ᠡᠷᠳᠡᠮ ᠰᠤᠷᠬᠤ ᠠ᠋ᠴᠠ ᠢᠯᠡᠭᠦᠦ ᠡᠷᠳᠡᠨᠢ ᠦᠭᠡᠢЭрдэм сурахаас илүү эрдэнгүй
ᠨᠠᠷᠠᠨ ᠤ᠋ ᠭᠡᠷᠡᠯ ᠬᠤᠷᠴᠠ ᠪᠣᠯᠬᠤ ᠳ᠋ᠤ᠌
ᠡᠭᠦᠯᠡ ᠦᠭᠡᠢ ᠪᠣᠯ ᠨᠡᠩ ᠰᠠᠢᠨ
ᠨᠠᠰᠤ ᠪᠠᠭ᠎ᠠ ᠡᠷᠳᠡᠮ ᠰᠤᠷᠬᠤ ᠳ᠋ᠤ᠌
ᠵᠠᠯᠬᠠᠭᠤ ᠦᠭᠡᠢ ᠪᠣᠯ ᠳᠠᠩᠴᠢ ᠰᠠᠢᠨ
ᠨᠠᠰᠤᠨ ᠤ᠋ ᠪᠠᠭ᠎ᠠ ᠳ᠋ᠤ᠌ ᠡᠷᠳᠡᠮ ᠰᠤᠷᠪᠠᠯ
ᠥᠷᠯᠥᠭᠡᠨ ᠦ᠌ ᠨᠠᠷᠠᠨ ᠮᠡᠲᠦ
ᠨᠠᠰᠤᠨ ᠤ᠋ ᠶᠡᠬᠡ ᠳ᠋ᠦ᠍ ᠡᠷᠳᠡᠮ ᠰᠤᠷᠪᠠᠯ
ᠣᠷᠣᠢ ᠶ᠋ᠢᠨ ᠨᠠᠷᠠᠨ ᠮᠡᠲᠦ
ᠥᠲᠡᠯᠲᠡᠯ᠎ᠡ ᠡᠷᠳᠡᠮ ᠡᠰᠡ ᠰᠤᠷᠪᠠᠯ
ᠬᠠᠷᠠᠩᠭᠤᠢ ᠰᠥᠨᠢ ᠮᠡᠲᠦ
ᠳᠡᠯᠭᠡᠷᠡᠬᠦ ᠵᠠᠯᠠᠭᠤ ᠨᠠᠰᠤᠨ ᠳ᠋ᠤ᠌ ᠪᠠᠨ ᠡᠷᠳᠡᠮ ᠤᠬᠠᠭᠠᠨ ᠢ᠋ ᠰᠤᠷ
ᠰᠤᠷᠤᠭᠰᠠᠨ ᠡᠷᠳᠡᠮ ᠡᠴᠡ ᠢᠯᠡᠭᠦᠦ
ᠰᠤᠪᠤᠳ ᠡᠷᠳᠡᠨᠢ ᠦᠭᠡᠢ᠃
※ ᠢᠷᠡᠯᠲᠡ᠄
ᠺᠢᠷᠢᠯ ᠦᠰᠦᠭ ᠰᠤᠷᠬᠤ ᠪᠢᠴᠢᠭ —
ᠥᠪᠥᠷ ᠮᠣᠩᠭᠣᠯ ᠤ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ
ᠦᠰᠦᠭ ᠠᠮᠢᠯᠠᠭᠤᠯᠤᠭᠴᠢ᠄ ᠣᠳᠬᠠᠨᠴᠡᠴᠡᠭ
ᠬᠢᠨᠠᠭᠴᠢ ᠪᠠᠭᠰᠢ᠄ ᠭᠠᠷᠮ᠎ᠠ᠂ ᠣᠳᠬᠠᠨᠰᠣ᠎ᠠ
