ᠬᠠᠭᠠᠨ ᠵᠠᠶᠠᠭ᠎ᠠ ᠲᠠᠢ ᠣᠷᠴᠢᠯᠠᠩ-ᠪ ᠪᠠᠲᠤᠡᠨᠡᠷᠢᠯ ᠰ ᠪᠠᠲᠤᠰᠦ᠋ᠬᠡ Khaan zayaatai orchlon-B.Bat-enerel S.BatsükhХаан заяатай орчлон-Б.Бат-энэрэл С.Батсүх ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠭᠠᠨ ᠵᠠᠶᠠᠭ᠎ᠠ ᠲᠠᠢ ᠣᠷᠴᠢᠯᠠᠩ-ᠪ ᠪᠠᠲᠤᠡᠨᠡᠷᠢᠯ ᠰ ᠪᠠᠲᠤᠰᠦ᠋ᠬᠡ Khaan zayaatai orchlon-B.Bat-enerel S.BatsükhХаан заяатай орчлон-Б.Бат-энэрэл С.Батсүх

ᠬᠠᠭᠠᠨ ᠵᠠᠶᠠᠭ᠎ᠠ ᠲᠠᠢ ᠣᠷᠴᠢᠯᠠᠩ-ᠪ ᠪᠠᠲᠤᠡᠨᠡᠷᠢᠯ ᠰ ᠪᠠᠲᠤᠰᠦ᠋ᠬᠡ Khaan zayaatai orchlon-B.Bat-enerel S.BatsükhХаан заяатай орчлон-Б.Бат-энэрэл С.Батсүх

2024-06-03

1059

ᠬᠠᠭᠠᠨ ᠵᠠᠶᠠᠭ᠎ᠠ ᠲᠠᠢ ᠣᠷᠴᠢᠯᠠᠩ

    ᠦᠭᠡ᠄ ᠪ᠊ · ᠲᠦᠪᠰᠢᠨ  
    ᠠᠶ᠎ᠠ᠄ ᠰ᠊ · ᠪᠠᠲᠤᠰᠦ᠋ᠬᠡ  
    ᠳᠠᠭᠤᠴᠢᠨ᠄ ᠪᠠᠲᠤᠡᠨᠡᠷᠢᠯ ᠂ ᠰ᠊ · ᠪᠠᠲᠤᠰᠦ᠋ᠬᠡ  

ᠶᠠᠳᠠᠷᠠᠭᠰᠠᠨ ᠦᠶ᠎ᠡ ᠳ᠋ᠦ᠍ ᠠᠨᠳᠠ ᠲᠠᠢ ᠪᠠᠢᠬᠤ ᠲᠦᠰᠢᠭ ᠲᠡᠢ  
ᠶᠠᠭᠠᠷᠠᠭᠰᠠᠨ ᠴᠠᠭ ᠲᠤ᠌ ᠨᠥᠬᠥᠳ ᠲᠡᠢ ᠪᠠᠢᠬᠤ ᠲᠤᠯᠭ᠎ᠠ ᠲᠠᠢ  
ᠥᠪᠡᠷ ᠲᠦ᠍ ᠪᠠᠢᠭ᠎ᠠ ᠰᠠᠢᠬᠠᠨ ᠪᠦᠬᠦᠨ ᠢ᠋ᠶ᠋ᠡᠨ ᠬᠤᠪᠢᠶᠠᠯᠴᠠᠬᠤ ᠵᠢᠷᠭᠠᠯ ᠲᠠᠢ  
ᠬᠠᠨ ᠢᠲᠡᠭᠡᠯ ᠬᠠᠨᠢ ᠰᠡᠳᠬᠢᠯ ᠬᠠᠭᠠᠨ ᠵᠠᠶᠠᠭ᠎ᠠ  

ᠭᠤᠳᠤᠷᠠᠭᠰᠠᠨ ᠦᠶ᠎ᠡ ᠳ᠋ᠦ᠍ ᠠᠪᠤᠷᠠᠬᠤ ᠨᠢ ᠤᠷᠮ᠎ᠠ ᠲᠠᠢ ᠳᠠ  
ᠭᠤᠲᠤᠭᠰᠠᠨ ᠦᠶ᠎ᠡ ᠳ᠋ᠦ᠍ ᠠᠴᠢᠯᠠᠬᠤ ᠨᠢ ᠣᠨᠳᠣᠷᠣᠭ᠎ᠠ ᠲᠠᠢ  
ᠥᠷᠢ ᠨᠡᠬᠡᠬᠦ ᠦᠭᠡᠢ ᠲᠤᠰᠠ ᠶ᠋ᠢᠨ ᠬᠠᠷᠢᠭᠤ ᠦᠨᠡᠬᠡᠷ ᠦ᠋ᠨ ᠭᠠᠢᠬᠠᠯ ᠲᠠᠢ
ᠬᠠᠨ ᠢᠲᠡᠭᠡᠯ ᠬᠠᠨᠢ ᠰᠡᠳᠬᠢᠯ ᠬᠠᠭᠠᠨ ᠵᠠᠶᠠᠭ᠎ᠠ

ᠥᠷᠢ ᠨᠡᠬᠡᠬᠦ ᠦᠭᠡᠢ ᠲᠤᠰᠠ ᠶ᠋ᠢᠨ ᠬᠠᠷᠢᠭᠤ ᠦᠨᠡᠬᠡᠷ ᠦ᠋ᠨ ᠭᠠᠢᠬᠠᠯ ᠲᠠᠢ
ᠡᠩ ᠲᠡᠩᠴᠡᠭᠦᠦ ᠬᠠᠨ᠎ᠠ ᠴᠢᠴᠠᠤ ᠬᠠᠭᠠᠨ ᠵᠠᠶᠠᠭ᠎ᠠ 
ᠲᠠᠭᠠᠷᠠᠬᠤ ᠪᠠᠷ ᠢ᠋ᠶ᠋ᠠᠨ ᠵᠠᠪᠠᠯ ᠡᠪᠦᠯ ᠢ᠋ ᠮᠡᠳᠡᠷᠡᠬᠦ ᠭᠡᠵᠦ ᠤᠤ
ᠶᠠᠭᠠᠷᠠᠬᠤ ᠪᠠᠷ ᠢ᠋ᠶ᠋ᠠᠨ ᠵᠠᠪᠠᠯ ᠥᠷᠥᠭᠡᠯ ᠡᠴᠡ ᠭᠤᠶᠤᠬᠤ ᠭᠡᠵᠦ ᠤᠤ
ᠭᠡᠮᠰᠢᠬᠦ ᠨᠢ ᠲᠠᠩᠳᠠ ᠬᠣᠵᠢᠮᠳᠠᠵᠤ ᠢᠷᠡᠬᠦ ᠤᠴᠢᠷ ᠲᠠᠢ ᠭᠡᠵᠦ ᠤᠤ
ᠬᠠᠨ ᠢᠲᠡᠭᠡᠯ ᠬᠠᠨᠢ ᠰᠡᠳᠬᠢᠯ ᠬᠠᠭᠠᠨ ᠵᠠᠶᠠᠭ᠎ᠠ

ᠡᠯᠦᠨᠴᠡ ᠡᠪᠦᠭᠡᠳ ᠦ᠋ᠨ ᠰᠤᠷᠭᠠᠯ ᠢ᠋ ᠮᠠᠷᠲᠠᠭ᠎ᠠ ᠦᠭᠡᠢ
ᠢᠰᠡᠭᠡᠢ ᠭᠦᠷᠦᠨ ᠦ᠌ ᠬᠥᠰᠬᠡ ᠨᠢ ᠰᠠᠭᠠᠲᠠᠭ᠎ᠠ ᠦᠭᠡᠢ
ᠡᠬᠡ ᠶ᠋ᠢᠨ ᠰᠡᠳᠬᠢᠯ ᠦᠷ᠎ᠡ ᠪᠡᠨ ᠭᠣᠯᠣᠭᠠᠳ ᠡᠭᠡᠳᠡᠬᠦ ᠶ᠋ᠢ ᠦᠵᠡᠭᠡ ᠦᠭᠡᠢ
ᠡᠩ ᠲᠡᠩᠴᠡᠭᠦᠦ ᠬᠠᠨ᠎ᠠ ᠴᠢᠴᠠᠤ ᠬᠠᠭᠠᠨ ᠵᠠᠶᠠᠭ᠎ᠠ
ᠡᠬᠡ ᠶ᠋ᠢᠨ ᠰᠡᠳᠬᠢᠯ ᠦᠷ᠎ᠡ ᠪᠡᠨ ᠭᠣᠯᠣᠭᠠᠳ ᠡᠭᠡᠳᠡᠬᠦ ᠶ᠋ᠢ ᠦᠵᠡᠭᠡ ᠦᠭᠡᠢ
ᠡᠩ ᠲᠡᠩᠴᠡᠭᠦᠦ ᠬᠠᠨ᠎ᠠ ᠴᠢᠴᠠᠤ ᠬᠠᠭᠠᠨ ᠵᠠᠶᠠᠭ᠎ᠠ

   ᠦᠰᠦᠭ ᠠᠮᠢᠯᠠᠭᠤᠯᠤᠭᠴᠢ᠄ ᠪᠠᠶᠠᠨᠴᠡᠴᠡᠭ
   ᠬᠢᠨᠠᠭᠴᠢ᠄ ᠴᠠᠬᠠᠷ ᠪᠠᠲᠤ᠂ ᠣᠳᠬᠠᠨᠰᠣ᠎ᠠ