠦᠢ
ᠢᠰᠬᠡᠷᠬᠦ ᠲᠡᠳᠦᠢ ᠭᠠᠯ ᠬᠥᠭᠵᠢᠨ
ᠢᠳᠡᠭᠡᠰᠢᠬᠦ ᠴᠠᠢ ᠬᠠᠮᠠᠷ ᠴᠣᠷᠭᠢᠨ᠎ᠠ᠃
ᠬᠡᠭᠡᠷ᠎ᠡ ᠶ᠋ᠢᠨ ᠴᠠᠢ ᠠ᠋ᠴᠠ ᠨᠠᠪᠴᠢ ᠦᠨᠦᠷᠲᠦᠨ᠎ᠡ
ᠬᠡᠨᠵᠡ ᠨᠣᠭᠣᠭᠠᠨ ᠠᠭᠢ ᠦᠨᠦᠷᠲᠦᠨ᠎ᠡ
ᠰᠠᠢᠬᠠᠨ ᠴᠡᠴᠡᠭ ᠦ᠋ᠨ ᠪᠠᠯ ᠦᠨᠦᠷᠲᠦᠨ᠎ᠡ
ᠰᠠᠮᠤᠷᠤᠭᠠ ᠦᠭᠡᠢ ᠠᠲᠠᠯ᠎ᠠ ᠪᠠᠨ ᠰᠢᠷ᠎ᠠ ᠲᠣᠰᠣ ᠦᠨᠦᠷᠲᠦᠨ᠎ᠡ᠃
ᠠᠶᠠᠨ ᠤ᠋ ᠲᠣᠭᠣᠭᠠᠨ ᠳ᠋ᠤ᠌ ᠳᠡᠪᠡᠷᠡᠬᠦ ᠤᠮᠳᠠᠭᠠᠨ ᠠ᠋ᠴᠠ
ᠠᠶᠠᠭ᠎ᠠ ᠳᠦᠭᠦᠷᠡᠩ ᠳᠡᠭᠡᠵᠢᠯᠡᠵᠦ ᠰᠠᠭᠤᠬᠤᠢ
ᠠᠮᠢᠳᠤ ᠶᠠᠪᠤᠭ᠎ᠠ ᠳ᠋ᠤ᠌ ᠪᠠᠨ ᠤᠤᠭᠤᠵᠤ ᠦᠵᠡᠭᠡ ᠦᠭᠡᠢ
ᠠᠮᠲᠠᠲᠤ ᠴᠠᠢ ᠭᠡᠵᠦ ᠤᠤᠯᠭ᠎ᠠ ᠠᠯᠳᠠᠨ᠎ᠠ᠂
ᠡᠨᠡ ᠴᠠᠢ ᠠ᠋ᠴᠠ ᠠᠭᠠᠷ ᠠᠮᠲᠠᠭᠳᠠᠨ᠎ᠠ
ᠡᠵᠢ ᠶ᠋ᠢᠨ ᠴᠠᠢ ᠶ᠋ᠢᠨ ᠠᠭᠠᠭ ᠠᠮᠲᠠᠭᠳᠠᠨ᠎ᠠ
ᠡᠬᠡ ᠭᠠᠵᠠᠷ ᠤ᠋ᠨ ᠰᠢᠮ᠎ᠡ ᠠᠮᠲᠠᠭᠳᠠᠨ᠎ᠠ
ᠡᠰᠡ ᠰᠦᠯᠡᠪᠡᠴᠦ ᠰᠦ ᠠᠮᠲᠠᠭᠳᠠᠨ᠎ᠠ
ᠭᠠᠨᠵᠤᠭ᠎ᠠ ᠨᠡᠢᠯᠡᠬᠦ ᠠᠶᠠᠨ ᠤ᠋ ᠨᠥᠬᠥᠷ ᠲᠡᠢ
ᠭᠠᠷ ᠤ᠋ᠨ ᠴᠠᠢ ᠤᠤᠭᠤᠭᠠᠳ ᠮᠣᠷᠳᠠᠬᠤᠢ
ᠭᠠᠯ ᠤ᠋ᠨ ᠵᠠᠬ᠎ᠠ ᠳ᠋ᠤ᠌ ᠠᠯᠵᠢᠶᠠᠯ ᠬᠣᠴᠣᠷᠤᠨ
ᠭᠠᠵᠠᠷ ᠤ᠋ᠨ ᠬᠣᠯᠠ ᠣᠢᠷᠠᠬᠠᠨ ᠪᠣᠯᠤᠨ᠎ᠠ᠃
ᠦᠰᠦᠭ ᠠᠮᠢᠯᠠᠭᠤᠯᠤᠭᠴᠢ᠄ ᠳ·ᠢᠳᠰᠢᠩᠬᠣᠷᠯᠣ
ᠬᠢᠨᠠᠭᠴᠢ᠄ ᠭᠡᠭᠡᠷᠡᠯ᠂ ᠭᠠᠷᠮ᠎ᠠ᠂ ᠣᠳᠬᠠᠨᠰᠣ᠎ᠠ
