ᠬᠠᠵᠠᠭᠠᠷ ᠡᠪᠡᠰᠦХазаар өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠵᠠᠭᠠᠷ ᠡᠪᠡᠰᠦХазаар өвс

ᠬᠠᠵᠠᠭᠠᠷ ᠡᠪᠡᠰᠦХазаар өвс

2024-06-03

732

ᠬᠠᠵᠠᠭᠠᠷ ᠡᠪᠡᠰᠦ

                          ᠦᠶᠡᠲᠦ ᠤᠷᠭᠤᠮᠠᠯ ᠦ᠋ᠨ ᠢᠵᠠᠭᠤᠷ 
       ᠢᠬᠴᠤ ᠪᠤᠲᠠᠯᠠᠨ ᠤᠷᠭᠤᠬᠤ ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ 12—30cm ᠥᠨᠳᠥᠷ᠂ ᠦᠰᠦ ᠦᠭᠡᠢ᠂ ᠣᠯᠠᠨ ᠦᠶ᠎ᠡ ᠲᠡᠢ᠂ ᠬᠠᠲᠠᠪᠠᠯ ᠮᠤᠷᠤᠢ ᠰᠠᠷᠤᠢ ᠪᠣᠯᠳᠠᠭ᠃ ᠨᠠᠪᠴᠢᠨ ‍ᠤ ᠳᠤᠭᠲᠤᠢ ᠨᠢ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠤᠷᠲᠤ᠂ ᠦᠰᠦ ᠦᠭᠡᠢ᠂ ᠪᠠᠭ ᠴᠡᠴᠡᠭ ᠦ᠋ᠨ ᠤᠭ ᠬᠦᠷᠲᠡᠯ᠎ᠡ ᠡᠰᠢ ᠪᠡᠨ ᠳᠠᠪᠬᠤᠷ ᠳᠠᠪᠬᠤᠷ ᠪᠠᠭᠯᠠᠵᠤ ᠪᠤᠢ ; ᠨᠠᠪᠴᠢᠨ ‍ᠤ ᠬᠡᠯᠡ ᠨᠢ ᠨᠢᠭᠡ ᠴᠠᠭᠠᠷᠢᠭ ᠮᠠᠰᠢ ᠪᠣᠭᠣᠨᠢ ᠰᠢᠷᠬᠡᠭ ᠦᠰᠦ ᠶᠤᠮ᠃ ᠨᠠᠪᠴᠢ ᠨᠢ ᠶᠡᠷᠦ ᠳ᠋ᠡᠭᠡᠨ ᠳᠣᠲᠤᠭᠰᠢ ᠬᠤᠮᠢᠷᠠᠨ᠎ᠠ᠂ ᠰᠢᠷᠦᠭᠦᠨ᠂ 3—6cm ᠤᠷᠲᠤ᠂ ᠤᠭ ᠦ᠋ᠨ ᠬᠡᠰᠡᠭ ᠲᠡᠭᠡᠨ 1—2mm ᠥᠷᠭᠡᠨ᠃ ᠱᠣᠷᠤᠯᠵᠢᠨ ᠬᠡᠯᠪᠡᠷᠢᠲᠦ ᠪᠠᠭ ᠴᠡᠴᠡᠭ ᠨᠢ ᠨᠠᠷᠢᠬᠠᠨ ᠤᠷᠲᠤ᠂ ᠴᠥᠭᠡᠬᠡᠨ ᠵᠢᠵᠢᠭ ᠲᠦᠷᠦᠭᠦᠦ ᠲᠡᠢ᠂ 4—7cm ᠤᠷᠲᠤ᠂ 5—10mm ᠥᠷᠭᠡᠨ ᠂ ᠰᠠᠯᠠᠭ᠎ᠠ ᠨᠤᠭᠤᠳ ᠨᠢ ᠲᠤᠰ ᠪᠦᠷᠢ 2—5 ᠵᠢᠵᠢᠭ ᠲᠦᠷᠦᠭᠦᠦ ᠲᠡᠢ ; ᠭᠣᠣᠯ ᠲᠡᠩᠭᠡᠯᠢᠭ᠂ ᠰᠠᠯᠠᠭ᠎ᠠ ᠬᠢᠭᠡᠳ ᠪᠠᠭ ᠴᠡᠴᠡᠭ ᠡᠴᠡ ᠳᠣᠭᠤᠭᠰᠢ ᠬᠡᠰᠡᠭ ᠨᠢ ᠪᠦᠷ ᠰᠢᠷᠦᠭᠦᠨ ᠪᠠᠶ᠋ᠢᠳᠠᠭ ;  ᠵᠢᠵᠢᠭ ᠲᠦᠷᠦᠭᠦᠦ ᠨᠢ 5—7mm ᠤᠷᠲᠤ᠂ 2—3 ᠴᠡᠴᠡᠭ ᠲᠡᠢ᠂ ᠨᠣᠭᠤᠪᠲᠤᠷ  ᠪᠤᠶᠤ ᠪᠣᠷᠣᠪᠲᠤᠷ ;  ᠬᠠᠯᠢᠰᠤ ᠨᠢ ᠶᠡᠷᠦ ᠳ᠋ᠡᠭᠡᠨ ᠨᠢᠭᠡ ᠰᠤᠳᠠᠯ ᠲᠠᠢ᠂ ᠥᠷᠭᠡᠨ ᠲᠣᠷᠭᠠᠨ ᠬᠠᠯᠢᠰᠤᠯᠢᠭ ᠬᠥᠪᠡᠭᠡ ᠲᠡᠢ᠂ ᠦᠰᠦ ᠦᠭᠡᠢ ;  ᠭᠠᠳᠠᠷ ᠬᠡᠪᠡᠭ ᠨᠢ ᠬᠠᠪᠲᠠᠭᠠᠢ ᠲᠡᠪᠡᠨᠡ ᠬᠡᠯᠪᠡᠷᠢ ᠲᠡᠢ᠂ 3—5 ᠰᠤᠳᠠᠯ ᠲᠠᠢ᠂ ᠬᠥᠪᠡᠭᠡ ᠣᠷᠴᠢᠮ ᠨᠢ ᠶᠡᠷᠦ ᠳ᠋ᠡᠭᠡᠨ ᠦᠰᠦ ᠲᠡᠢ᠂ ᠦᠵᠦᠭᠦᠷ ᠨᠢ ᠤᠨᠢ ᠲᠠᠢ᠂ ᠣᠬᠣᠷᠬᠠᠨ ᠰᠤᠷ ᠲᠠᠢ᠂ ᠰᠠᠭᠤᠷᠢ ᠲᠠᠪᠠᠭ ᠨᠢ ᠣᠬᠣᠷ ᠦᠰᠦ ᠲᠡᠢ ;  ᠳᠣᠲᠣᠷ ᠬᠡᠪᠡᠭ ᠨᠢ ᠨᠠᠷᠢᠬᠠᠨ᠂ ᠭᠠᠳᠠᠷ ᠬᠡᠪᠡᠭ ᠲᠡᠢ ᠪᠡᠨ ᠢᠵᠢᠯ ᠤᠷᠲᠤ ᠪᠤᠶᠤ ᠪᠠᠬᠠᠨ ᠤᠷᠲᠤ᠂ ᠭᠣᠣᠯ ᠰᠤᠳᠠᠯ ᠨᠢ ᠣᠷᠣᠢ ᠠ᠋ᠴᠠ ᠰᠤᠨᠵᠤ ᠭᠠᠷᠤᠭᠠᠳ 1mm ᠣᠷᠴᠢᠮ ᠤᠷᠲᠤ ᠰᠤᠷ ᠪᠣᠯᠳᠠᠭ ;  ᠲᠣᠭᠤᠰᠤᠪᠴᠢ ᠨᠢ 2mm ᠣᠷᠴᠢᠮ ᠤᠷᠲᠤ᠃
        ᠭᠠᠩ ᠬᠠᠭᠤᠷᠠᠢ ᠬᠡᠭᠡᠷ᠎ᠡ ᠲᠠᠯ᠎ᠠ ᠳ᠋ᠤ ᠤᠷᠭᠤᠨ᠎ᠠ᠃
         ᠮᠠᠨ ‍ᠤ ᠤᠯᠤᠰ ᠦ᠋ᠨ ᠥᠪᠥᠷ ᠮᠣᠩᠭᠣᠯ᠂ ᠾᠧᠪᠧᠢ᠂ ᠱᠠᠨ ᠰᠢ ᠬᠢᠭᠡᠳ ᠪᠠᠷᠠᠭᠤᠨ ᠬᠣᠶ᠋ᠢᠲᠤ ᠣᠷᠣᠨ ‍ᠤ ᠡᠯ᠎ᠡ ᠮᠣᠵᠢ ᠣᠷᠣᠨ ᠳ᠋ᠤ ᠪᠦᠷ ᠤᠷᠭᠤᠳᠠᠭ᠃
          ᠦᠬᠡᠷ᠂ ᠬᠣᠨᠢ ᠢᠮᠠᠭ᠎ᠠ ᠪᠦᠷ ᠢᠳᠡᠬᠦ ᠳᠤᠷᠠᠲᠠᠢ ᠪᠡᠯᠴᠢᠭᠡᠷ ᠡᠪᠡᠰᠦ᠃ ᠬᠠᠳᠤᠯᠠᠩ ᠦ᠋ᠨ ᠤᠨᠠᠯᠲᠠ ᠨᠢ ᠥᠨᠳᠥᠷ ᠪᠤᠰᠤ

           ᠬᠢᠲᠠᠳ ᠨᠡᠷ᠎ᠡ᠄糙隐子草
           ᠠᠩᠭ᠌ᠯᠢ ᠨᠡᠷ᠎ᠡ᠄ Cleistogenes squarrosa (Trin.) Keng

                 ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                  ᠬᠢᠨᠠᠭᠴᠢ᠄ ᠲᠤᠶᠠᠭ᠎ᠠ