ᠮᠣᠩᠭᠣᠯ ᠤ᠋ᠨ ᠦᠷᠡᠰ ᠮᠠᠰᠢ ᠣᠯᠠᠨ ᠪᠣᠯᠲᠤᠭᠠᠢ! - ᠳ· ᠨᠠᠴᠤᠭᠳᠣᠷᠵᠢМонголын үрс маш олон болтугай!-Д.Нацагдорж
ᠳ· ᠨᠠᠴᠤᠭᠳᠣᠷᠵᠢ
ᠡᠬᠡ ᠶ᠋ᠢᠨ ᠤᠮᠠᠢ ᠠ᠋ᠴᠠ ᠲᠦᠷᠦᠮᠡᠭᠴᠡ
ᠮᠣᠩᠭᠣᠯ ᠤᠭᠰᠠᠭᠠᠨ ᠤ᠋ ᠲᠡᠮᠳᠡᠭ ᠲᠡᠢ
ᠵᠥᠭᠡᠯᠡᠨ ᠬᠠᠷᠠᠯᠢᠭ ᠦᠰᠦ ᠲᠡᠢ
ᠲᠣᠷᠮᠣᠭᠣᠷ ᠬᠠᠷ᠎ᠠ ᠨᠢᠳᠦ ᠲᠡᠢ᠃
ᠡᠴᠢᠭᠡ ᠡᠬᠡ ᠬᠣᠶᠠᠷ ᠨᠢ
ᠨᠢᠷᠠᠢ ᠬᠡᠦᠬᠡᠳ ᠢ᠋ᠶ᠋ᠡᠨ ᠬᠠᠢᠷᠠᠯᠠᠨ᠎ᠠ᠃
ᠡᠨᠡ ᠵᠠᠰᠠᠭ ᠤ᠋ᠨ ᠵᠣᠷᠢᠯᠭ᠎ᠠ
ᠨᠢᠯᠬᠠᠰ ᠪᠦᠬᠦᠨ ᠢ᠋ ᠠᠰᠠᠷᠠᠨ᠎ᠠ᠃
ᠨᠢᠯᠬᠠᠰ ᠬᠡᠦᠬᠡᠳ ᠪᠣᠢᠵᠢᠪᠠᠯ
ᠤᠯᠤᠰ ᠥᠷᠨᠢᠬᠦ ᠶ᠋ᠢᠨ ᠲᠡᠮᠳᠡᠭ᠃
ᠨᠢᠯᠬᠠᠰ ᠤ᠋ᠨ ᠡᠪᠡᠳᠴᠢᠨ ᠭᠡᠭᠴᠢ
ᠭᠠᠭᠴᠠ ᠬᠦ᠌ ᠲᠡᠭᠦᠨ ᠦ᠌ ᠳᠠᠢᠰᠤᠨ᠃
ᠬᠠᠭᠤᠴᠢᠨ ᠤ᠋ ᠪᠦᠳᠦᠭᠦᠯᠢᠭ ᠪᠠᠢᠳᠠᠯ ᠢ᠋ᠶ᠋ᠠᠷ
ᠬᠡᠦᠬᠡᠳ ᠢ᠋ ᠰᠤᠪᠢᠯᠠᠵᠤ ᠪᠣᠯᠳᠠᠭ ᠦᠭᠡᠢ᠃
ᠬᠡᠴᠢᠨᠡᠨ ᠲᠦᠮᠡᠨ ᠨᠢᠯᠬᠠᠰ ᠢ᠋
ᠲᠡᠭᠦᠨ ᠦ᠌ ᠬᠠᠷᠠᠭ᠎ᠠ ᠪᠠᠷ ᠠᠯᠳᠠᠳᠠᠭ ᠰᠢᠦ᠃
ᠦᠷ᠎ᠡ ᠬᠡᠦᠬᠡᠳ ᠢ᠋ᠶ᠋ᠡᠨ ᠦᠬᠦᠭᠦᠯᠪᠡᠯ
ᠡᠴᠢᠭᠡ ᠡᠬᠡ ᠨᠢ ᠨᠢᠯᠪᠤᠰᠤ ᠲᠠᠢ᠃
ᠡᠭᠦᠪᠡᠷ ᠦᠯᠦ ᠪᠠᠷᠠᠮ
ᠤᠯᠤᠰ ᠲᠥᠷᠥ ᠳ᠋ᠡᠭᠡᠨ ᠭᠠᠷᠤᠵᠠ ᠲᠠᠢ᠃
ᠲᠦᠮᠡᠨ ᠣᠯᠠᠨ ᠠᠷᠠᠳ ᠤ᠋ᠳ ᠠ᠋
ᠲᠡᠭᠦᠨ ᠢ᠋ ᠰᠠᠢᠬᠠᠨ ᠮᠡᠳᠡᠭᠡᠷᠡᠢ᠃
ᠨᠢᠯᠬᠠᠰ ᠢ᠋ ᠬᠠᠮᠠᠭᠠᠯᠠᠬᠤ ᠭᠠᠵᠠᠷ
ᠬᠡᠦᠬᠡᠳ ᠪᠦᠬᠦᠨ ᠢ᠋ ᠰᠤᠪᠢᠯᠠᠨ᠎ᠠ
ᠨᠢᠷᠠᠢ ᠬᠡᠦᠬᠡᠳ ᠡᠷᠡᠭᠦᠯ ᠪᠣᠯ
ᠪᠣᠢᠵᠢᠬᠤ ᠬᠥᠮᠦᠵᠢᠬᠦ ᠳ᠋ᠡᠭᠡᠨ ᠬᠤᠷᠳᠤᠨ᠂
ᠢᠨᠢᠶᠡᠮᠰᠦᠭᠯᠡᠬᠦ ᠬᠥᠭᠡᠷᠦᠬᠦᠨ ᠴᠢᠷᠠᠢ ᠪᠠᠷ
ᠡᠴᠢᠭᠡ ᠡᠬᠡ ᠪᠡᠨ ᠪᠠᠶᠠᠷᠯᠠᠭᠤᠯᠤᠨ᠎ᠠ᠃
ᠤᠯᠤᠰ ᠲᠥᠷᠥ ᠪᠡᠨ ᠪᠣᠳᠣᠪᠠᠯ
ᠨᠢᠯᠬᠠᠰ ᠬᠡᠦᠬᠡᠳ ᠢ᠋ ᠠᠰᠠᠷᠠ᠃
ᠪᠢᠳᠡᠨ ᠦ᠌ ᠦᠷᠡᠰ ᠦᠷᠡᠵᠢᠪᠡᠯ
ᠴᠤᠭᠭᠠᠷ ᠢ᠋ᠶ᠋ᠠᠨ ᠴᠤᠭᠭᠠᠷ ᠢ᠋ᠶ᠋ᠠᠨ ᠪᠠᠶᠠᠰᠬᠤᠯᠠᠩᠲᠠᠢ᠃
1934 ᠣᠨ
ᠦᠰᠦᠭ ᠠᠮᠢᠯᠠᠭᠤᠯᠤᠭᠴᠢ᠄ ᠲᠣᠭᠳᠠᠭᠤᠨᠪᠠᠶᠠᠷ
ᠬᠢᠨᠠᠭᠴᠢ᠄ ᠰᠡᠬᠡᠭᠡᠷᠡᠯ᠂ ᠣᠳᠬᠠᠨᠰᠣ᠎ᠠ
