ᠨᠢᠶᠠᠨ ᠢ᠋ ᠬᠣᠷᠢᠪᠠ- ᠳ· ᠨᠠᠴᠤᠭᠳᠣᠷᠵᠢНяныг хорив-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠢᠶᠠᠨ ᠢ᠋ ᠬᠣᠷᠢᠪᠠ- ᠳ· ᠨᠠᠴᠤᠭᠳᠣᠷᠵᠢНяныг хорив-Д.Нацагдорж

ᠨᠢᠶᠠᠨ ᠢ᠋ ᠬᠣᠷᠢᠪᠠ- ᠳ· ᠨᠠᠴᠤᠭᠳᠣᠷᠵᠢНяныг хорив-Д.Нацагдорж

2024-06-03

282

         ᠳ· ᠨᠠᠴᠤᠭᠳᠣᠷᠵᠢ 
ᠣᠷᠣᠬᠤ ᠣᠷᠣᠨ ᠦᠭᠡᠢ ᠨᠢᠶᠠᠨ 
ᠣᠷᠣᠰᠢᠬᠤ ᠭᠠᠵᠠᠷ ᠢ᠋ ᠡᠷᠢᠨ᠎ᠡ᠃
ᠣᠯᠠᠨ ᠤ᠋ ᠴᠤᠭᠯᠠᠷᠠᠭᠰᠠᠨ ᠭᠠᠵᠠᠷ 
ᠣᠢᠷᠠᠲᠤᠬᠤ ᠳ᠋ᠠᠭᠠᠨ ᠪᠠᠶᠠᠷᠯᠠᠨ᠎ᠠ᠃

ᠬᠣᠭᠣᠰᠣᠨ ᠰᠠᠯᠬᠢᠨ ᠳ᠋ᠤ᠌ ᠬᠡᠢᠰᠦᠭᠰᠡᠭᠡᠷ 
ᠬᠠᠢᠬᠤᠷᠤᠮᠵᠢ ᠦᠭᠡᠢ ᠬᠥᠮᠦᠨ ᠢ᠋ᠶ᠋ᠡᠷ ᠳᠠᠮᠵᠢᠭᠰᠠᠭᠠᠷ 
ᠬᠦᠷᠦᠭᠰᠡᠨ ᠬᠥᠮᠦᠨ ᠢ᠋ ᠬᠣᠣᠷᠯᠠᠵᠤ ᠴᠢᠳᠠᠨ᠎ᠠ᠃
ᠬᠡᠦᠬᠡᠳ ᠪᠠᠭᠠᠴᠤᠳ ᠢ᠋ ᠦᠬᠦᠭᠦᠯᠵᠦ ᠴᠢᠳᠠᠨ᠎ᠠ᠃

ᠪᠠᠳᠢᠷᠴᠢᠨ ᠤ᠋ ᠳᠣᠪᠣ ᠠ᠋ᠴᠠ ᠭᠠᠷᠪᠠ᠃
ᠪᠠᠷᠠᠭᠤᠨ ᠬᠣᠷᠢᠶ᠎ᠠ ᠪᠠᠷ ᠳᠠᠭᠠᠷᠢᠪᠠ᠃
ᠥᠷᠲᠥᠭᠰᠡᠨ ᠬᠥᠮᠦᠨ ᠳ᠋ᠦ᠍ ᠬᠠᠯᠳᠠᠪᠠ᠃
ᠣᠯᠠᠩᠬᠢ ᠶᠡᠬᠡᠩᠬᠢ ᠶ᠋ᠢ ᠦᠬᠦᠭᠦᠯᠪᠡ᠃

ᠬᠡᠢ ᠮᠣᠷᠢ ᠵᠠᠯᠢ ᠨᠢ ᠳᠡᠯᠭᠡᠷᠡᠪᠡ᠃
ᠭᠡᠰᠢᠭᠦᠨ ᠨᠥᠬᠥᠳ ᠨᠢ ᠣᠯᠠᠰᠢᠷᠠᠪᠠ᠃
ᠤᠯᠠᠮ ᠴᠢᠨᠠᠭᠰᠢᠳᠠ ᠶᠠᠪᠤᠪᠠ᠃
ᠤᠷᠲᠤ ᠪᠠᠢᠰᠢᠩ ᠳ᠋ᠤ᠌ ᠣᠷᠣᠪᠠ᠃

ᠲᠣᠭ᠎ᠠ ᠲᠣᠮᠰᠢ ᠦᠭᠡᠢ ᠪᠠᠭᠠᠴᠤᠳ ᠤ᠋ᠨ
ᠳᠣᠲᠣᠷ᠎ᠠ ᠨᠢ ᠣᠷᠣᠭᠠᠳ ᠪᠠᠶᠠᠷᠯᠠᠪᠠ᠃
ᠵᠠᠯᠠᠭᠤ ᠰᠠᠢᠬᠠᠨ ᠬᠥᠮᠦᠰ ᠪᠠᠢᠨ᠎ᠠ᠃
ᠵᠠᠵᠢᠯᠵᠤ ᠢᠳᠡᠬᠦ ᠳ᠋ᠦ᠍ ᠵᠥᠭᠡᠯᠡᠨ ᠪᠢᠵᠡ᠃

ᠣᠷᠣᠬᠤ ᠣᠷᠣᠨ ᠴᠤ ᠲᠣᠬᠢᠶᠠᠯᠳᠤᠪᠠ᠃
ᠣᠳᠣ ᠵᠢᠷᠭᠠᠬᠤ ᠴᠤ ᠪᠣᠯᠪᠠ᠃
ᠦᠷᠡᠵᠢᠬᠦ ᠥᠰᠬᠦ ᠮᠢᠨᠢ ᠮᠠᠭᠠᠳ ᠪᠢᠵᠡ
ᠦᠬᠦᠭᠦᠯᠵᠦ ᠬᠣᠣᠷᠯᠠᠬᠤ ᠮᠢᠨᠢ ᠦᠨᠡᠬᠡᠷ᠃

ᠬᠥᠮᠦᠨ ᠪᠦᠬᠦᠨ ᠳ᠋ᠦ᠍ ᠲᠠᠷᠠᠭᠠᠳ
ᠭᠦᠶᠦᠬᠦ ᠰᠤᠳᠠᠯ ᠢ᠋ᠶ᠋ᠠᠷ ᠨᠢ ᠲᠠᠪᠰᠢᠭᠰᠠᠨ
ᠬᠦᠴᠦ ᠲᠡᠢ ᠯᠸᠢᠢᠺᠦᠼᠢᠲ② ᠲᠦ ᠲᠣᠬᠢᠶᠠᠯᠳᠤᠵᠤ᠂
ᠬᠣᠷᠣᠮᠬᠠᠨ ᠵᠠᠭᠤᠷ᠎ᠠ ᠳᠠᠷᠤᠭᠳᠠᠪᠠ᠃

ᠰᠤᠷᠭᠠᠭᠤᠯᠢ ᠪᠣᠯᠪᠠᠰᠤᠷᠠᠯ ᠤ᠋ᠨ ᠭᠠᠵᠠᠷ ᠰᠠᠨᠵᠢ᠂
ᠰᠣᠶᠣᠯ ᠤ᠋ᠨ ᠲᠠᠷᠢᠯᠭ᠎ᠠ ᠦᠢᠯᠡᠳᠦᠭᠰᠡᠨ ᠰᠠᠨᠵᠢ᠂
ᠨᠢᠭᠡ ᠴᠦ᠍ ᠬᠥᠮᠦᠨ ᠭᠡᠮᠲᠦᠭᠰᠡᠨ ᠦᠭᠡᠢ ᠰᠠᠨᠵᠢ
ᠨᠢᠶᠠᠨ ᠬᠣᠷᠣᠬᠠᠢ ᠨᠢᠲᠣᠯᠣᠭᠳᠠᠭᠰᠠᠨ ᠰᠠᠨᠵᠢ᠂

ᠬᠣᠶᠠᠷ ᠭᠤᠷᠪᠠᠨ ᠨᠢᠶᠠᠨ ᠦᠯᠡᠳᠡᠭᠡᠰᠡ ᠰᠠᠨᠵᠢ᠂
ᠬᠠᠮᠢᠭᠠᠰᠢ ᠪᠠᠨ ᠶᠠᠪᠤᠬᠤ ᠶ᠋ᠢ ᠭᠠᠢᠬᠠᠭᠰᠠᠨ ᠰᠠᠨᠵᠢ᠂
ᠭᠠᠯᠴᠢ ᠨᠢᠭᠡ ᠬᠥᠮᠦᠨ ᠳ᠋ᠦ᠍ ᠬᠠᠯᠳᠠᠭᠳᠠᠭᠰᠠᠨ ᠰᠠᠨᠵᠢ᠂
ᠬᠠᠯᠠᠭᠤᠷᠠᠭᠤᠯᠵᠤ᠂ ᠰᠠᠨᠳᠤᠷᠤᠭᠤᠯᠵᠤ ᠪᠠᠢᠭᠰᠠᠨ ᠰᠠᠨᠵᠢ᠂

ᠬᠤᠷᠳᠤᠨ ᠲᠤᠰᠠᠯᠠᠭᠴᠢ ᠢᠷᠡᠪᠡ᠃
ᠰᠤᠪᠢᠯᠠᠬᠤ ᠭᠠᠵᠠᠷ ᠠᠪᠠᠴᠢᠪᠠ᠃
ᠡᠷᠡᠭᠦᠯ ᠢ᠋ ᠬᠠᠮᠠᠭᠠᠯᠠᠬᠤ ᠳ᠋ᠤ᠌ ᠣᠴᠢᠪᠠ᠃
ᠡᠮᠴᠢ ᠳ᠋ᠣᠺᠲ᠋ᠣᠷ ᠴᠤᠭᠯᠠᠷᠠᠪᠠ᠃

ᠬᠠᠯᠠᠭᠤᠨ ᠴᠢᠰᠤ ᠶ᠋ᠢ ᠠᠪᠤᠪᠠ᠃
ᠬᠡᠰᠡᠭ ᠨᠢᠶᠠᠨ ᠣᠷᠣᠯᠴᠠᠪᠠ᠃
ᠬᠠᠢᠷᠴᠠᠭ ᠲᠤ ᠬᠢᠭᠡᠳ ᠢᠯᠡᠭᠡᠪᠡ᠃
ᠪᠠᠢᠴᠠᠭᠠᠬᠤ ᠭᠠᠵᠠᠷ ᠬᠦᠷᠭᠡᠭᠳᠡᠪᠡ᠃

ᠥᠩᠭᠡ ᠶ᠋ᠢᠨ ᠪᠣᠳᠣᠭ ᠲᠤ ᠬᠣᠯᠢᠭᠤᠯᠪᠠ᠃
ᠬᠠᠩᠭᠠᠢ ᠶ᠋ᠢᠨ ᠶᠠᠭᠤᠮᠠᠰ ᠲᠤ ᠬᠤᠳᠬᠤᠭᠤᠯᠪᠠ᠃
ᠤᠬᠠᠭᠠᠨ ᠰᠡᠭᠡᠭᠡ ᠶ᠋ᠢ ᠠᠯᠳᠠᠭᠠᠳ
ᠳᠤᠷᠠᠨ ᠤ᠋ ᠠᠮᠠᠨ ᠳ᠋ᠤ᠌ ᠨᠢᠭᠲᠠᠯᠠᠭᠤᠯᠪᠠ᠃

ᠶᠠᠪᠤᠭᠰᠠᠭᠠᠷ ᠶᠠᠪᠤᠭᠰᠠᠭᠠᠷ ᠪᠠᠷᠢᠭᠳᠠᠪᠠ᠃
ᠶᠠᠭᠤ ᠪᠣᠯᠬᠤ ᠪᠠᠨ ᠲᠠᠨᠢᠭᠳᠠᠪᠠ᠃
ᠥᠪᠡᠷ ᠢ᠋ ᠨᠢ ᠲᠦᠯᠡᠭᠡᠳ ᠠᠯᠠᠪᠠ᠃
ᠨᠥᠬᠥᠳ ᠢ᠋ ᠨᠢ ᠡᠷᠢᠭᠡᠳ ᠭᠠᠷᠪᠠ᠃

ᠡᠪᠡᠳᠴᠢᠲᠡᠢ ᠬᠥᠮᠦᠨ ᠳᠡᠭᠡᠷ᠎ᠡ ᠣᠴᠢᠪᠠ᠃
ᠡᠮᠴᠢ ᠳ᠋ᠣᠺᠲ᠋ᠣᠷ ᠭᠠᠷᠪᠠ᠃
ᠬᠠᠳᠬᠤᠵᠤ ᠡᠮ ᠢ᠋ ᠣᠷᠣᠭᠤᠯᠪᠠ᠃
ᠬᠠᠮᠤᠭ ᠨᠢᠶᠠᠨ ᠬᠣᠣᠷᠠᠳᠠᠪᠠ᠃

ᠪᠦᠳᠦᠭᠦᠨ ᠯᠠᠮᠠ ᠠ᠋ᠴᠠ ᠠᠶᠤᠭᠰᠠᠨ ᠦᠭᠡᠢ
ᠪᠦᠰᠡᠭᠦᠢ ᠰᠤᠪᠢᠯᠠᠭᠴᠢ ᠠ᠋ᠴᠠ ᠠᠶᠤᠪᠠ᠃
ᠲᠣᠷᠲᠣᠭ ᠵᠢᠩᠰᠡᠷᠭᠡ ᠳ᠋ᠦ᠍ ᠲᠦᠯᠡᠭᠳᠡᠭᠰᠡᠨ ᠦᠭᠡᠢ
ᠳᠤᠰᠤᠯ ᠡᠮ ᠳ᠋ᠦ᠍ ᠰᠦᠨᠦᠭᠡᠭᠳᠡᠪᠡ᠃

ᠰᠤᠷᠭᠠᠭᠤᠯᠢ ᠶ᠋ᠢᠨ ᠭᠠᠵᠠᠷ ᠪᠠᠷᠢᠭᠳᠠᠪᠠ᠃
ᠡᠷᠡᠭᠦᠯ ᠢ᠋ ᠬᠠᠮᠠᠭᠠᠯᠠᠬᠤ ᠳ᠋ᠤ᠌ ᠬᠦᠷᠭᠡᠭᠳᠡᠪᠡ᠃
ᠢᠩᠬᠡᠵᠦ ᠶᠠᠪᠤᠭᠰᠠᠭᠠᠷ ᠰᠥᠨᠥᠪᠡ᠃
ᠲᠡᠭᠡᠵᠦ ᠪᠠᠢᠬᠤ ᠨᠢ ᠵᠦᠢᠲᠡᠢ᠃

        1935 ᠣᠨ

① ᠨᠢᠶᠠᠨ— ᠮᠢᠺᠷᠣᠪ
② ᠯᠸᠢᠢᠺᠦᠼᠢᠲ— ᠴᠢᠰᠤᠨ ᠤ᠋ ᠴᠠᠭᠠᠨ ᠴᠣᠭᠴᠠᠰ᠃

    ᠦᠰᠦᠭ ᠠᠮᠢᠯᠠᠭᠤᠯᠤᠭᠴᠢ᠄ ᠣᠶᠤᠨᠪᠠᠲᠤ
    ᠬᠢᠨᠠᠭᠴᠢ᠄ ᠣᠳᠬᠠᠨᠰᠣ᠎ᠠ