ᠰᠢᠨ᠎ᠡ ᠡᠮᠨᠡᠯᠭᠡ - ᠳ· ᠨᠠᠴᠤᠭᠳᠣᠷᠵᠢШинэ эмнэлэг-Д.Нацагдорж
ᠳ· ᠨᠠᠴᠤᠭᠳᠣᠷᠵᠢ
ᠰᠢᠨ᠎ᠡ ᠶᠣᠰᠣ ᠮᠠᠨᠳᠤᠵᠤ ᠰᠢᠨᠵᠢᠯᠡᠬᠦ ᠤᠬᠠᠭᠠᠨ ᠤ᠋ ᠡᠮᠨᠡᠯᠭᠡ ᠳᠡᠯᠭᠡᠷᠡᠬᠦ ᠳ᠋ᠦ᠍
ᠰᠢᠨ᠎ᠡ ᠴᠠᠭ ᠤ᠋ᠨ ᠬᠥᠮᠦᠰ ᠰᠢᠮ᠎ᠡ ᠦᠷ᠎ᠡ ᠶ᠋ᠢ ᠨᠢ ᠬᠦᠷᠲᠡᠨ᠎ᠡ᠃
ᠰᠦᠰᠦᠭ ᠪᠢᠰᠢᠷᠡᠯ ᠦ᠋ᠨ ᠡᠮᠨᠡᠯᠭᠡ ᠬᠥᠰᠡᠷᠳᠡᠵᠦ ᠰᠢᠯᠢ ᠲᠠᠯ᠎ᠠ ᠳ᠋ᠤ᠌ ᠬᠠᠶᠠᠭᠳᠠᠬᠤ ᠳ᠋ᠤ᠌
ᠬᠡᠩᠭᠡᠷᠭᠡ ᠴᠠᠩ ᠤ᠋ᠨ ᠳᠠᠭᠤ ᠵᠥᠭᠡᠯᠡᠨ ᠢ᠋ᠶ᠋ᠡᠷ ᠬᠣᠯᠠᠳᠤᠨ᠎ᠠ᠃
ᠪᠦᠳᠦᠭᠦᠯᠢᠭ ᠡᠮᠨᠡᠯᠭᠡ ᠶ᠋ᠢ ᠳᠠᠩ ᠭᠠᠭᠴᠠᠭᠠᠷ ᠰᠢᠲᠦᠭᠰᠡᠭᠡᠷ
ᠪᠦᠲᠦᠨ ᠭᠤᠷᠪᠠᠨ ᠵᠠᠭᠤᠨ ᠵᠢᠯ ᠡᠴᠢᠭᠡ ᠡᠪᠦᠭᠡ ᠶ᠋ᠢ ᠦᠳᠡᠪᠡ᠃
ᠪᠣᠳᠠᠰ ᠤ᠋ᠨ ᠶᠣᠰᠣᠨ ᠤ᠋ ᠰᠢᠨ᠎ᠡ ᠡᠮᠨᠡᠯᠭᠡ ᠭᠠᠷᠴᠤ ᠢᠷᠡᠬᠦ ᠳ᠋ᠦ᠍
ᠪᠤᠷᠤᠭᠤ ᠵᠥᠪ ᠢ᠋ ᠰᠠᠶᠢ ᠪᠢᠳᠡ ᠢᠯᠭᠠᠨ ᠲᠠᠨᠢᠪᠠ᠃
ᠬᠠᠭᠤᠴᠢᠨ ᠤ᠋ ᠪᠦᠳᠦᠭᠦᠯᠢᠭ ᠢ᠋ ᠠᠩᠬᠠᠷᠤᠨ ᠲᠠᠨᠢᠵᠤ
ᠬᠤᠷᠳᠤᠨ ᠠᠨᠠᠭᠠᠭᠴᠢ ᠡᠮᠨᠡᠯᠭᠡ ᠶ᠋ᠢ ᠥᠷᠭᠡᠳᠬᠡᠨ ᠳᠡᠯᠭᠡᠷᠡᠭᠦᠯᠪᠡᠯ
ᠬᠥᠮᠦᠨ ᠪᠦᠬᠦᠨ ᠠᠶᠠᠨᠳᠠᠭᠠᠨ ᠤᠬᠠᠭᠠᠷᠠᠬᠤ ᠪᠥᠭᠡᠳ
ᠬᠣᠢᠴᠢ ᠶ᠋ᠢᠨ ᠡᠷᠡᠭᠦᠯ ᠡᠩᠬᠡ ᠶ᠋ᠢᠨ ᠵᠠᠮ ᠨᠡᠭᠡᠭᠡᠭᠳᠡᠨ᠎ᠡ᠃
ᠪᠣᠳᠠᠰ ᠤ᠋ᠨ ᠶᠣᠰᠣᠨ ᠤ᠋ ᠰᠢᠨ᠎ᠡ ᠡᠮᠨᠡᠯᠭᠡ ᠪᠣᠯ
ᠪᠤᠵᠠᠷ ᠡᠪᠡᠳᠴᠢᠨ ᠢ᠋ ᠴᠠᠪᠴᠢᠬᠤ ᠢᠯᠳᠦ
ᠪᠦᠳᠦᠭᠦᠯᠢᠭ ᠪᠠᠢᠳᠠᠯ ᠢ᠋ ᠬᠡᠬᠡᠷᠡᠭᠦᠯᠬᠦ ᠲᠣᠯᠢ
ᠬᠥᠮᠦᠨ ᠲᠥᠷᠥᠯᠬᠢᠲᠡᠨ ᠦ᠌ ᠨᠥᠬᠥᠷ ᠶᠦᠮ᠃
1934 ᠣᠨ
ᠦᠰᠦᠭ ᠠᠮᠢᠯᠠᠭᠤᠯᠤᠭᠴᠢ᠄ ᠭᠦᠨᠳᠦᠰᠠᠩᠪᠦ
ᠬᠢᠨᠠᠭᠴᠢ᠄ ᠰᠡᠬᠡᠭᠡᠷᠡᠯ᠂ ᠣᠳᠬᠠᠨᠰᠣ᠎ᠠ
