《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠳᠤᠭᠠᠷ ᠪᠦᠯᠦᠭ> "Хөх судар" он нөхвөр дэвтэр - Инжинаш <Тавьдугаар бүлэг> ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. 《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠳᠤᠭᠠᠷ ᠪᠦᠯᠦᠭ> "Хөх судар" он нөхвөр дэвтэр - Инжинаш <Тавьдугаар бүлэг>

《ᠬᠥᠬᠡ ᠰᠤᠳᠤᠷ》 ᠤᠨ ᠨᠥᠬᠥᠪᠦᠷᠢ ᠲᠡᠪᠲᠡᠷ - ᠢᠨᠵᠠᠨᠨᠠᠰᠢ <ᠲᠠᠪᠢᠳᠤᠭᠠᠷ ᠪᠦᠯᠦᠭ> "Хөх судар" он нөхвөр дэвтэр - Инжинаш <Тавьдугаар бүлэг>

ᠠᠩᠭᠢᠯᠠᠯ:ᠲᠡᠦᠬᠡ ᠰᠣᠶᠣᠯ
2024-06-03

304

《ᠬᠥᠬᠡ ᠰᠤᠳᠤᠷ》 ᠤᠨ ᠨᠥᠬᠥᠪᠦᠷᠢ ᠲᠡᠪᠲᠡᠷ - ᠲᠠᠪᠢᠳᠤᠭᠠᠷ ᠪᠦᠯᠦᠭ

 
       ᠶᠡᠬᠡ ᠬᠥᠬᠡ ᠮᠣᠩᠭᠣᠯ ᠤᠯᠤᠰ ᠤ᠋ᠨ ᠴᠢᠩᠭᠢᠰ ᠬᠠᠭᠠᠨ ᠤ᠋ ᠲᠡᠷᠢᠭᠦᠨ ᠣᠨ ᠤᠯᠠᠭᠠᠨ ᠪᠠᠷᠰ ᠵᠢᠯ᠂ ᠳᠤᠮᠳᠠᠳᠤ ᠠᠯᠲᠠᠨ ᠤᠯᠤᠰ ᠤ᠋ᠨ ᠵᠠᠩᠽᠥ᠋ᠩ ᠬᠠᠭᠠᠨ ᠤ᠋ ᠳᠠᠢ ᠾᠧ ᠬᠡᠮᠡᠬᠦ ᠶ᠋ᠢᠨ ᠵᠢᠷᠭᠤᠳᠤᠭᠠᠷ ᠣᠨ᠂ ᠡᠮᠦᠨᠡᠲᠦ ᠰᠥᠩ ᠤᠯᠤᠰ ᠤ᠋ᠨ ᠨᠢᠩᠽᠥ᠋ᠩ ᠬᠠᠭᠠᠨ ᠤ᠋ ᠺᠠᠢ ᠰᠢ ᠬᠡᠮᠡᠬᠦ ᠶ᠋ᠢᠨ ᠬᠣᠶᠠᠳᠤᠭᠠᠷ ᠣᠨ᠃   

                 ᠲᠠᠪᠢᠳᠤᠭᠠᠷ ᠪᠦᠯᠦᠭ 

        ᠲᠠᠢᠽᠢ ᠵᠣᠴᠢ ᠵᠢᠨᠦᠩ ᠮᠤᠬᠤᠯᠢ ᠯᠤᠭ᠎ᠠ ᠴᠡᠷᠢᠭ ᠦ᠋ᠨ ᠴᠠᠭᠠᠵᠠᠨ ᠤ᠋ ᠮᠠᠯᠵᠢᠶ᠎ᠠ ᠪᠢᠴᠢᠭ ᠠᠮᠠᠯᠠᠨ ᠪᠠᠢᠭᠤᠯᠪᠠ 
          ᠲᠠᠢᠪᠤᠤ ᠪᠤᠭᠤᠷᠵᠢ ᠪᠤᠯᠤ ᠬᠠᠭᠠᠨ ᠢ᠋ ᠳᠡᠭᠦᠨᠦ ᠭᠠᠯ ᠢ᠋ ᠵᠢᠭᠡᠯᠡᠨ ᠲᠡᠭᠦᠨ ᠢ᠋ ᠭᠠᠯᠳᠠᠵᠤ ᠠᠮᠢᠳᠤ ᠪᠠᠷᠢᠪᠠ  
              ᠬᠠᠭᠠᠨ ᠬᠥᠮᠦᠨ ᠬᠠᠲᠠᠭᠤᠵᠢᠯ ᠪᠡᠷᠬᠡ ᠶ᠋ᠢ ᠪᠡᠶ᠎ᠡ ᠳ᠋ᠡᠭᠡᠨ ᠪᠣᠯᠭᠠᠭᠴᠢᠳ ᠮᠠᠰᠢ ᠴᠥᠭᠡᠨ 
              ᠬᠠᠮᠤᠭ ᠤᠯᠤᠰ ᠤ᠋ᠳ ᠤ᠋ᠨ ᠬᠠᠳ ᠪᠦᠬᠦᠨ ᠴᠢᠩᠭᠢᠰ ᠲᠣᠷ ᠬᠦᠷᠦᠭᠴᠢᠳ ᠦᠨᠡᠬᠡᠷ ᠴᠤᠬᠠᠭ᠃ 
              ᠬᠠᠮᠲᠤᠳᠬᠠᠨ ᠡᠵᠡᠯᠡᠭᠰᠡᠨ ᠳᠥᠴᠢᠨ ᠢᠯᠡᠭᠦᠦ ᠤᠯᠤᠰ ᠭᠦᠷᠦᠨ ᠦ᠌ ᠦᠨᠡᠨ ᠲᠣᠭ᠎ᠠ ᠶ᠋ᠢ 
              ᠬᠠᠳᠠᠮᠠᠯ ᠬᠠᠲᠠᠭᠰᠠᠨ《ᠭᠤᠷᠪᠠᠨ ᠦᠰᠦᠭ ᠦ᠋ᠨ ᠨᠣᠮ 》 ᠬᠡᠮᠡᠭᠴᠢ ᠶ᠋ᠢᠨ ᠲᠠᠢᠯᠪᠤᠷᠢ ᠳ᠋ᠤᠷ ᠦᠵᠡᠭᠳᠡᠬᠦᠢ᠃  

       ᠲᠡᠨᠳᠡᠴᠡ ᠮᠣᠩᠭᠣᠯ ᠤ᠋ᠨ ᠲᠥᠷᠥ ᠶ᠋ᠢᠨ ᠵᠠᠭᠤᠨ ᠰᠠᠢᠳ ᠨᠠᠷ᠂ ᠱᠧᠩ ᠡᠦ ᠬᠤᠸᠠᠩᠳᠢ᠂ ᠲᠠᠢᠽᠦ ᠴᠢᠩᠭᠢᠰ ᠬᠠᠭᠠᠨ ᠤ᠋ ᠤᠯᠤᠰ ᠤ᠋ᠨ ᠡᠵᠡᠨ᠂ ᠬᠥᠮᠦᠨ ᠦ᠌ ᠬᠠᠭᠠᠨ ᠪᠣᠯᠤᠭᠴᠢᠳ ᠤ᠋ᠨ ᠤᠷᠢᠳᠠ ᠥᠪᠡᠷᠦᠨ ᠪᠡᠶ᠎ᠡ ᠶ᠋ᠢᠨ ᠵᠢᠷᠭᠠᠯ ᠴᠡᠩᠭᠡᠯ ᠢ᠋ ᠤᠷᠢᠳᠠᠰᠠ ᠲᠡᠪᠴᠢᠪᠡᠰᠦ ᠰᠠᠶᠢ ᠬᠠᠮᠤᠭ ᠤᠯᠤᠰ ᠢᠷᠭᠡᠨ ᠤ ᠠᠮᠤᠬᠤ ᠵᠢᠷᠭᠠᠬᠤ ᠶ᠋ᠢ ᠬᠥᠭᠵᠢᠭᠦᠯᠬᠦ᠂ ᠬᠠᠭᠠᠨ ᠬᠥᠮᠦᠨ ᠦ᠌ ᠬᠠᠲᠠᠭᠤᠵᠢᠯ ᠡᠷᠬᠡᠴᠢᠯᠡᠯᠳᠦ ᠵᠠᠷᠯᠢᠭ ᠦᠭᠡᠰ ᠢ᠋ ᠰᠣᠨᠣᠰᠴᠤ᠂ ᠪᠡᠶᠡᠰᠦᠨ ᠪᠢᠰᠢᠷᠡᠵᠦ᠂ ᠠᠶᠤᠨ ᠰᠦᠰᠦᠭᠯᠡᠯᠴᠡᠨ ᠮᠥᠷᠭᠥᠬᠦᠶ᠎ᠡ ᠴᠡᠷᠢᠭ ᠦ᠋ᠨ ᠶᠡᠬᠡ ᠵᠢᠨᠦᠩ ᠲᠠᠢᠪᠤᠤ ᠨᠣᠶᠠᠨ ᠮᠤᠬᠤᠯᠢ ᠲᠡᠷᠢᠭᠦᠯᠡᠨ ᠳᠠᠬᠢᠨ ᠰᠥᠭᠥᠳᠴᠦ ᠳᠠᠪᠬᠤᠷᠯᠠᠨ ᠯᠠᠴᠠᠳᠠᠵᠤ ᠪᠢᠲᠡᠭᠦᠮᠵᠢᠯᠡᠭᠰᠡᠨ ᠰᠢᠷ᠎ᠠ ᠯᠤᠤᠲᠤ ᠭᠬᠢᠪ ᠦ᠋ᠨ ᠪᠢᠳᠡᠭᠦᠮᠵᠢᠲᠦ ᠨᠤᠭᠤᠯᠪᠤᠷᠢ ᠶ᠋ᠢ ᠳᠡᠭᠡᠭᠰᠢ ᠡᠷᠭᠦᠨ ᠳᠡᠪᠰᠢᠭᠦᠯᠵᠦ᠂ ᠮᠤᠬᠤᠯᠢ ᠮᠠᠯᠠᠭ᠎ᠠ ᠪᠠᠨ ᠠᠪᠴᠤ ᠬᠦᠰᠡᠷ᠎ᠡ ᠭᠤᠷᠪᠠᠨᠲᠠ ᠮᠥᠷᠭᠥᠮᠡᠭᠴᠡ᠂ ᠬᠠᠭᠠᠨ ᠥᠷᠭᠥᠭᠡ ᠶ᠋ᠢᠨ ᠬᠠᠰ ᠤ᠋ᠨ ᠴᠢᠩ᠂ ᠠᠯᠲᠠᠨ ᠤ᠋ ᠵᠦᠩ ᠬᠦᠩᠭᠢᠨᠡᠨ ᠴᠢᠩᠭᠢᠨᠠᠨ ᠳᠠᠭᠤᠷᠢᠰᠤᠨ ᠬᠦᠩᠬᠢᠷᠡᠰᠴᠦ᠂ ᠠᠭᠠᠷᠤ ᠽᠠᠨᠳᠠᠨ ᠤ᠋ ᠰᠠᠢᠬᠠᠨ ᠦᠨᠦᠷ ᠰᠠᠩᠬᠤᠯᠤᠨ ᠠᠩᠬᠢᠯᠤᠨ ᠦᠨᠦᠷᠲᠦᠵᠦ᠂ ᠳᠣᠲᠣᠭᠠᠳᠤ ᠬᠢᠶ᠎ᠡ᠂ ᠰᠢᠳᠠᠷ ᠰᠠᠢᠳ ᠤ᠋ᠳ ᠳᠣᠬᠢᠶ᠎ᠠ ᠬᠠᠰᠬᠢᠷᠤᠯᠴᠠᠨ᠂ ᠰᠢᠷ᠎ᠠ ᠯᠤᠤ ᠶ᠋ᠢᠨ ᠮᠠᠩᠨᠤᠭ ᠬᠠᠨᠴᠤᠢ ᠨᠢᠭᠡᠨᠲᠡ ᠭᠦᠪᠢᠮᠡᠭᠴᠡ ᠠᠯᠲᠠᠨ ᠶᠠᠰᠤᠲᠤ ᠲᠡᠭᠷᠢ ᠶ᠋ᠢᠨ ᠬᠥᠪᠡᠭᠦᠨ ᠤᠷᠲᠤᠨ᠎ᠠ ᠡᠭᠡᠪᠡ᠃ ᠵᠠᠭᠤᠨ ᠲᠦᠰᠢᠮᠡᠳ ᠵᠤᠨ ᠤ᠋ ᠬᠤᠷ᠎ᠠ ᠰᠡᠬᠦᠭᠰᠡᠨ ᠮᠡᠲᠦ ᠮᠠᠨᠳᠠᠯ ᠠ᠋ᠴᠠ ᠲᠠᠷᠬᠠᠯᠴᠠᠨ ᠪᠠᠭᠤᠵᠤ ᠢᠷᠡᠭᠡᠳ᠂ ᠲᠤᠰ ᠲᠤᠰ ᠤ᠋ᠨ ᠲᠤᠰᠢᠶᠠᠯ ᠲᠤᠰᠢᠶᠠᠯ ᠳ᠋ᠠᠭᠠᠨ ᠡᠭᠡᠪᠡᠢ᠃ 
       ᠲᠡᠳᠦᠢ ᠲᠡᠭᠷᠢ ᠶ᠋ᠢᠨ ᠬᠥᠪᠡᠭᠦᠨ ᠤᠷᠲᠣᠨ᠎ᠠ ᠪᠠᠭᠤᠵᠤ᠂ ᠲᠡᠮᠳᠡᠭ ᠳᠣᠬᠢᠶᠠᠲᠤ ᠲᠡᠷᠢᠭᠦᠯᠡᠭᠴᠢ ᠳᠠᠢᠪᠠᠩ᠂ ᠵᠢᠨᠦᠩ ᠮᠤᠬᠤᠯᠢ ᠶ᠋ᠢᠨ ᠠᠢᠯᠠᠳᠬᠠᠭᠰᠠᠨ ᠨᠤᠭᠤᠯᠪᠤᠷᠢ ᠶ᠋ᠢ ᠠᠢᠯᠠᠳᠤᠨ ᠦᠵᠡᠪᠡᠰᠦ᠂ ᠲᠡᠭᠦᠨ ᠳ᠋ᠦ᠍ᠷ ᠵᠣᠩᠬᠢᠯᠠᠨ ᠠᠢᠯᠠᠳᠬᠠᠭᠰᠠᠨ ᠦᠭᠡᠰ ᠢᠨᠣ᠄ 
      《ᠦᠯᠡᠳᠡᠪᠦᠷᠢ ᠨᠠᠢ᠍ᠮᠠᠨ ᠢ᠋ ᠪᠣᠭᠳᠠ ᠶ᠋ᠢᠨ ᠭᠡᠭᠡᠨ ᠢ᠋ᠶ᠋ᠡᠷ ᠳᠠᠢᠯᠠᠷ᠎ᠠ ᠡᠴᠢᠬᠦ ᠢᠨᠣ ᠮᠠᠨᠳᠤᠵᠤ ᠪᠠᠳᠠᠷᠠᠬᠤ ᠮᠠᠨ ᠤ᠋ ᠮᠣᠩᠭᠣᠯ ᠤ᠋ᠨ ᠤᠯᠤᠰ ᠲᠥᠷᠥ ᠶ᠋ᠢᠨ ᠨᠡᠢᠲᠡ ᠪᠦᠬᠦᠨ᠎ᠡ ᠦᠵᠡᠭᠦᠯᠬᠦ ᠴᠣᠬᠣᠮ ᠱᠠᠭᠠᠷᠳᠠᠯ ᠲᠤᠬᠠᠢᠲᠤ ᠬᠢᠴᠢᠶᠡᠯᠭᠡ ᠶ᠋ᠢᠨ ᠬᠡᠪ ᠬᠡᠪᠴᠢᠶᠡᠨ ᠮᠥᠨ᠃ ᠲᠡᠢᠨ ᠪᠣᠯᠪᠠᠴᠤ ᠪᠠᠷ ᠢᠰᠢᠭᠡ ᠶ᠋ᠢ ᠥᠪᠴᠢᠬᠦᠶ᠎ᠡ ᠦᠬᠡᠷ ᠠᠯᠠᠬᠤ ᠬᠢᠲᠤᠭ᠎ᠠ ᠬᠡᠷᠡᠭ ᠦᠭᠡᠢ ᠬᠡᠮᠡᠭᠴᠢ ᠪᠡᠷ ᠣᠯᠠᠨ ᠰᠠᠢᠳ ᠤ᠋ᠳ ᠤ᠋ᠨ ᠡᠷᠡᠮᠰᠢᠭᠰᠡᠨ ᠣᠮᠣᠭ ᠪᠣᠢ ᠢ᠎ᠡ᠂ ᠤᠯᠤᠰ ᠢᠷᠭᠡᠨ ᠢ᠋ ᠤᠷᠤᠭᠰᠢ ᠴᠢᠷᠮᠠᠢᠬᠤ ᠵᠣᠷᠢᠭ ᠴᠢᠷᠮᠠᠢᠯᠭ᠎ᠠ ᠳ᠋ᠤᠷ ᠲᠤᠰᠠ ᠦᠭᠡᠢ ᠶ᠋ᠢ ᠡᠰᠡ ᠬᠢᠨᠠᠵᠤᠬᠤᠢ᠃ ᠵᠣᠩᠬᠢᠯᠠᠨ ᠵᠦᠭᠯᠡᠭᠰᠡᠨ ᠭᠠᠵᠠᠷ᠎ᠠ ᠪᠣᠭᠳᠠ ᠶ᠋ᠢᠨ ᠭᠡᠭᠡᠨ ᠢ᠋ᠶ᠋ᠡᠷ ᠬᠡᠳᠦᠢ ᠡᠰᠡ ᠬᠦᠷᠪᠡᠴᠦ ᠪᠡᠷ ᠪᠣᠭᠳᠠ ᠶ᠋ᠢᠨ ᠭᠡᠭᠡᠨ ᠲᠡᠷᠡ ᠵᠦᠭ ᠮᠣᠷᠳᠠᠨ ᠮᠣᠷᠢᠯᠠᠬᠤ ᠠᠨᠤ ᠴᠢᠪ ᠴᠢᠬᠡ ᠴᠡᠷᠢᠭ ᠠᠶᠠᠨ ᠤ᠋ ᠴᠢᠬᠤᠯᠠ ᠡᠷᠬᠡ ᠲᠣᠪᠴᠢ᠂ ᠰᠦᠷ ᠰᠤᠷᠲᠠᠯ ᠮᠥᠨ ᠢ᠋ ᠪᠣᠭᠳᠠ ᠶ᠋ᠢᠨ ᠭᠡᠭᠡᠬᠡᠨ ᠢ᠋ᠶ᠋ᠡᠷ ᠠᠪᠠᠴᠢᠭᠰᠠᠨ ᠠᠨᠤ ᠰᠠᠢᠳ ᠪᠢᠳᠡ᠂ ᠡᠵᠡᠨ ᠦ᠌ ᠲᠦᠮᠡᠨ ᠦ᠌ ᠨᠢᠭᠡᠨ ᠳ᠋ᠦ᠍ᠷ ᠴᠦ᠍ ᠭᠦᠢᠴᠡᠨ ᠬᠦᠷᠦᠯᠴᠡᠬᠦ ᠦᠭᠡᠢ ᠢᠨᠣ ᠴᠢᠩ ᠦᠨᠡᠨ᠂ ᠡᠵᠡᠨ ᠦ᠌ ᠶᠡᠬᠡ ᠵᠠᠷᠯᠠᠯ ᠢ᠋ᠶ᠋ᠠᠷ ᠬᠣᠯᠠ ᠡᠳᠦᠷ ᠢ᠋ ᠵᠢᠭᠠᠨ ᠲᠣᠭᠲᠠᠭᠠᠵᠤ᠂ ᠪᠣᠭᠳᠠ ᠶ᠋ᠢᠨ ᠶᠡᠬᠡ ᠵᠢᠭᠰᠠᠭᠠᠯ ᠢ᠋ᠶ᠋ᠠᠷ ᠮᠣᠷᠳᠠᠨ ᠬᠥᠳᠡᠯᠦᠭᠡᠳ᠂ ᠡᠨᠡ ᠵᠡᠪᠰᠡᠷ᠎ᠡ ᠰᠠᠢᠳ ᠪᠢ ᠪᠤᠭᠤᠷᠵᠢ ᠯᠤᠭ᠎ᠠ ᠵᠡᠭᠦᠨ ᠵᠠᠮ ᠢ᠋ᠶ᠋ᠠᠷ ᠲᠣᠭᠣᠷᠢᠨ ᠡᠴᠢᠵᠦ᠂ ᠴᠢᠬᠤᠯᠠ ᠭᠠᠵᠠᠷ ᠴᠡᠷᠢᠭ ᠪᠦᠭᠭᠦᠵᠦ᠂ ᠮᠠᠨ ᠳ᠋ᠤᠷ ᠳᠠᠭᠠᠭᠰᠠᠨ ᠨᠠᠢ᠍ᠮᠠᠨ ᠢ᠋ᠶ᠋ᠠᠷ ᠤᠳᠤᠷᠢᠳᠬᠠᠯ ᠪᠣᠯᠭᠠᠨ ᠡᠲᠦᠭᠡᠨ ᠢᠷᠡᠭᠦᠯᠵᠦ᠂ ᠬᠦᠴᠦᠨ ᠢ᠋ ᠰᠠᠯᠭᠠᠭᠠᠳ ᠭᠡᠨᠡᠳᠡᠭᠦᠯᠦᠨ ᠣᠯᠵᠤ ᠪᠠᠷᠢᠪᠠᠰᠤ᠂ ᠪᠣᠭᠳᠠ ᠡᠵᠡᠨ ᠦ᠌ ᠪᠡᠶ᠎ᠡ ᠶ᠋ᠢᠨ ᠭᠡᠭᠡᠨ ᠢ᠋ᠶ᠋ᠡᠨ ᠦᠯᠦ ᠠᠮᠤᠷ ᠵᠢᠷᠭᠠᠭᠤᠯᠬᠤ ᠵᠣᠷᠢᠭ ᠰᠢᠮᠳᠠᠯ ᠤ᠋ᠨ ᠨᠡᠷ᠎ᠡ ᠳᠠᠭᠤᠷᠢᠶᠠᠨ ᠤᠯᠤᠰ ᠤ᠋ᠨ ᠬᠣᠲᠠᠯᠠᠭᠠᠷ᠎ᠠ ᠠᠯᠳᠠᠷᠰᠢᠨ ᠳᠠᠭᠤᠷᠢᠰᠬᠤ ᠪᠥᠭᠡᠳ ᠴᠡᠷᠢᠭ ᠦ᠋ᠨ ᠴᠢᠬᠤᠯᠠ ᠣᠨᠢᠰᠣ ᠮᠥᠨ ᠬᠦ᠌ ᠭᠢᠯᠪᠠᠢ ᠳᠥᠭᠥᠮ ᠬᠤᠷᠴᠠ ᠲᠦᠷᠭᠡᠨ ᠪᠦᠲᠦᠮᠦᠢ᠃ ᠡᠳᠦᠭᠡ ᠬᠣᠯᠠ ᠳ᠋ᠠᠬᠢ ᠲᠤᠷᠰᠢᠭᠤᠯ ᠠ᠋ᠴᠠ ᠰᠣᠨᠣᠰᠪᠠᠰᠤ᠂ ᠪᠤᠯᠤ ᠸᠠᠩ ᠡᠴᠢᠭᠡ ᠬᠥᠪᠡᠭᠦᠨ ᠬᠣᠶᠠᠭᠤᠯᠠ ᠨᠠᠢ᠍ᠮᠠᠨ ᠤ᠋ ᠡᠮᠦᠨ᠎ᠡ ᠬᠢᠵᠠᠭᠠᠷ ᠤ᠋ᠨ ᠳᠥᠷᠪᠡᠨ ᠬᠣᠲᠠ ᠶ᠋ᠢᠨ ᠭᠠᠵᠠᠷ ᠢ᠋ᠶ᠋ᠠᠨ ᠬᠠᠰᠤᠵᠤ ᠠᠯᠲᠠᠨ ᠤᠯᠤᠰ ᠲᠤᠷ ᠥᠭᠭᠦᠭᠡᠳ ᠲᠠᠩᠭᠤᠳ ᠤᠯᠤᠰ ᠤ᠋ᠨ ᠡᠵᠡᠨ ᠯᠢ ᠼᠦᠨ ᠢᠦ᠂ ᠨᠢᠭᠡᠨᠲᠡ ᠥᠩᠭᠡ ᠳᠡᠷᠡᠰᠦᠨ ᠳ᠋ᠦ᠍ᠷ ᠲᠠᠴᠢᠶᠠᠵᠤ ᠲᠠᠷᠢᠬᠢ ᠴᠢᠮᠥᠭᠡ ᠬᠣᠭᠣᠰᠣᠷᠠᠭᠰᠠᠨ ᠨᠠᠷᠢᠨ ᠡᠪᠡᠳᠴᠢᠨ᠎ᠡ ᠨᠡᠷᠪᠡᠭᠳᠡᠵᠦ᠂ ᠤᠯᠤᠰ ᠤ᠋ᠨ ᠡᠷᠬᠡ ᠶ᠋ᠢ ᠢᠨᠣ ᠶ᠋ᠢᠨ᠂ ᠪᠢᠩ ᠬᠣᠶᠠᠷ ᠢᠨᠠᠭ ᠹᠧᠢ ᠡᠵᠡᠷᠬᠡᠵᠦ᠂ ᠪᠤᠯᠤ ᠢᠦᠢ ᠬᠠᠭᠠᠨ ᠤ᠋ ᠡᠴᠢᠭᠡ ᠬᠥᠪᠡᠭᠦᠨ ᠬᠣᠶᠠᠭᠤᠯᠠ ᠳ᠋ᠤᠷ ᠨᠡᠢᠲᠡ ᠳᠥᠷᠪᠡᠨ ᠲᠦᠮᠡᠨ ᠪᠠᠷᠠᠭᠤᠨ ᠬᠢᠵᠠᠭᠠᠷ ᠤ᠋ᠨ ᠴᠡᠷᠢᠭ ᠢ᠋ ᠵᠢᠭᠡᠯᠡᠭᠦᠯᠦᠨ ᠥᠭᠴᠦ᠂ ᠪᠠᠰᠠ ᠬᠠᠭᠤᠴᠢᠨ ᠯᠢᠶᠣᠣ ᠤᠯᠤᠰ ᠤ᠋ᠨ ᠬᠢᠳᠠᠨ ᠤᠯᠤᠰ ᠠ᠋ᠴᠠ ᠭᠠᠵᠠᠷ ᠣᠷᠣᠨ ᠢ᠋ ᠵᠢᠭᠠᠵᠤ ᠪᠠᠲᠤ ᠲᠡᠮᠳᠡᠭ ᠪᠣᠯᠭᠠᠨ᠂ ᠪᠠᠰᠠ ᠨᠠᠢ᠍ᠮᠠᠨ ᠮᠢᠩᠭᠠᠨ ᠴᠡᠷᠢᠭ ᠭᠤᠶᠤᠨ ᠣᠯᠵᠤ᠂ ᠮᠠᠨ ᠤ᠋ ᠤᠯᠤᠰ ᠤ᠋ᠨ ᠵᠡᠭᠦᠨ ᠡᠮᠦᠨ᠎ᠡ ᠵᠠᠬ᠎ᠠ ᠪᠠᠷ ᠪᠠᠢᠯᠳᠤᠷ᠎ᠠ ᠢᠷᠡᠵᠦ ᠰᠡᠵᠢᠭᠯᠡᠭᠦᠯᠦᠨ᠂ ᠪᠠᠷᠠᠭᠤᠨ ᠬᠣᠢᠲᠤ ᠪᠠᠷ ᠪᠠᠢᠯᠳᠤᠨ ᠣᠷᠣᠵᠤ᠂ ᠰᠢᠨ᠎ᠡ ᠨᠠᠢ᠍ᠮᠠᠨ ᠢ᠋ ᠠᠪᠬᠤ ᠪᠠᠷ ᠲᠣᠭᠲᠠᠮᠤᠢ ᠬᠡᠮᠡᠮᠦ᠃ ᠰᠠᠢᠳ ᠪᠢ ᠡᠨᠡ ᠲᠠᠰᠢᠷᠠᠮ ᠳ᠋ᠤᠷ ᠨᠡᠢᠴᠡᠭᠦᠯᠵᠦ᠂ ᠴᠢᠳᠠᠬᠤᠯ᠎ᠠ ᠨᠢᠭᠡᠨ ᠤᠷᠬ᠎ᠠ ᠪᠠᠷ ᠬᠣᠶᠠᠷ ᠤᠨᠠᠭ᠎ᠠ ᠶ᠋ᠢ ᠤᠷᠠᠭᠳᠠᠰᠤᠭᠠᠢ ᠬᠡᠮᠡᠮᠦᠢ᠃ ᠬᠣᠶᠠᠷ ᠤᠨᠠᠬ᠎ᠠ ᠶ᠋ᠢ ᠦᠨᠡᠬᠡᠷ ᠬᠠᠮᠲᠤ ᠣᠯᠵᠤ ᠡᠰᠡ ᠴᠢᠳᠠᠪᠠᠰᠤ ᠪᠠᠷ ᠤᠨᠠᠬ᠎ᠠ ᠳᠠᠭ᠎ᠠ ᠶ᠋ᠢᠨ ᠲᠠᠯᠠᠪᠤᠷ ᠪᠡᠯᠴᠢᠭᠡᠷ ᠪᠠ ᠡᠭᠦᠷ ᠯᠤᠭᠰᠢ ᠶ᠋ᠢ ᠮᠠᠭᠠᠳ ᠣᠯᠤᠨ ᠴᠢᠳᠠᠮᠤᠢ ᠢ᠎ᠡ ᠬᠡᠮᠡᠮᠦᠢ᠃ ᠪᠣᠭᠳᠠ ᠶ᠋ᠢᠨ ᠭᠡᠢᠭᠦᠯᠦᠨ ᠲᠣᠯᠢᠳᠠᠬᠤ ᠶ᠋ᠢ ᠮᠥᠷᠭᠥᠵᠦ ᠪᠠᠷᠢᠭᠤᠯᠤᠮᠤᠢ》ᠬᠡᠮᠡᠵᠦᠬᠦᠢ᠃ 
       ᠲᠠᠢᠽᠦ ᠴᠢᠩᠭᠢᠰ ᠬᠠᠭᠠᠨ᠂ ᠡᠨᠡ ᠠᠢᠯᠠᠳᠬᠠᠯ ᠢ᠋ ᠠᠢᠯᠠᠳᠤᠭᠠᠳ᠂ ᠯᠤᠤ ᠶ᠋ᠢᠨ ᠴᠢᠷᠠᠢ ᠳ᠋ᠤᠷ ᠪᠠᠶᠠᠰᠬᠤᠯᠠᠩ ᠤ᠋ᠨ ᠥᠩᠭᠡ ᠢᠯᠡᠷᠡᠵᠦ᠂ ᠨᠤᠭᠤᠯᠪᠤᠷᠢ ᠶ᠋ᠢᠨ ᠰᠡᠭᠦᠯ ᠳ᠋ᠦ᠍ᠷ《ᠪᠠᠭᠠᠲᠤᠷ ᠪᠣᠳᠣᠯᠭ᠎ᠠ ᠬᠣᠣᠰ ᠪᠦᠷᠢᠳᠦᠭᠰᠡᠨ᠂ ᠵᠢᠨᠦᠩ ᠳᠠᠢᠪᠠᠩ ᠤ᠋ᠨ ᠪᠠᠢᠭᠤᠯᠤᠭᠰᠠᠨ ᠰᠠᠨᠠᠭ᠎ᠠ ᠴᠢᠪᠬᠢᠲᠡᠯ᠎ᠡ ᠮᠡᠬᠦᠰ ᠮᠢᠨᠦ ᠰᠡᠳᠬᠢᠯ ᠳ᠋ᠦ᠍ᠷ ᠨᠡᠢᠴᠡᠪᠡ᠃ ᠪᠠᠢᠭᠤᠯᠤᠨ ᠰᠠᠨᠠᠭᠰᠠᠨ ᠨᠠᠷᠢᠨ ᠨᠢᠭᠲᠠ ᠶ᠋ᠢᠨ ᠶᠣᠰᠣᠭᠠᠷ ᠶᠠᠪᠤᠵᠤ᠂ ᠪᠠᠢᠯᠳᠤᠬᠤ ᠪᠠ ᠪᠠᠷᠢᠬᠤ ᠶ᠋ᠢ ᠡᠳᠦᠭᠡ ᠡᠴᠡ ᠳᠠᠷᠤᠢ ᠡᠭᠦᠰᠬᠡᠨ ᠦᠢᠯᠡᠳᠴᠦ ᠶᠠᠪᠤᠭᠤᠯᠤᠭᠲᠤᠨ 》ᠭᠡᠮᠡᠨ ᠴᠣᠬᠣᠯᠠᠨ ᠪᠠᠭᠤᠯᠭᠠᠪᠠᠢ᠃ ᠡᠨᠡ ᠦᠨᠡᠬᠡᠷ : 
         ᠲᠠᠢᠽᠦ ᠴᠢᠩᠭᠢᠰ ᠬᠠᠭᠠᠨ᠎ᠠ ᠬᠣᠣᠰᠯᠠᠵᠤ ᠪᠣᠯᠬᠤ ᠳᠠᠩ ᠲᠠᠢᠽᠥ᠋ᠩ ᠪᠣᠢ ᠠᠮᠤᠢ 
         ᠲᠠᠰᠤᠷᠬᠠᠢ ᠮᠤᠬᠤᠯᠢ ᠳᠠᠢᠪᠠᠩ ᠳ᠋ᠤᠷ ᠳᠠᠭᠠᠴᠢᠭᠤᠯᠤᠨ ᠬᠡᠯᠡᠬᠦ ᠵᠢᠨᠦᠩ ᠦᠨᠡᠬᠡᠷ ᠴᠥᠭᠡᠨ᠃ 
       ᠲᠡᠨᠳᠡᠴᠡ ᠬᠠᠭᠠᠨ ᠤ᠋ ᠵᠠᠷᠯᠢᠭ ᠵᠢᠨᠦᠩ ᠦ᠋ᠨ ᠠᠷᠰᠯᠠᠨᠲᠤ ᠴᠠᠴᠠᠷ ᠲᠤᠷ ᠪᠠᠭᠤᠮᠠᠭᠴᠠ ᠵᠢᠨᠦᠩ ᠮᠤᠬᠤᠯᠢ ᠲᠠᠪᠤᠨ ᠵᠡᠪᠡ ᠰᠤᠭᠤᠯᠵᠤ᠂ ᠲᠠᠪᠤᠨ ᠶᠡᠬᠡ ᠵᠠᠩᠵᠤᠨ ᠢ᠋ ᠵᠠᠷᠯᠠᠨ ᠢᠷᠡᠭᠦᠯᠪᠡ᠃ ᠡᠨᠡ ᠢᠨᠤ ᠬᠡᠨ ᠬᠡᠨ?  ᠬᠡᠮᠡᠪᠡᠰᠦ᠄ ᠲᠡᠷᠢᠭᠦᠨ ᠳ᠋ᠦ᠍ᠷ ᠶᠡᠬᠡ ᠲᠠᠢᠪᠤᠤ ᠬᠦᠯᠦᠭ ᠨᠣᠶᠠᠨ ᠪᠤᠭᠤᠷᠵᠢ᠂ ᠳᠡᠳ᠋ ᠲᠣᠷ ᠶᠡᠬᠡ ᠲᠠᠢᠽᠢ ᠴᠢᠨ ᠸᠠᠩ ᠵᠣᠴᠢ᠂ ᠭᠤᠲᠠᠭᠠᠷ ᠲᠤᠷ ᠬᠦᠯᠦᠭ ᠨᠣᠶᠠᠨ ᠲᠠᠢᠪᠤᠤ ᠲᠦᠰᠢᠮᠡᠯ ᠴᠢᠯᠠᠭᠤᠨ᠂ ᠳᠥᠲᠥᠭᠡᠷ ᠲᠣᠷ ᠬᠦᠯᠦᠭ ᠨᠣᠶᠠᠨ ᠲᠠᠢᠪᠤᠤ ᠲᠦᠰᠢᠮᠡᠯ ᠪᠤᠷᠤᠭᠤᠯ᠂ ᠲᠠᠪᠤᠳᠤᠭᠠᠷ ᠲᠤᠷ ᠪᠦᠬᠦ ᠴᠢᠨ ᠸᠠᠩ ᠪᠡᠯᠭᠦᠳᠡᠢ ᠴᠧᠩᠰᠢᠶᠠᠩ ᠪᠣᠯᠠᠢ᠃ ᠵᠢᠨᠦᠩ ᠮᠤᠬᠤᠯᠢ ᠡᠨᠡ ᠲᠠᠪᠤᠨ ᠶᠡᠬᠡ ᠲᠡᠷᠢᠭᠦᠯᠡᠭᠴᠢ ᠨᠣᠶᠠᠳ ᠤ᠋ᠨ ᠳᠣᠣᠷ᠎ᠠ ᠬᠥᠮᠦᠨ ᠪᠦᠷᠢ ᠳ᠋ᠦ᠍ᠷ ᠲᠠᠪᠤᠨ ᠪᠠᠭ᠎ᠠ ᠵᠠᠩᠵᠤᠨ ᠨᠠᠢ᠍ᠮᠠᠨ ᠮᠢᠩᠭᠠᠨ ᠴᠡᠷᠢᠭ ᠲᠡᠢ ᠥᠭᠴᠦ ᠥᠭᠦᠯᠡᠷᠦᠨ᠄ 
      《 ᠲᠠᠢᠽᠢ ᠵᠣᠴᠢ ᠴᠢᠨ ᠸᠠᠩ ᠵᠡᠭᠦᠨ ᠡᠮᠦᠨ᠎ᠡ ᠵᠠᠬ᠎ᠠ ᠵᠣᠪᠬᠢᠰ ᠤ᠋ᠨ ᠬᠣᠯᠪᠣᠣ ᠬᠡᠮᠡᠬᠦ ᠮᠠᠩᠬᠠᠨ᠎ᠠ ᠴᠡᠷᠢᠭ ᠪᠠᠭᠤᠳᠠᠯᠯᠠᠵᠤ ᠶᠡᠬᠡ ᠠᠪᠠ ᠲᠠᠯᠪᠢᠵᠤ᠂ ᠬᠢᠳᠠᠨ ᠤᠯᠤᠰ ᠠ᠋ᠴᠠ ᠰᠡᠵᠢᠭᠯᠡᠭᠦᠯᠬᠦ ᠴᠡᠷᠢᠭ ᠢ᠋ ᠢᠨᠠᠭᠰᠢ ᠥᠩᠭᠡᠷᠡᠭᠦᠯᠦᠭᠡᠳ᠂ ᠲᠡᠭᠦᠨᠦ ᠠᠷᠤ ᠶ᠋ᠢᠨ ᠬᠣᠢᠨ᠎ᠠ ᠠ᠋ᠴᠠ ᠢᠨᠠᠭᠰᠢ ᠠᠯᠠᠵᠤ ᠢᠷᠡᠭᠲᠦᠨ᠃ ᠬᠦᠯᠦᠭ ᠨᠣᠶᠠᠨ ᠴᠢᠯᠠᠭᠤᠨ᠂ ᠬᠣᠯᠪᠤᠤ ᠮᠠᠩᠬᠠᠨ ᠤ᠋ ᠪᠠᠷᠠᠭᠤᠨ ᠬᠣᠢᠲᠤ ᠪᠣᠷᠣ ᠳᠠᠷᠠᠰᠤᠲᠠᠢ ᠳ᠋ᠤᠷ ᠴᠡᠷᠢᠭ ᠪᠠᠭᠤᠵᠤ᠂ ᠭᠥᠷᠦᠭᠡᠰᠦᠨ ᠦ᠌ ᠠᠪᠠ ᠠᠪᠠᠯᠠᠨ ᠬᠢᠳᠠᠨ ᠤ᠋ ᠴᠡᠷᠢᠭ ᠵᠣᠴᠢ ᠴᠢᠨ ᠸᠠᠩ ᠤ᠋ᠨ ᠴᠡᠷᠢᠭ ᠡᠴᠡ ᠳᠤᠲᠠᠭᠠᠵᠤ ᠪᠠᠷᠠᠭᠤᠨ ᠬᠣᠢᠲᠤ ᠵᠦᠭ ᠳᠣᠪᠲᠣᠯᠬᠤᠯ᠎ᠠ᠂ ᠬᠥᠨᠳᠡᠯᠡᠨ ᠡᠲᠡᠭᠡᠳ ᠡᠴᠡ ᠴᠣᠬᠢᠵᠤ ᠠᠯᠠᠨ ᠭᠠᠷᠴᠤ ᠬᠢᠳᠠᠨ ᠤ᠋ ᠴᠡᠷᠢᠭ ᠢ᠋ ᠲᠠᠰᠤᠯᠤᠨ ᠪᠠᠢᠯᠳᠤᠵᠤ᠂ ᠵᠣᠴᠢ ᠴᠢᠨ ᠸᠠᠩ ᠤ᠋ᠨ ᠴᠡᠷᠢᠭ ᠯᠦ᠍ᠭᠡ ᠨᠡᠢᠯᠡᠪᠡᠰᠦ᠂ ᠠᠯᠢᠪᠠ ᠠᠴᠢᠶ᠎ᠠ ᠬᠥᠰᠬᠡ ᠶ᠋ᠢᠨ ᠬᠦᠨᠳᠦ ᠶ᠋ᠢ ᠢᠨᠦ ᠬᠤᠷᠢᠶᠠᠮᠵᠢᠯᠠᠭᠠᠳ ᠳᠠᠷᠤᠢ ᠴᠡᠷᠢᠭ ᠡᠭᠡᠮᠦᠢ ᠬᠡᠮᠡᠪᠡ᠃ ᠪᠤᠷᠤᠭᠤᠯᠠᠭᠰᠠᠨ ᠴᠡᠷᠢᠭ ᠦ᠋ᠨ ᠬᠣᠢᠨ᠎ᠠ ᠠ᠋ᠴᠠ ᠨᠡᠬᠡᠬᠦ ᠦᠭᠡᠢ᠃ ᠴᠡᠷᠢᠭ ᠪᠠᠭᠤᠳᠠᠯᠯᠠᠨ ᠭᠤᠷᠪᠠᠨ ᠡᠳᠦᠷ ᠲᠦᠳᠡᠭᠡᠯᠵᠡᠨ ᠬᠦᠯᠢᠶᠡᠵᠦ᠂ ᠬᠢᠳᠠᠨ ᠤ᠋ ᠪᠤᠲᠠᠷᠠᠭᠰᠠᠨ ᠴᠡᠷᠢᠭ ᠴᠤᠭᠯᠠᠷᠠᠨ ᠪᠠᠭᠯᠠᠷᠠᠯᠳᠤᠵᠤ᠂ ᠬᠣᠢᠨ᠎ᠠ ᠠ᠋ᠴᠠ ᠨᠡᠬᠡᠬᠦ ᠦᠭᠡᠢ ᠪᠣᠯᠪᠠ ᠭᠡᠮᠡᠨ ᠰᠠᠨᠠᠬᠤ ᠦᠶ᠎ᠡ ᠳ᠋ᠦ᠍ᠷ ᠰᠥᠨᠢ ᠳᠦᠯᠢ ᠪᠡᠷ ᠭᠡᠨᠡᠳᠲᠡ ᠶᠠᠪᠠᠭᠠᠨ ᠬᠥᠰᠬᠡ ᠬᠥᠩᠭᠡᠨ ᠮᠣᠷᠢᠨ ᠤ᠋ ᠨᠢᠰᠦᠨ ᠳᠣᠪᠲᠣᠯᠭ᠎ᠠ ᠪᠠᠷ ᠭᠦᠢᠴᠡᠵᠦ᠂ ᠬᠢᠶᠠᠷᠠᠲᠠᠯ᠎ᠠ ᠲᠠᠢᠯᠵᠤ᠂ ᠦᠯᠡᠭᠰᠡᠨ ᠢ᠋ ᠡᠯᠰᠡᠨ ᠠᠪᠴᠤ ᠢᠷᠡᠭᠲᠦᠨ᠃ ᠨᠢᠭᠡᠬᠡᠨ ᠬᠥᠮᠦᠨ ᠢ᠋ ᠴᠦ᠍ ᠡᠭᠡᠭᠦᠯᠵᠦ ᠪᠣᠯᠬᠤ ᠦᠭᠡᠢ᠃ ᠡᠭᠦᠡᠴᠡ ᠡᠮᠦᠨ᠎ᠡ ᠵᠦᠭ ᠦ᠋ᠨ ᠴᠡᠷᠢᠭ᠂ ᠬᠣᠢᠲᠤ ᠵᠦᠭ ᠬᠠᠨᠳᠤᠰᠢ ᠦᠭᠡᠢ ᠪᠣᠯᠭ᠎ᠠ᠂ ᠡᠨᠡ ᠬᠡᠮᠡᠭᠴᠢ ᠮᠠᠨ ᠤ᠋ ᠮᠣᠩᠭᠣᠯ ᠤ᠋ᠨ ᠤᠯᠤᠰ ᠲᠥᠷᠥ ᠶ᠋ᠢᠨ ᠦᠨᠳᠦᠰᠦᠨ ᠢ᠋ ᠡᠭᠦᠷᠢ ᠤᠷᠲᠤᠳᠠ ᠪᠠᠲᠤᠳᠬᠠᠬᠤ ᠬᠦᠨᠳᠦ ᠴᠢᠬᠤᠯᠠ ᠶᠡᠬᠡ ᠦᠢᠯᠡ ᠪᠣᠯᠠᠢ᠃ ᠴᠡᠷᠢᠭ ᠬᠡᠳᠦᠬᠡᠨ ᠮᠢᠩᠭᠠᠨ ᠤ᠋ ᠲᠡᠳᠦᠢ ᠪᠣᠯᠪᠠᠴᠤ᠂ ᠬᠡᠷᠡᠭ ᠢᠨᠦ ᠮᠠᠰᠢ ᠴᠢᠬᠤᠯᠠ ᠠ᠋ᠴᠠ ᠴᠢᠬᠤᠯᠠ᠂ ᠡᠭᠦᠨ ᠢ᠋ᠶ᠋ᠡᠷ ᠡᠮᠦᠨ᠎ᠡ ᠵᠠᠮ ᠤ᠋ᠨ ᠴᠡᠷᠢᠭ ᠦ᠋ᠳ ᠦ᠋ᠨ ᠤᠮᠠᠷᠠᠰᠢ ᠬᠠᠨᠳᠤᠬᠤ ᠵᠠᠮ ᠢ᠋ ᠨᠢᠭᠡᠮᠦᠰᠦᠨ ᠲᠠᠰᠤᠯᠤᠨ ᠠᠷᠢᠯᠭᠠᠬᠤ ᠠᠨᠤ ᠡᠨᠡ ᠤᠳᠠᠭ᠎ᠠ ᠳ᠋ᠤᠷ ᠪᠣᠢ ᠠᠮᠤᠢ᠃ ᠲᠠᠢᠽᠢ ᠴᠢᠨ ᠸᠠᠩ ᠢ᠋ᠶ᠋ᠠᠷ ᠠᠷᠪᠠᠨ ᠬᠤᠪᠢ ᠶ᠋ᠢᠨ ᠬᠢᠴᠢᠶᠡᠯᠲᠦ ᠰᠡᠳᠬᠢᠯ ᠢ᠋ᠶ᠋ᠡᠷ ᠴᠢᠷᠮᠠᠢᠨ ᠭᠦᠢᠴᠡᠳᠬᠡᠭᠲᠦᠨ᠃ ᠡᠨᠡ ᠴᠠᠭᠠᠵᠠ ᠬᠠᠤᠯᠢ ᠬᠡᠮᠡᠭᠴᠢ ᠲᠠᠢᠽᠢ ᠲᠠᠨ ᠤ᠋ ᠥᠪᠡᠷᠦᠨ ᠴᠠᠭᠠᠵᠠ ᠬᠠᠤᠯᠢ ᠪᠤᠶᠤ᠃ ᠴᠡᠷᠢᠭ ᠦ᠋ᠨ ᠵᠢᠨᠦᠩ ᠮᠢᠨᠦ ᠶᠠᠪᠤᠭᠤᠯᠬᠤ ᠬᠡᠪ ᠬᠡᠮᠵᠢᠶ᠎ᠡ ᠬᠡᠮᠡᠭᠴᠢ ᠴᠥᠮ ᠢ᠋ᠶ᠋ᠡᠷ ᠪᠠᠭ᠎ᠠ ᠡᠵᠡᠳ ᠲᠠᠨ ᠳ᠋ᠤᠷ ᠲᠣᠭᠲᠠᠭᠠᠵᠤ ᠥᠭᠬᠦ ᠬᠡᠪ ᠬᠡᠮᠵᠢᠶ᠎ᠡ ᠪᠤᠶᠤ᠃ ᠴᠠᠭᠠᠵᠠ ᠶ᠋ᠢ ᠴᠢᠩᠭ᠎ᠠ ᠬᠠᠤᠯᠢ ᠶ᠋ᠢ ᠬᠠᠲᠠᠭᠤ ᠪᠣᠯᠭᠠᠬᠤ ᠤᠭ ᠦᠨᠳᠦᠰᠦ᠂ ᠶᠡᠬᠡ ᠡᠷᠬᠡᠲᠡᠨ ᠰᠠᠭᠤᠷᠢᠨ ᠲᠠᠨ ᠢ᠋ ᠵᠠᠰᠠᠭᠯᠠᠬᠤ ᠠ᠋ᠴᠠ ᠰᠠᠶᠢ ᠣᠯᠠᠨ ᠨᠡᠢᠲᠡ ᠪᠡᠷ ᠠᠶᠤᠨ ᠪᠢᠰᠢᠷᠡᠮᠦᠢ᠃ ᠴᠡᠷᠢᠭ ᠦ᠋ᠨ ᠵᠢᠨᠦᠩ ᠪᠢ ᠡᠳᠦᠭᠡ ᠬᠠᠷᠠᠬᠠᠨ ᠡᠷᠬᠡᠪᠰᠢ ᠳᠥᠷᠪᠡᠨ ᠲᠠᠢᠽᠢ ᠡᠵᠡᠳ ᠨᠠᠷ ᠤ᠋ᠨ ᠨᠢᠭᠡᠨ ᠦ᠌ ᠶᠠᠯ᠎ᠠ ᠪᠤᠷᠤᠭᠤ ᠶ᠋ᠢ ᠡᠷᠢᠨ ᠪᠠᠷᠢᠵᠤ ᠴᠢᠩᠳᠠᠯᠠᠨ ᠶᠠᠯᠠᠯᠠᠭᠠᠳ᠂ ᠶᠡᠬᠡ ᠮᠣᠩᠭᠣᠯ ᠤ᠋ᠨ ᠤᠯᠤᠰ ᠲᠥᠷᠥ ᠶ᠋ᠢᠨ ᠲᠦᠭ ᠲᠦᠮᠡᠨ ᠂ ᠡᠷᠬᠡᠲᠡᠨ ᠪᠡᠷᠬᠡᠳᠡᠨ ᠢ᠋ ᠴᠠᠭᠠᠵᠠ ᠶ᠋ᠢ ᠰᠠᠬᠢᠭᠤᠯᠤᠨ ᠬᠠᠤᠯᠢ ᠶ᠋ᠢ ᠬᠠᠳᠠᠭᠠᠯᠠᠭᠤᠯᠬᠤ ᠶ᠋ᠢ ᠡᠳᠦᠭᠡ ᠡᠷᠢᠬᠦ ᠴᠠᠭ᠂ ᠲᠠᠢᠽᠢ ᠴᠢᠨ ᠸᠠᠩ ᠡᠷᠬᠡᠪᠰᠢ ᠳᠠᠬᠢᠨ ᠳᠠᠬᠢᠨ ᠨᠠᠷᠢᠪᠴᠢᠯᠠᠨ ᠬᠢᠨᠠᠵᠤ ᠲᠤᠰᠢᠶᠠᠭᠰᠠᠨ ᠬᠡᠷᠡᠭ ᠢ᠋ᠶ᠋ᠡᠨ ᠬᠠᠳᠠᠨ ᠴᠠᠭᠠᠵᠠ ᠪᠠᠷ ᠠᠪᠠᠴᠢᠵᠤ᠂ ᠭᠠᠪᠢᠶ᠎ᠠ ᠪᠦᠲᠦᠭᠡᠵᠦ ᠡᠭᠡᠭᠲᠦᠨ᠂ ᠣᠰᠣᠯᠳᠠᠪᠠᠰᠤ ᠬᠤᠸᠠᠩᠳᠢ ᠶ᠋ᠢᠨ ᠴᠠᠭᠠᠵᠠ ᠪᠠᠷ ᠶᠠᠯᠠᠯᠠᠵᠤ ᠣᠯᠠᠨ ᠢ᠋ ᠴᠡᠭᠡᠷᠯᠡᠭᠦᠯᠦᠮᠦᠢ᠃ ᠴᠢᠨ ᠸᠠᠩ ᠪᠢᠲᠡᠭᠡᠢ ᠮᠠᠭᠤ ᠰᠠᠨᠠᠭᠲᠤᠨ 》 ᠬᠡᠮᠡᠭᠰᠡᠨ ᠳ᠋ᠦ᠍ᠷ ᠵᠣᠴᠢ ᠴᠢᠨ ᠸᠠᠩ ᠨᠢᠷᠤᠭᠤ ᠮᠡᠬᠦᠢᠵᠦ ᠥᠴᠢᠷᠦᠨ᠄ 
      《ᠵᠢᠨᠦᠩ ᠦ᠋ᠨ ᠴᠠᠭᠠᠵᠠ ᠶ᠋ᠢ ᠬᠢᠴᠢᠶᠡᠨ ᠳᠠᠭᠠᠵᠤ᠂ ᠬᠣᠯᠪᠤᠤ ᠮᠠᠩᠬᠠᠨ᠎ᠠ ᠡᠴᠢᠬᠦᠶ᠎ᠡ ᠮᠠᠰᠢ ᠭᠢᠯᠪᠠᠢ᠃ ᠭᠠᠭᠴᠠ ᠲᠡᠷᠡ ᠵᠠᠮ ᠢ᠋ᠶ᠋ᠠᠷ ᠢᠷᠡᠬᠦ ᠦᠭᠡᠢ ᠡᠴᠡ ᠪᠣᠯᠭᠣᠮᠵᠢᠯᠠᠮᠤᠢ 》 ᠬᠡᠮᠡᠭᠰᠡᠨ ᠳ᠋ᠦ᠍ᠷ ᠮᠤᠬᠤᠯᠢ ᠴᠢᠷᠠᠢ ᠲᠠᠯᠪᠢᠨ ᠥᠭᠦᠯᠡᠷᠦᠨ᠄ 
      《 ᠬᠢᠳᠠᠨ ᠤ᠋ ᠴᠡᠷᠢᠭ᠂ ᠬᠡᠷᠪᠡ ᠬᠣᠯᠪᠤᠤ ᠮᠠᠩᠬᠠᠨ ᠤ᠋ ᠭᠠᠵᠠᠷ ᠢ᠋ᠶ᠋ᠠᠷ ᠡᠰᠡ ᠢᠷᠠᠪᠠᠰᠤ᠂ ᠴᠡᠷᠢᠭ ᠦ᠋ᠨ ᠴᠠᠭᠠᠵᠠᠨ ᠤ᠋ ᠪᠢᠴᠢᠭ ᠪᠠᠢᠭᠤᠯᠵᠤ᠂ ᠮᠤᠬᠤᠯᠢ ᠪᠢ ᠡᠨᠡ ᠵᠢᠨᠦᠩ ᠦ᠋ᠨ ᠲᠤᠰᠢᠶᠠᠯ ᠢ᠋ᠶ᠋ᠠᠨ ᠶᠡᠬᠡ ᠲᠠᠢᠽᠢ ᠳ᠋ᠤᠷ ᠨᠠᠢᠷ ᠲᠠᠯᠪᠢᠨ ᠡᠷᠭᠦᠰᠦᠭᠡᠢ᠃ ᠬᠢᠳᠠᠨ ᠤ᠋ ᠴᠡᠷᠢᠭ ᠬᠤᠯᠪᠤᠤ ᠮᠠᠩᠬᠠᠨ ᠢ᠋ᠶ᠋ᠠᠷ ᠢᠷᠡᠵᠦ ᠪᠠᠢᠲᠠᠯ᠎ᠠ᠂ ᠶᠡᠬᠡ ᠲᠠᠢᠽᠢ ᠳᠠᠢᠯᠠᠵᠤ ᠡᠰᠡ ᠳᠡᠢᠯᠦᠭᠡᠳ ᠪᠦᠷᠢᠨ᠎ᠡ ᠪᠠᠷᠢᠵᠤ ᠡᠰᠡ ᠠᠴᠢᠷᠠᠪᠡᠰᠤ ᠬᠡᠷᠬᠢᠮᠦᠢ ?》ᠬᠡᠮᠡᠭᠰᠡᠨ᠎ᠡ᠂ ᠵᠣᠴᠢ ᠴᠢᠨ ᠸᠠᠩ ᠢᠨᠢᠶᠡᠵᠦ ᠮᠡᠬᠦᠢᠵᠦ ᠥᠴᠢᠷᠦᠨ᠄ 
      《ᠮᠥᠨ ᠬᠦ᠌ ᠴᠡᠷᠢᠭ ᠦ᠋ᠨ ᠴᠠᠭᠠᠵᠠᠨ ᠤ᠋ ᠪᠢᠴᠢᠭ ᠪᠠᠢᠭᠤᠯᠵᠤ ᠲᠠᠢᠽᠢ ᠴᠣᠯᠠ ᠸᠠᠩ ᠤ᠋ᠨ ᠬᠡᠷᠬᠡᠮ ᠢ᠋ ᠪᠦᠷᠢᠨ᠎ᠡ ᠲᠠᠯᠪᠢᠮᠤᠢ ‍ᠶ᠎ᠠ᠃ 》ᠬᠡᠮᠡᠭᠰᠡᠨ ᠳ᠋ᠦ᠍ᠷ ᠮᠤᠬᠤᠯᠢ ᠥᠭᠦᠯᠡᠷᠦᠨ᠄ 
      《 ᠲᠠᠢᠽᠢ ᠪᠠᠷ ᠴᠡᠷᠢᠭ ᠦ᠋ᠨ ᠴᠠᠭᠠᠵᠠ ᠪᠠᠷ ᠨᠠᠭᠠᠳᠤᠮ ᠪᠣᠯᠭᠠᠵᠤ ᠦᠯᠦ ᠪᠣᠯᠤᠮᠤᠢ》ᠬᠡᠮᠡᠪᠡᠰᠦ᠂ ᠵᠣᠴᠢ ᠴᠢᠨ ᠸᠠᠩ᠂ ᠳᠤᠷᠠᠲᠠᠶ᠎ᠠ ᠴᠡᠷᠢᠭ ᠦ᠋ᠨ ᠴᠠᠭᠠᠵᠠᠨ ᠤ᠋ ᠪᠢᠴᠢᠭ ᠪᠠᠢᠭᠤᠯᠰᠤᠭᠠᠢ ᠬᠡᠮᠡᠬᠦᠢ ᠳ᠋ᠦ᠍ᠷ ᠣᠯᠠᠨ ᠤ᠋ ᠵᠢᠭᠰᠠᠭᠠᠯ ᠠ᠋ᠴᠠ ᠬᠦᠯᠦᠭ ᠲᠠᠢᠪᠤᠤ ᠪᠤᠭᠤᠷᠤᠯ᠂ ᠬᠥᠭᠰᠢᠨ ᠲᠦᠰᠢᠮᠡᠯ ᠰᠢᠬᠦᠷ᠂ ᠬᠠᠭᠤᠴᠢᠨ ᠵᠠᠩᠵᠤᠨ ᠮᠡᠩᠬᠡᠯᠢᠭ ᠭᠤᠷᠪᠠᠭᠤᠯᠠ ᠤᠷᠤᠭᠰᠢ ᠳᠠᠪᠰᠢᠨ ᠵᠣᠴᠢ ᠴᠢᠨ ᠸᠠᠩ ᠢ᠋ ᠬᠣᠷᠢᠭᠯᠠᠨ᠂ ᠵᠢᠨᠦᠩ ᠯᠤᠭ᠎ᠠ ᠣᠯᠠᠨ ᠦᠭᠡ ᠦᠯᠦ ᠥᠭᠦᠯᠡᠮᠦ ᠬᠡᠮᠡᠭᠰᠡᠨ ᠳ᠋ᠦ᠍ᠷ ᠵᠣᠴᠢ ᠴᠢᠨ ᠸᠠᠩ᠄ 
      《 ᠵᠢᠨᠦᠩ ᠦ᠋ᠨ ᠵᠠᠬᠢᠶ᠎ᠠ ᠶ᠋ᠢ ᠳᠠᠭᠠᠭᠰᠠᠨ ᠪᠣᠢ ‍ᠶ᠎ᠠ᠂ ᠣᠯᠠᠨᠲᠠ ᠥᠭᠦᠯᠡᠭᠰᠡᠨ ᠦᠭᠡ ᠪᠤᠰᠤ᠂ ᠳᠤᠷᠠᠲᠠᠶ᠎ᠠ ᠵᠢᠨᠦᠩ ᠦ᠋ᠨ ᠴᠠᠭᠠᠵᠠ ᠪᠠᠷ ᠴᠡᠷᠢᠭ ᠦ᠋ᠨ ᠴᠠᠭᠠᠵᠠᠨ ᠤ᠋ ᠪᠢᠴᠢᠭ ᠪᠠᠢᠭᠤᠯᠬᠤᠢ ᠶ᠋ᠢ ᠬᠦᠰᠡᠮᠦᠢ 》ᠬᠡᠮᠡᠭᠰᠡᠨ ᠳ᠋ᠦ᠍ᠷ ᠵᠢᠨᠦᠩ ᠮᠤᠬᠤᠯᠢ ᠴᠢᠷᠠᠢ ᠪᠠᠨ ᠪᠠᠷᠤᠢᠯᠭᠠᠨ᠂ ᠠᠷᠰᠯᠠᠨ ᠤ᠋ ᠰᠢᠷᠡᠭᠡᠨ᠎ᠡ ᠵᠣᠭᠰᠣᠵᠤ᠂ ᠴᠡᠷᠢᠭ ᠦ᠋ᠨ ᠰᠢᠪᠠᠭ᠎ᠠ ᠰᠤᠮᠤ ᠶ᠋ᠢ ᠨᠢᠭᠡᠨᠲᠡ ᠴᠣᠬᠢᠵᠤ ᠪᠠᠭᠤᠯᠭᠠᠮᠠᠭᠴᠠ᠂ ᠶᠡᠬᠡ ᠵᠦᠩ ᠬᠡᠩᠭᠡᠷᠭᠡ ᠬᠠᠮᠲᠤᠪᠠᠷ ᠳᠠᠭᠤᠷᠢᠰᠴᠤ᠂ ᠨᠠᠢ᠍ᠮᠠᠨ ᠤᠭᠰᠠᠭ᠎ᠠ ᠸᠠᠩ᠄ ᠲᠠᠪᠤᠨ ᠲᠡᠷᠢᠭᠦᠯᠡᠭᠰᠡᠨ ᠲᠡᠢᠰᠢ ᠪᠦᠷᠢᠨ᠎ᠡ ᠴᠤᠭᠯᠠᠵᠤ᠂ ᠴᠠᠭᠠᠵᠠᠨ ᠤ᠋ ᠪᠢᠴᠢᠭ ᠪᠠᠢᠭᠤᠯᠬᠤᠶ᠎ᠠ᠂ ᠣᠯᠠᠨ ᠶᠡᠬᠡ ᠰᠠᠭᠤᠷᠢᠨᠲᠤ ᠨᠣᠶᠠᠳ᠂ ᠵᠢᠨᠦᠩ ᠦ᠋ᠨ ᠬᠢᠯᠢᠩᠲᠦ ᠪᠠᠢᠳᠠᠯ ᠢ᠋ ᠦᠵᠡᠭᠡᠳ ᠠᠶᠤᠮᠰᠢᠭ ᠦᠭᠡᠢ ᠢᠯᠭᠠᠨ ᠬᠡᠯᠡᠯᠴᠡᠬᠦ ᠦᠭᠡᠢ᠃ ᠣᠯᠠᠨ ᠪᠢᠴᠢᠭ ᠦ᠋ᠨ ᠰᠠᠢᠳ ᠳ᠋ᠠᠳᠠᠳᠤᠩᠭ᠎ᠠ ᠲᠡᠷᠢᠭᠦᠯᠡᠨ ᠴᠡᠷᠢᠭ ᠦ᠋ᠨ ᠴᠠᠭᠠᠵᠠᠨ ᠤ᠋ ᠪᠢᠴᠢᠭ ᠢ᠋ ᠪᠠᠢᠭᠤᠯᠵᠤ ᠵᠢᠨᠦᠩ ᠦ᠋ᠨ ᠴᠠᠴᠠᠷ ᠪᠠ ᠶᠡᠬᠡ ᠲᠥᠷᠥ ᠳ᠋ᠦ᠍ᠷ ᠴᠥᠮ ᠤᠯᠠᠭᠠᠨ ᠲᠤᠩᠬᠠᠭ ᠨᠠᠭᠠᠭᠰᠠᠨ ᠳ᠋ᠤᠷ ᠬᠤᠸᠠᠩᠳᠢ ᠬᠤᠸᠠᠩᠬᠡᠦ ᠶ᠋ᠢᠨ ᠰᠣᠨᠣᠷ ᠲᠤᠷ ᠴᠥᠮ ᠬᠦᠷᠴᠦ᠂ ᠬᠠᠭᠠᠨ ᠬᠠᠲᠤᠨ ᠤ᠋ ᠬᠢᠯᠢᠩᠲᠦ ᠵᠠᠷᠯᠢᠭ ᠬᠠᠮᠲᠤ ᠪᠠᠭᠤᠵᠤ ᠢᠷᠡᠭᠰᠡᠨ ᠢᠨᠦ᠄
      《ᠵᠣᠴᠢ ᠴᠢᠨ ᠸᠠᠩ ᠤ᠋ᠨ ᠵᠢᠨᠦᠩ ᠯᠦ᠍ᠭᠡ ᠴᠡᠷᠢᠭ ᠦ᠋ᠨ ᠴᠠᠭᠠᠵᠠᠨ ᠤ᠋ ᠪᠢᠴᠢᠭ ᠪᠠᠢᠭᠤᠯᠤᠭᠰᠠᠨ ᠤ᠋ ᠲᠤᠯᠠᠳᠠ᠂ ᠴᠠᠭᠠᠵᠠᠨ ᠤ᠋ ᠬᠡᠷᠡᠭ ᠲᠡᠭᠦᠰᠦᠨ ᠲᠡᠭᠦᠰᠲᠡᠯ᠎ᠡ ᠵᠣᠴᠢ ᠴᠢᠨ ᠸᠠᠩ ᠬᠠᠭᠠᠨ ᠬᠠᠲᠤᠨ ᠳ᠋ᠤᠷ ᠪᠠᠷᠠᠭᠠᠯᠠᠵᠤ ᠪᠣᠯᠬᠤ ᠦᠭᠡᠢ᠂ ᠬᠡᠵᠢᠶ᠎ᠡ ᠴᠠᠭᠠᠵᠠ ᠶ᠋ᠢᠨ ᠬᠡᠷᠡᠭ ᠢᠯᠭᠠᠷᠠᠨ ᠲᠡᠭᠦᠰᠦᠭᠰᠡᠨ ᠬᠣᠢᠨ᠎ᠠ ᠵᠢᠨᠦᠩ ᠯᠦ᠍ᠭᠡ ᠮᠥᠴᠡᠭᠡᠷᠬᠡᠭᠰᠡᠨ ᠶᠠᠯ᠎ᠠ ᠶ᠋ᠢ ᠵᠢᠴᠢ ᠢᠯᠭᠠᠨ ᠬᠡᠯᠡᠯᠴᠡᠵᠦ᠂ ᠵᠠᠷᠯᠢᠭ ᠪᠠᠭᠤᠬᠤ ᠶ᠋ᠢ ᠬᠦᠯᠢᠶᠡᠵᠦ᠂ ᠰᠠᠶᠢ ᠳᠣᠲᠣᠭᠠᠳᠤ ᠣᠷᠲᠣᠨ᠎ᠠ ᠤᠷᠤᠭᠤᠯ 》ᠬᠡᠮᠡᠵᠦᠬᠦᠢ᠃ 
       ᠬᠤᠸᠠᠩᠬᠡᠦ ᠶ᠋ᠢᠨ ᠲᠡᠨᠳᠡ ᠡᠴᠡ ᠡᠬᠡᠨᠡᠷ ᠰᠠᠢᠳ ᠠᠮᠠᠯᠠᠨ ᠭᠠᠷᠭᠠᠵᠤ᠄ 《ᠵᠣᠴᠢ ᠴᠢᠨ ᠸᠠᠩ ᠤ᠋ᠨ ᠳᠣᠲᠣᠭᠠᠳᠤ ᠣᠷᠳᠣᠨ ᠤ᠋ ᠬᠠᠲᠤᠳ ᠹᠧᠢ ᠨᠠᠷ ᠢ᠋ ᠴᠠᠭᠠᠵᠠᠨ ᠤ᠋ ᠬᠡᠷᠡᠭ ᠲᠡᠭᠦᠰᠦᠨ ᠲᠡᠭᠦᠰᠲᠡᠯ᠎ᠡ ᠵᠠᠬᠢᠷᠤᠨ ᠬᠠᠳᠠᠭᠠᠯᠠᠭᠤᠯ᠃ ᠮᠥᠨ ᠬᠦ᠌ ᠬᠠᠭᠠᠨ ᠬᠠᠳᠤᠨ᠎ᠠ ᠠᠮᠤᠭᠤᠯᠠᠩ ᠠᠢᠯᠠᠳᠬᠠᠵᠤ ᠪᠣᠯᠬᠤ ᠦᠭᠡᠢ》ᠬᠡᠮᠡᠪᠡ᠃ 
       ᠡᠨᠡ ᠨᠢᠭᠡᠨ ᠵᠠᠷᠯᠢᠭ ᠲᠤᠷ ᠲᠥᠷᠥ ᠶ᠋ᠢᠨ ᠬᠣᠲᠠᠯᠠᠭᠠᠷ ᠶᠡᠬᠡᠯ᠎ᠡ ᠠᠶᠤᠨ ᠳᠣᠷᠭᠢᠯᠤᠨ ᠬᠡᠯᠡᠯᠴᠡᠵᠦ᠂ ᠡᠭᠦᠨᠴᠡ ᠵᠢᠨᠦᠩ ᠦ᠋ᠨ ᠲᠠᠭᠲᠤ ᠶ᠋ᠢᠨ ᠭᠠᠵᠠᠷ᠎ᠠ ᠠᠶᠤᠨ ᠴᠡᠴᠡᠷᠡᠬᠦ ᠢᠨᠦ ᠤᠯᠠᠮ ᠴᠢᠩ ᠬᠢᠴᠢᠶᠡᠩᠭᠦᠢ ᠪᠣᠯᠵᠤᠬᠤᠢ᠃ ᠥᠭᠡᠳᠡᠯᠡᠬᠦ ᠲᠥᠷᠥ ᠶ᠋ᠢᠨ ᠥᠪᠡᠷᠮᠢᠴᠡ ᠠᠷᠭ᠎ᠠ ᠪᠤᠶᠤ᠃ 
       ᠲᠡᠨᠳᠡᠴᠡ ᠵᠣᠴᠢ ᠴᠢᠨ ᠸᠠᠩ᠂ ᠬᠦᠯᠦᠭ ᠲᠠᠢᠪᠤᠤ ᠴᠢᠯᠠᠭᠤᠨ ᠨᠣᠶᠠᠨ ᠲᠠᠨ ᠤ᠋ ᠬᠣᠶᠠᠷ ᠠᠩᠭᠢ ᠴᠡᠷᠢᠭ ᠮᠣᠷᠳᠠᠮᠠᠭᠴᠠ᠂ ᠵᠢᠨᠦᠩ ᠦ᠋ᠨ ᠲᠠᠭᠲᠤ ᠳ᠋ᠤᠷ ᠬᠤᠶᠠᠭ ᠤ᠋ᠳ ᠬᠠᠰᠬᠢᠷᠤᠯᠴᠠᠨ᠂ ᠳᠥᠷᠪᠡᠨ ᠨᠡᠷ᠎ᠡ ᠶ᠋ᠢᠨ ᠵᠡᠪᠡ ᠠᠪᠤᠨ ᠪᠠᠭᠤᠵᠤ᠂ ᠳᠥᠷᠪᠡᠨ ᠶᠡᠬᠡ ᠵᠠᠩᠵᠤᠨ ᠢ᠋ ᠵᠠᠷᠯᠠᠵᠤ ᠲᠠᠭᠲᠤ ᠳ᠋ᠤᠷ ᠠᠪᠠᠷᠢᠭᠤᠯᠵᠤ᠂ ᠪᠤᠰᠤ ᠠᠷᠠᠳ ᠴᠥᠮ ᠪᠠᠭᠤᠪᠠ᠃ ᠡᠨᠡ ᠵᠠᠷᠯᠠᠭᠰᠠᠨ ᠳᠥᠷᠪᠡᠨ ᠵᠠᠩᠵᠤᠨ ᠬᠡᠨ ᠬᠡᠨ ᠬᠡᠮᠡᠪᠡᠰᠦ᠂ ᠤᠯᠤᠰ ᠤ᠋ᠨ ᠨᠠᠭᠠᠴᠤ ᠬᠦᠩ ᠨᠣᠶᠠᠨ ᠠᠵᠢᠨᠠᠢ ᠮᠡᠷᠭᠡᠨ᠂ ᠪᠠᠭ᠎ᠠ ᠨᠠᠭᠠᠴᠤ ᠨᠣᠶᠠᠨ ᠬᠤᠳᠠᠷᠭ᠎ᠠ ᠪᠠᠭᠠᠲᠤᠷ᠂ ᠴᠢᠨ ᠸᠠᠩ ᠪᠦᠬᠦ ᠪᠡᠯᠭᠦᠳᠡᠢ ᠶ᠋ᠢᠨ ᠶᠡᠬᠡ ᠬᠥᠪᠡᠭᠦᠨ ᠡᠷᠲᠡ ᠰᠠᠷᠠᠨ᠂ ᠴᠢᠨ ᠸᠠᠩ ᠬᠠᠪᠤᠲᠤ ᠬᠠᠰᠠᠷ ᠤ᠋ᠨ ᠶᠡᠬᠡ ᠬᠥᠪᠡᠭᠦᠨ ᠳᠣᠵᠤ ᠳᠣᠭᠰᠢᠨ᠂ ᠡᠨᠡ ᠳᠥᠷᠪᠡᠭᠦᠯᠡ ᠶ᠋ᠢ ᠵᠢᠨᠦᠩ ᠮᠤᠬᠤᠯᠢ ᠰᠢᠳᠠᠷ ᠳᠡᠷᠭᠡᠳᠡ ᠪᠡᠨ ᠣᠢᠷᠠᠯᠴᠠᠭ᠎ᠠ ᠳᠠᠭᠤᠳᠠᠨ ᠠᠪᠠᠴᠢᠵᠤ᠂ ᠰᠢᠷᠡᠭᠡ ᠪᠡᠨ ᠲᠣᠭᠣᠷᠢᠭᠤᠯᠤᠨ ᠵᠣᠭᠰᠣᠭᠠᠵᠤ᠂ ᠬᠠᠨᠴᠤᠢ ᠠ᠋ᠴᠠᠭᠠᠨ ᠨᠢᠭᠡᠨ ᠪᠢᠴᠢᠬᠠᠨ ᠣᠷᠢᠶᠠᠳᠠᠰᠤ ᠵᠢᠷᠤᠭ ᠭᠠᠷᠭᠠᠵᠤ᠂ ᠳᠥᠷᠪᠡᠭᠦᠯᠡ ᠶ᠋ᠢᠨ ᠳᠤᠮᠳᠠ ᠦᠵᠡᠭᠦᠯᠦᠭᠡᠳ ᠳᠣᠣᠷ᠎ᠠ ᠳᠠᠭᠤᠨ ᠢ᠋ᠶ᠋ᠠᠷ᠄ ᠬᠢᠳᠠᠨ ᠤ᠋ ᠴᠡᠷᠢᠭ ᠢ᠋ ᠨᠢᠭᠡᠬᠡᠨ ᠬᠥᠮᠦᠨ ᠦᠯᠡᠳᠡᠭᠡᠯ ᠦᠭᠡᠢ ᠴᠥᠮ ᠪᠠᠷᠢᠵᠤ ᠠᠴᠢᠷᠠᠬᠤ ᠨᠠᠷᠢᠨ ᠨᠢᠭᠲᠠ ᠠᠷᠭ᠎ᠠ ᠤᠬᠠᠭᠠᠨ ᠪᠠ ᠪᠠᠷᠠᠭᠤᠨ ᠢ᠋ ᠰᠡᠵᠢᠭᠯᠡᠭᠦᠯᠦᠨ ᠵᠡᠭᠦᠨ ᠢ᠋ᠶ᠋ᠡᠷ ᠪᠠᠢᠯᠳᠤᠬᠤ᠂ ᠬᠣᠢᠲᠤ ᠪᠠᠷ ᠲᠤᠰᠤᠭᠤᠯᠤᠨ ᠠᠯᠠᠭᠤᠯᠵᠤ ᠡᠮᠦᠨ᠎ᠡ ᠳ᠋ᠦ᠍ᠷ ᠨᠦᠬᠡ ᠤᠬᠤᠬᠤ ᠵᠢᠷᠤᠭ ᠢ᠋ ᠬ᠍ᠤᠯᠪᠣᠤ ᠮᠠᠩᠬᠠᠨ ᠤ᠋ ᠵᠠᠬ᠎ᠠ ᠠ᠋ᠴᠠ ᠡᠬᠢᠯᠡᠨ᠂ ᠪᠣᠷᠣ ᠪᠤᠷᠭᠠᠰᠤᠲᠠᠢ ᠶ᠋ᠢᠨ ᠬᠥᠪᠡᠭᠡ ᠬᠢᠵᠠᠭᠠᠷ ᠤ᠋ᠨ ᠶᠡᠬᠡ ᠭᠣᠣ᠂ ᠭᠦᠨ ᠭᠠᠩᠬ᠎ᠠ ᠳ᠋ᠤᠷ ᠬᠦᠷᠲᠡᠯ᠎ᠡ ᠤᠯᠠᠭᠠᠨ ᠤᠲᠠᠰᠤᠨ ᠤ᠋ ᠵᠤᠷᠪᠤᠰ ᠲᠡᠳᠡᠨ ᠵᠢᠭᠠᠨ ᠰᠤᠷᠭᠠᠭᠠᠳ᠂ ᠴᠡᠷᠢᠭ ᠮᠣᠷᠳᠠᠬᠤ ᠡᠳᠦᠷ ᠴᠠᠭ ᠢ᠋ ᠲᠣᠭᠲᠠᠭᠠᠨ ᠵᠠᠬᠢᠵᠤ᠂ ᠬᠥᠮᠦᠨ ᠪᠦᠷᠢ ᠳ᠋ᠦ᠍ᠷ ᠬᠣᠶᠠᠷ ᠮᠢᠩᠭᠠᠨ ᠴᠡᠷᠢᠭ ᠥᠭᠴᠦ᠂ ᠪᠠᠰᠠ ᠳᠠᠬᠢᠨ ᠳᠠᠬᠢᠨ《ᠵᠣᠴᠢ ᠴᠢᠨ ᠸᠠᠩ ᠲᠠᠨ ᠤ᠋ ᠳᠥᠷᠪᠡᠨ ᠵᠠᠩᠵᠤᠨ ᠯᠤᠭ᠎ᠠ ᠤᠷᠤᠭ ᠠᠨᠤ ᠤᠷᠤᠭ᠂ ᠲᠥᠷᠥᠯ ᠢᠨᠦ ᠲᠥᠷᠥᠯ ᠲᠤᠯᠠ ᠲᠠ ᠳᠥᠷᠪᠡᠭᠦᠯᠡ ᠶ᠋ᠢ ᠰᠣᠩᠭᠣᠵᠤ ᠳᠠᠯᠳᠠᠭᠤᠷ ᠲᠤᠰᠢᠶᠠᠨ ᠬᠠᠪᠰᠤᠷᠤᠭᠤᠯᠤᠭᠰᠠᠨ ᠠᠨᠤ ᠡᠨᠡ ᠪᠤᠶᠤ᠂ ᠬᠡᠷᠬᠢᠪᠡᠴᠦ ᠪᠤᠰᠤ ᠵᠠᠩᠵᠤᠨ ᠨᠠᠷ ᠠ᠋ᠴᠠ ᠢᠯᠡᠭᠦᠦ ᠬᠦᠴᠦᠯᠡᠨ ᠬᠠᠮᠠᠭᠠᠯᠠᠵᠤ ᠴᠢᠷᠮᠠᠢᠨ ᠲᠤᠰᠠᠯᠠᠬᠤ ᠶ᠋ᠢᠨ ᠲᠤᠯᠠ ᠪᠣᠯᠠᠢ᠃ ᠳᠥᠷᠪᠡᠨ ᠨᠣᠶᠠᠳ ᠶᠠᠭᠠᠬᠢᠨ ᠬᠡᠷᠬᠢᠪᠡᠴᠦ ᠡᠨᠡ ᠭᠠᠪᠢᠶ᠎ᠠ ᠶ᠋ᠢ ᠬᠠᠮᠵᠢᠨ ᠪᠦᠲᠦᠭᠡᠵᠦ ᠡᠭᠡᠭᠲᠦᠨ ! ᠭᠡᠮᠡᠨ ᠲᠠᠭᠲᠤ ᠠ᠋ᠴᠠ ᠨᠢᠳᠦ ᠪᠡᠷ ᠦᠵᠡᠨ ᠪᠠᠭᠤᠯᠭᠠᠵᠤ᠂ ᠰᠠᠶᠢ ᠬᠦᠯᠦᠭ ᠲᠠᠢᠪᠤᠤ ᠨᠣᠶᠠᠨ ᠪᠤᠭᠤᠷᠤᠯ ᠬᠠᠭᠠᠴᠠ ᠪᠡᠶ᠎ᠡ ᠶ᠋ᠢ ᠵᠠᠯᠠᠵᠤ᠂ ᠬᠠᠭᠠᠰ ᠴᠠᠭ ᠨᠠᠷᠢᠨ ᠨᠢᠭᠲᠠ ᠪᠠᠷ ᠬᠡᠯᠡᠯᠴᠡᠵᠦ᠂ ᠮᠥᠨ ᠬᠦ᠌ ᠨᠢᠳᠦ ᠪᠡᠷ ᠦᠵᠡᠨ ᠮᠣᠷᠳᠠᠭᠤᠯᠤᠭᠠᠳ ᠪᠠᠰᠠ ᠪᠦᠬᠦ ᠴᠢᠨ ᠸᠠᠩ ᠪᠡᠯᠭᠦᠳᠡᠢ ᠶ᠋ᠢ ᠮᠥᠨ ᠬᠦ᠌ ᠭᠠᠭᠴᠠᠭᠠᠷ ᠢ᠋ ᠲᠠᠭᠲᠤ ᠳ᠋ᠤᠷ ᠵᠠᠯᠠᠵᠤ᠂ ᠴᠢᠬᠢᠨ ᠦ᠌ ᠳᠡᠷᠭᠡᠳᠡ ᠡᠢᠮᠦ ᠲᠡᠢᠮᠦ ᠭᠡᠮᠡᠨ ᠰᠢᠪᠡᠨᠡᠵᠦ᠂ ᠨᠢᠭᠡᠨ ᠴᠠᠭᠠᠵᠠᠨ ᠤ᠋ ᠰᠤᠮᠤ ᠥᠭᠴᠦ᠂ ᠪᠠᠰᠠ ᠨᠢᠳᠦᠨ ᠦᠵᠡᠭᠰᠡᠭᠡᠷ ᠮᠣᠷᠳᠠᠭᠤᠯᠪᠠᠢ᠃ ᠳᠠᠷᠠᠭ᠎ᠠ ᠭᠤᠷᠪᠠᠳᠤᠭᠠᠷ ᠡᠳᠦᠷ ᠥᠪᠡᠷᠦᠨ ᠪᠡᠶ᠎ᠡ ᠲᠥᠷᠥ ᠳ᠋ᠦ᠍ᠷ ᠭᠠᠷᠴᠤ ᠬᠠᠭᠠᠨ ᠳ᠋ᠤᠷ ᠮᠥᠷᠭᠥᠵᠦ᠂ ᠰᠢᠳᠠᠷ ᠳᠡᠷᠭᠡᠳᠡ ᠬᠡᠳᠦᠨ ᠠᠯᠬᠤᠮ ᠮᠥᠯᠬᠥᠨ ᠲᠠᠪᠰᠢᠵᠤ᠂ ᠯᠤᠤ ᠶ᠋ᠢᠨ ᠰᠢᠷᠡᠭᠡᠨ ᠦ᠌ ᠣᠢᠷ᠎ᠠ ᠰᠥᠭᠥᠳᠴᠦ᠂ ᠯᠤᠤᠲᠤ ᠪᠢᠴᠢᠬᠠᠨ ᠰᠢᠷ᠎ᠠ ᠭᠬᠢᠪ ᠦ᠋ᠨ ᠨᠢᠭᠡᠨ ᠪᠢᠲᠡᠭᠦᠮᠵᠢ ᠲᠡᠢ ᠨᠤᠭᠤᠯᠪᠤᠷᠢ ᠶ᠋ᠢ ᠡᠷᠭᠦᠨ ᠳᠡᠪᠰᠢᠭᠦᠯᠦᠭᠡᠳ ᠳᠠᠬᠢᠨ ᠮᠥᠷᠭᠥᠵᠦ ᠠᠶᠠᠷᠯᠠᠬᠤᠶ᠎ᠠ᠂ ᠬᠠᠭᠠᠨ ᠨᠢᠳᠦ ᠪᠡᠷ ᠠᠢᠯᠠᠳᠤᠨ ᠪᠠᠢᠵᠤ ᠮᠣᠷᠳᠠᠭᠤᠯᠤᠭᠠᠳ᠂ ᠳᠠᠷᠠᠭ᠎ᠠ ᠪᠠᠷ ᠬᠠᠭᠠᠨ ᠤ᠋ ᠪᠡᠶ᠎ᠡ ᠶ᠋ᠢᠨ ᠭᠡᠭᠡᠨ ᠤ ᠶᠡᠬᠡ ᠲᠡᠭᠷᠢ ᠶ᠋ᠢᠨ ᠬᠥᠪᠡᠭᠦᠨ ᠦ᠌ ᠯᠤᠤ ᠶ᠋ᠢᠨ ᠵᠢᠭᠰᠠᠭᠠᠯ ᠮᠣᠷᠳᠠᠨ ᠭᠠᠷᠴᠤ᠂ ᠵᠢᠪᠬᠤᠯᠠᠩ ᠪᠠᠯᠭᠠᠰᠤᠨ ᠤ᠋ ᠪᠠᠷᠠᠭᠤᠨ ᠪᠡᠶ᠎ᠡ ᠶ᠋ᠢᠨ ᠶᠢᠰᠦᠨ ᠪᠤᠯᠠᠭ ᠤ᠋ᠨ ᠶᠡᠬᠡ ᠲᠠᠯ᠎ᠠ ᠳ᠋ᠤᠷ ᠪᠠᠭᠤᠳᠠᠯᠯᠠᠭᠠᠳ ᠲᠡᠢᠨ ᠳ᠋ᠦ᠍ᠷ ᠳᠠᠭᠠᠬᠤ ᠪᠠ ᠤᠯᠤᠰ ᠢ᠋ ᠰᠠᠬᠢᠬᠤ ᠵᠠᠩᠵᠤᠨ ᠲᠦᠰᠢᠮᠡᠯ ᠴᠡᠷᠢᠭ ᠬᠤᠶᠠᠭ ᠢ᠋ ᠬᠣᠶᠠᠷ ᠠᠩᠭᠢᠯᠠᠨ ᠢᠯᠭᠠᠭᠠᠳ᠂ ᠬᠠᠭᠠᠨ ᠢ᠋ ᠬᠠᠮᠠᠭᠠᠯᠠᠬᠤ ᠲᠠᠪᠤᠨ ᠪᠠᠷᠰ ᠤ᠋ᠨ ᠵᠠᠩᠵᠤᠨ ᠲᠡᠷᠢᠭᠦᠯᠡᠨ᠂ ᠭᠤᠷᠪᠠᠨ ᠳᠡᠰ ᠦ᠋ᠨ ᠲᠠᠢᠹᠦ᠋ ᠲᠦᠰᠢᠮᠡᠳ ᠦ᠋ᠨ ᠳᠣᠲᠣᠷ᠎ᠠ ᠠ᠋ᠴᠠ ᠰᠡᠴᠡᠳ ᠪᠠᠭᠠᠲᠤᠳ ᠲᠠᠢ᠂ ᠭᠤᠴᠢᠨ ᠵᠢᠷᠭᠤᠭᠠᠨ ᠵᠠᠩᠵᠤᠨ ᠤ᠋ ᠲᠣᠭ᠎ᠠ ᠳ᠋ᠤᠷ ᠲᠣᠬᠢᠷᠠᠭᠤᠯᠤᠨ᠂ ᠠᠷᠪᠠᠨ ᠲᠦᠮᠡᠨ ᠴᠡᠷᠢᠭ ᠢ᠋ ᠭᠤᠷᠪᠠᠨ ᠬᠦᠷᠢᠶ᠎ᠡ ᠵᠣᠬᠢᠶᠠᠨ᠂ ᠲᠡᠷᠢᠭᠦᠨ ᠬᠦᠷᠢᠶ᠎ᠡ ᠳ᠋ᠦ᠍ᠷ ᠴᠠᠭᠠᠲᠠᠢ ᠴᠢᠨ ᠸᠠᠩ᠂ ᠬᠣᠶᠠᠷ ᠮᠥᠷᠥ ᠳ᠋ᠦ᠍ᠷ ᠬᠦᠩ ᠵᠠᠮᠪᠠᠯ᠂ ᠬᠦᠩ ᠲᠤᠰᠬᠤ᠂ ᠭᠤᠷᠪᠠᠳᠤᠭᠠᠷ ᠡᠳᠦᠷ᠎ᠡ ᠮᠣᠷᠳᠠᠨ ᠬᠥᠳᠡᠯᠪᠡ᠃ ᠳᠤᠮᠳᠠᠳᠤ ᠯᠤᠤ ᠶ᠋ᠢᠨ ᠶᠡᠬᠡ ᠵᠢᠭᠰᠠᠭᠠᠯ ᠤ᠋ᠨ ᠬᠦᠷᠢᠶᠡᠨ᠎ᠡ ᠬᠤᠸᠠᠩᠳᠢ ᠶ᠋ᠢᠨ ᠪᠡᠶ᠎ᠡ ᠲᠡᠷᠢᠭᠦᠯᠡᠨ ᠲᠠᠪᠤᠨ ᠪᠠᠷᠰ ᠤ᠋ᠨ ᠶᠡᠬᠡ ᠵᠠᠩᠵᠤᠨ ᠬᠢᠭᠡᠳ ᠭᠤᠷᠪᠠᠨ ᠪᠠᠷᠰ ᠯᠤᠭ᠎ᠠ ᠨᠡᠢᠲᠡ ᠨᠠᠢ᠍ᠮᠠᠨ ᠪᠠᠷᠰ᠂ ᠨᠢᠭᠡᠨ ᠯᠤᠤ ᠶ᠋ᠢ ᠬᠠᠮᠠᠭᠠᠯᠠᠨ᠂ ᠭᠤᠷᠪᠠᠳᠤᠭᠠᠷ ᠡᠳᠦᠷ ᠲᠣᠷ ᠠᠯᠲᠠᠨ ᠯᠤᠤ ᠶ᠋ᠢᠨ ᠵᠢᠭᠰᠠᠭᠠᠯ ᠮᠣᠷᠳᠠᠨ ᠬᠥᠳᠡᠯᠪᠡ᠃ ᠰᠡᠭᠦᠯ ᠦ᠋ᠨ ᠬᠦᠷᠢᠶ᠎ᠡ ᠶ᠋ᠢ ᠭᠤᠷᠪᠠᠳᠤᠭᠠᠷ ᠲᠠᠢᠽᠢ᠂ ᠥᠭᠡᠳᠡᠢ ᠴᠢᠨ ᠸᠠᠩ ᠲᠡᠷᠢᠭᠦᠯᠡᠨ ᠬᠣᠶᠠᠷ ᠮᠥᠷᠥ ᠳ᠋ᠦ᠍ᠷ ᠴᠡᠴᠡᠬᠢ ᠹᠦᠮᠠ᠂ ᠨᠠᠬᠽᠠᠷ ᠵᠢᠭᠡ ᠪᠡᠷ ᠬᠣᠶᠠᠷ ᠡᠲᠡᠭᠡᠳ ᠢ᠋ ᠳᠠᠷᠤᠭᠤᠯᠤᠨ ᠬᠤᠸᠠᠩᠳᠢ ᠶ᠋ᠢᠨ ᠮᠣᠷᠳᠠᠭᠰᠠᠨ ᠳᠠᠷᠠᠭ᠎ᠠ ᠡᠳᠦᠷ ᠲᠣᠷ ᠮᠣᠷᠳᠠᠨ ᠬᠥᠳᠡᠯᠪᠡ᠃ ᠲᠠᠪᠤᠨ ᠲᠡᠢᠰᠢ ᠨᠢᠭᠡᠨ ᠴᠧᠩᠰᠢᠶᠠᠩ᠂ ᠬᠠᠰᠠᠷ ᠴᠢᠨ ᠸᠠᠩ᠂ ᠲᠣᠯᠢ ᠴᠢᠨ ᠸᠠᠩ ᠬᠣᠶᠠᠷ ᠵᠢᠶᠦ᠋ᠨ ᠸᠠᠩ ᠭᠤᠷᠪᠠᠨ ᠵᠡᠷᠭᠡ ᠶ᠋ᠢᠨ ᠣᠯᠠᠨ ᠲᠠᠢᠹᠦ᠋ ᠲᠦᠰᠢᠮᠡᠯ ᠵᠠᠩᠵᠤᠨ ᠪᠠᠭᠠᠲᠤᠳ ᠠᠷᠪᠠᠨ ᠲᠦᠮᠡᠨ ᠴᠡᠷᠢᠭ ᠢ᠋ᠶ᠋ᠡᠷ ᠲᠥᠷᠥ ᠶ᠋ᠢ ᠰᠠᠬᠢᠪᠠ᠃ ᠭᠠᠳᠠᠭᠠᠳᠤ ᠳᠠᠯᠠᠨ ᠲᠠᠪᠤᠨ ᠠᠢᠮᠠᠭ ᠤ᠋ᠨ ᠡᠵᠡᠳ ᠢᠨᠤ ᠴᠡᠷᠢᠭ ᠲᠦ᠍ᠷ ᠪᠣᠢ ᠪᠣᠯᠪᠠᠴᠤ ᠴᠡᠷᠢᠭ ᠬᠤᠶᠠᠭ ᠤ᠋ᠳ ᠢ᠋ ᠠᠨᠤ ᠣᠭᠲᠣ ᠡᠰᠡ ᠬᠡᠷᠡᠭᠯᠡᠪᠡᠢ᠃ ᠮᠥᠬᠥᠬᠦ ᠰᠢᠬᠠᠭᠰᠠᠨ ᠨᠠᠢ᠍ᠮᠠᠨ ᠠᠢᠮᠠᠭ ᠲᠤᠷ ᠶᠠᠭᠤᠨᠲᠤ ᠡᠢᠮᠦ ᠶᠡᠬᠡ ᠵᠢᠭᠰᠠᠭᠠᠯ ᠬᠥᠰᠬᠡ ᠪᠡᠷ ᠬᠥᠳᠡᠯᠪᠡ ᠬᠡᠮᠡᠪᠡᠰᠦ᠂ ᠰᠢᠨ᠎ᠡ ᠰᠠᠭᠤᠷᠢᠨ ᠳ᠋ᠤᠷ ᠰᠠᠭᠤᠭᠰᠠᠨ ᠲᠡᠭᠷᠢ ᠶ᠋ᠢᠨ ᠬᠥᠪᠡᠭᠦᠨ ᠦ᠌ ᠵᠢᠭᠰᠠᠭᠠᠯ ᠴᠡᠷᠢᠭ ᠬᠡᠮᠡᠭᠴᠢ ᠡᠢᠮᠦ ᠶᠡᠬᠡ᠂ ᠬᠤᠸᠠᠩᠳᠢ ᠲᠡᠢᠨ ᠪᠦᠬᠦᠨ᠎ᠡ ᠪᠡᠶ᠎ᠡ ᠶ᠋ᠢᠨ ᠭᠡᠭᠡᠨ ᠢ᠋ᠶ᠋ᠡᠷ ᠮᠣᠷᠳᠠᠬᠤᠢ ᠶ᠋ᠢᠨ ᠪᠡᠷᠬᠡ ᠶ᠋ᠢ ᠰᠠᠢᠳ ᠢᠷᠭᠡᠳ ᠮᠡᠳᠡᠪᠡᠰᠦ᠂ ᠬᠣᠢᠴᠢ ᠡᠳᠦᠷ ᠲᠡᠭᠷᠢᠯᠢᠭ ᠦ᠋ᠨ ᠪᠡᠶ᠎ᠡ ᠶ᠋ᠢ ᠬᠦᠨᠳᠦᠳᠭᠡᠯᠭᠡᠬᠦᠢ ᠶ᠋ᠢᠨ ᠠᠷᠭ᠎ᠠ ᠪᠣᠢ ‍ᠶ᠎ᠠ᠃ ᠡᠷᠬᠡᠪᠰᠢ ᠨᠠᠢ᠍ᠮᠠᠨ ᠤ᠋ ᠳᠠᠢᠰᠤᠨ ᠢ᠋ ᠬᠦᠨᠳᠦ ᠦᠵᠡᠵᠦ ᠠᠶᠤᠨ ᠰᠦᠷᠳᠡᠭᠰᠡᠨ ᠦ᠌ ᠤᠴᠢᠷ ᠪᠤᠰᠤ ᠶ᠋ᠢ ᠦᠵᠡᠬᠦ ᠮᠡᠷᠭᠡᠳ ᠲᠣᠳᠤᠷᠬᠠᠶ᠎ᠠ ᠮᠡᠳᠡᠭᠳᠡᠬᠦᠢ᠃ 
       ᠲᠡᠨᠳᠡᠴᠡ ᠲᠠᠢᠽᠦ ᠴᠢᠩᠭᠢᠰ ᠬᠠᠭᠠᠨ ᠤ᠋ ᠲᠡᠭᠷᠢ ᠶ᠋ᠢᠨ ᠬᠥᠪᠡᠭᠦᠨ ᠦ᠌ ᠶᠡᠬᠡ ᠵᠢᠭᠰᠠᠭᠠᠯ ᠤ᠋ᠨ ᠭᠤᠷᠪᠠᠨ ᠬᠦᠷᠢᠶ᠎ᠡ ᠴᠡᠷᠢᠭ ᠠᠭᠤᠯᠠ ᠲᠠᠪᠰᠢᠨ ᠳᠠᠯᠠᠢ ᠨᠡᠭᠦᠬᠦ ᠮᠡᠲᠦ ᠤᠯᠤᠰ ᠤ᠋ᠨ ᠳᠣᠲᠣᠷ᠎ᠠ ᠪᠠᠨ ᠡᠷᠬᠡᠪᠰᠢ ᠠᠷᠪᠠᠨ ᠬᠣᠨᠣᠭ ᠪᠣᠯᠬᠤ ᠪᠠᠷ ᠠᠯᠭᠤᠷ ᠠᠭᠠᠵᠢᠮ ᠶᠠᠪᠤᠵᠤ ᠴᠡᠷᠢᠭ ᠬᠤᠶᠠᠭ ᠵᠠᠩᠵᠤᠨ ᠪᠠᠭᠠᠲᠤᠳ ᠮᠠᠰᠢ ᠪᠣᠯᠪᠠᠰᠤᠨ ᠱᠠᠯᠠᠮᠠᠭᠠᠢ ᠪᠣᠯᠤᠯᠴᠠᠨ᠂ ᠤᠷᠢᠳ ᠬᠣᠵᠢᠳ ᠰᠡᠳᠦᠭᠰᠡᠨ ᠡᠳᠦᠷ ᠡᠴᠡ ᠬᠣᠷᠢᠨ ᠬᠣᠨᠣᠭ ᠤ᠋ᠨ ᠡᠴᠦᠰ ᠲᠦ᠍ᠷ ᠬᠠᠭᠤᠴᠢᠨ ᠨᠠᠢ᠍ᠮᠠᠨ ᠤ᠋ ᠵᠠᠬ᠎ᠠ ᠣᠢᠷᠠᠲᠤᠲᠠᠯ᠎ᠠ᠂ ᠬᠣᠯᠠᠬᠢ ᠡᠭᠡᠷᠡᠮ᠎ᠡ ᠮᠠᠩᠬᠠᠨ᠎ᠡ ᠬᠡᠳᠦᠨ ᠵᠤᠷᠪᠤᠰ ᠲᠣᠭᠣᠰᠣᠨ ᠳᠡᠭᠳᠡᠵᠦ᠂ ᠳᠣᠲᠣᠷ᠎ᠠ ᠠᠨᠤ ᠤᠯᠠᠭᠠᠨ ᠢᠰᠡᠭᠡᠢ ᠲᠤᠭ ᠳᠡᠷᠪᠡᠯᠵᠡᠨ ᠬᠡᠢᠰᠴᠦ᠂ ᠮᠣᠩᠭᠣᠯ ᠤᠯᠤᠰ ᠤ᠋ᠨ ᠲᠡᠮᠳᠡᠭ ᠬᠢᠭᠢᠷᠢ ᠲᠠᠨᠢᠭᠳᠠᠮᠠᠭᠴᠠ᠂ ᠳᠣᠲᠣᠷ᠎ᠠ ᠠ᠋ᠴᠠ ᠵᠢᠨᠦᠩ ᠮᠤᠬᠤᠯᠢ ᠶ᠋ᠢᠨ ᠶᠡᠬᠡ ᠬᠥᠪᠡᠭᠦᠨ ᠪᠤᠯᠤ᠂ ᠬᠦᠯᠦᠭ ᠪᠤᠭᠤᠷᠵᠢ ᠶ᠋ᠢᠨ ᠬᠥᠪᠡᠭᠦᠨ ᠡᠭᠦᠯᠡᠨ ᠴᠡᠷᠪᠢ ᠬᠣᠶᠠᠭᠤᠯᠠ᠂ ᠮᠣᠷᠢᠨ ᠲᠣᠯᠣᠭᠠᠢ ᠵᠡᠷᠭᠡᠴᠡᠭᠦᠯᠦᠨ ᠬᠣᠶᠠᠷ ᠤᠯᠠᠭᠠᠨ ᠲᠤᠭ ᠬᠠᠮᠲᠤᠪᠠᠷ ᠰᠦᠷᠦᠭ ᠦ᠋ᠨ ᠳᠣᠲᠣᠷ᠎ᠠ ᠠ᠋ᠴᠠ ᠰᠤᠭᠤᠷᠠᠨ ᠭᠠᠷᠴᠤ ᠢᠷᠡᠲᠡᠯ᠎ᠡ ᠬᠠᠭᠠᠨ ᠤ᠋ ᠵᠢᠭᠰᠠᠭᠠᠯ ᠤ᠋ᠨ ᠳᠣᠲᠣᠷ᠎ᠠ ᠠ᠋ᠴᠠ ᠭᠤᠷᠪᠠᠨ ᠪᠠᠷᠰ ᠤ᠋ᠨ ᠪᠠᠭ᠎ᠠ ᠵᠠᠩᠵᠤᠨ ᠤᠭᠲᠤᠨ ᠭᠠᠷᠴᠤ ᠤᠳᠤᠷᠢᠳᠤᠨ ᠠᠪᠴᠢᠷᠠᠲᠠᠯ᠎ᠠ ᠤᠷᠢᠳᠠ ᠬᠦᠯᠦᠭ ᠲᠠᠢᠪᠤᠤ ᠪᠤᠭᠤᠷᠵᠢ ᠨᠠᠢ᠍ᠮᠠᠨ ᠤ᠋ ᠡᠵᠡᠨ ᠪᠤᠯᠤ ᠢᠦᠢ ᠬᠠᠭᠠᠨ ᠢ᠋ ᠠᠮᠢᠳᠤ ᠪᠠᠷ ᠪᠠᠷᠢᠭᠰᠠᠨ ᠪᠠᠶᠠᠷ ᠢ᠋ ᠡᠭᠦᠯᠡᠨ ᠴᠡᠷᠪᠢ ᠠᠢᠯᠠᠳᠬᠠᠨ᠂ ᠶᠡᠬᠡ ᠵᠢᠨᠦᠩ ᠬᠦᠯᠦᠭ ᠲᠠᠢᠪᠤᠤ ᠮᠤᠬᠤᠯᠢ ᠶ᠋ᠢᠨ ᠨᠠᠢ᠍ᠮᠠᠨ ᠤ᠋ ᠪᠤᠯᠤ ᠢᠦᠢ ᠬᠠᠭᠠᠨ ᠤ᠋ ᠦᠷᠦᠮᠴᠢ ᠪᠠᠯᠭᠠᠰᠤᠨ ᠤ᠋ ᠤᠯᠤᠰ ᠲᠥᠷᠥ᠂ ᠬᠣᠲᠠ ᠬᠣᠷᠢᠶ᠎ᠠ᠂ ᠡᠮ᠎ᠡ ᠦᠷ᠎ᠡ᠂ ᠨᠤᠲᠤᠭ ᠤᠰᠤ ᠶ᠋ᠢ ᠪᠦᠷᠢᠨ᠎ᠡ ᠬᠤᠷᠢᠶᠠᠮᠵᠢᠯᠠᠨ ᠠᠪᠴᠤ᠂ ᠢᠷᠭᠡᠨ ᠢ᠋ ᠲᠣᠭᠲᠠᠭᠠᠭᠠᠳ᠂ ᠪᠣᠨᠳᠠ ᠡᠵᠡᠨ ᠢ᠋ ᠵᠠᠯᠠᠬᠤ ᠪᠠᠶᠠᠷ ᠢ᠋ ᠪᠤᠯᠤ ᠠᠢᠯᠠᠳᠬᠠᠪᠠ᠃ 
       ᠲᠠᠢᠽᠦ ᠴᠢᠩᠭᠢᠰ ᠬᠠᠭᠠᠨ᠂ ᠬᠣᠶᠠᠷ ᠪᠠᠭ᠎ᠠ ᠵᠠᠩᠵᠤᠨ ᠳ᠋ᠤᠷ ᠱᠠᠩ ᠬᠤᠷᠢᠮ ᠥᠭᠴᠦ᠂ ᠨᠢᠭᠡᠨ ᠵᠡᠷᠭᠡ ᠲᠡᠮᠳᠡᠭᠯᠡᠵᠦ ᠶᠡᠬᠡ ᠵᠢᠭᠰᠠᠭᠠᠯ ᠨᠠᠢ᠍ᠮᠠᠨ ᠤ᠋ ᠦᠷᠦᠮᠴᠢ ᠬᠣᠲᠠ ᠶ᠋ᠢᠨ ᠵᠦᠭ ᠬᠠᠨᠳᠤᠵᠤ ᠶᠡᠬᠡ ᠪᠠᠭᠤᠳᠠᠯ ᠪᠠᠭᠤᠪᠠ᠃ ᠡᠨᠡ ᠦᠶ᠎ᠡ ᠳ᠋ᠦ᠍ᠷ ᠵᠦᠭ ᠵᠦᠭ ᠦ᠋ᠨ ᠴᠡᠷᠢᠭ ᠦ᠋ᠨ ᠬᠦᠷᠢᠶ᠎ᠡ ᠡᠴᠡ ᠪᠣᠭᠳᠠ ᠡᠵᠡᠨ ᠦ᠌ ᠴᠡᠷᠢᠭ ᠬᠥᠳᠡᠯᠵᠦ᠂ ᠵᠠᠬ᠎ᠠ ᠬᠡᠴᠡ ᠪᠡᠨ ᠭᠠᠷᠬᠤᠢ ᠶ᠋ᠢᠨ ᠤᠷᠢᠳ᠂ ᠬᠠᠨᠳᠤᠭᠰᠠᠨ ᠵᠦᠭ ᠦ᠋ᠨ ᠲᠡᠢᠨ ᠳᠠᠢᠰᠤᠨ ᠬᠡᠮᠬᠡᠷᠡᠨ ᠪᠤᠰᠠᠨᠢᠵᠤ ᠳᠠᠷᠤᠭᠳᠠᠨ ᠰᠥᠨᠥᠵᠦ᠂ ᠰᠢᠨ᠎ᠡ ᠰᠠᠭᠤᠷᠢᠨ ᠳ᠋ᠤᠷ ᠰᠠᠭᠤᠭᠰᠠᠨ ᠶᠡᠬᠡ ᠪᠡᠯᠭᠡ ᠢᠷᠦᠭᠡᠯ ᠳ᠋ᠦ᠍ᠷ ᠶᠡᠬᠡᠳᠡ ᠨᠡᠢᠴᠡᠪᠡ ᠭᠡᠮᠡᠨ᠂ ᠳᠠᠷᠠᠭ᠎ᠠ ᠳᠠᠷᠠᠭ᠎ᠠ ᠪᠠᠷ ᠪᠠᠭ᠎ᠠ ᠵᠠᠩᠵᠤᠨ ᠨᠠᠷ ᠳᠣᠪᠲᠣᠯᠤᠯᠴᠠᠨ ᠢᠷᠡᠵᠦ ᠪᠠᠶᠠᠷ ᠲᠤᠷ ᠮᠥᠷᠭᠥᠯᠴᠡᠮᠦᠢ᠃ ᠡᠨᠡ ᠤᠳᠠᠭ᠎ᠠ ᠶ᠋ᠢᠨ ᠳᠠᠢᠰᠤᠨ ᠢ᠋ ᠳᠠᠷᠤᠭᠰᠠᠨ ᠠᠨᠤ᠂ ᠶᠠᠭᠠᠬᠢᠨ ᠡᠢᠮᠦ ᠬᠤᠷᠳᠤᠨ ᠲᠦᠷᠭᠡᠨ ᠢ᠋ᠶ᠋ᠡᠷ ᠪᠦᠷᠢᠨ᠎ᠡ ᠣᠯᠵᠤ ᠳᠡᠢᠯᠦᠭᠡᠳ᠂ ᠳᠠᠢᠰᠤᠨ ᠤ᠋ ᠬᠠᠭᠠᠨ ᠡᠵᠡᠨ ᠢ᠋ ᠶᠠᠭᠠᠬᠢᠨ ᠬᠠᠪ ᠬᠠᠯᠠᠭᠤᠨ ᠢ᠋ᠶ᠋ᠠᠷ ᠠᠮᠢᠳᠤ ᠪᠠᠷ ᠣᠯᠵᠤ ᠪᠠᠷᠢᠭᠠᠳ᠂ ᠨᠢᠭᠡ ᠶᠡᠬᠡ ᠨᠠᠢ᠍ᠮᠠᠨ ᠤᠯᠤᠰ ᠤ᠋ᠨ ᠤᠭ ᠦᠨᠳᠦᠰᠦᠨ ᠢ᠋ ᠲᠦᠪᠰᠢᠳᠬᠡᠨ ᠲᠣᠭᠲᠠᠭᠠᠪᠠ ? ᠬᠡᠮᠡᠪᠡᠰᠦ᠂ ᠣᠳᠣ ᠴᠡᠷᠢᠭ ᠦ᠋ᠨ ᠶᠡᠬᠡ ᠵᠢᠨᠦᠩ ᠮᠤᠬᠤᠯᠢ ᠶ᠋ᠢᠨ ᠵᠦᠭ ᠵᠦᠭ ᠦ᠋ᠨ ᠵᠠᠩᠵᠤᠨ ᠴᠡᠷᠢᠭ ᠦ᠋ᠨ ᠤᠴᠢᠷ ᠶᠠᠪᠤᠳᠠᠯ ᠢ᠋ ᠨᠢᠭᠡᠨ ᠨᠢᠭᠡᠨ ᠢ᠋ᠶ᠋ᠡᠷ ᠨᠠᠷᠢᠪᠴᠢᠯᠠᠨ ᠲᠣᠭᠠᠴᠢᠬᠤ ᠪᠠ ᠲᠤᠰ ᠳᠠᠢᠰᠤᠨ ᠨᠠᠢ᠍ᠮᠠᠨ ᠤ᠋ ᠪᠤᠯᠤ ᠢᠦᠢ ᠬᠠᠭᠠᠨ ᠬᠢᠭᠡᠳ ᠬᠥᠪᠡᠭᠦᠨ ᠴᠢᠦᠢ ᠴᠦ ᠯᠢᠦᠢ᠂ ᠨᠥᠬᠥᠷ ᠶᠤᠸᠠᠨᠱᠤᠸᠠᠢ ᠲᠣᠳᠣ ᠲᠠᠨ ᠤ᠋ ᠭᠤᠷᠪᠠᠭᠤᠯᠠ ᠶ᠋ᠢᠨ ᠶᠠᠪᠤᠳᠠᠯ ᠤ᠋ᠨ ᠶᠡᠬᠡ ᠪᠠᠷᠤᠭ ᠲᠥᠯᠥᠪ ᠢ᠋ ᠲᠣᠪᠴᠢᠯᠠᠨ ᠭᠠᠷᠭᠠᠬᠤ ᠬᠡᠷᠡᠭ ᠲᠡᠢ ᠲᠤᠯᠠ᠂ ᠦᠭᠡ ᠶ᠋ᠢ ᠪᠠᠰᠠ ᠬᠣᠢᠰᠢ ᠨᠢᠭᠡᠨ ᠵᠢᠯ ᠤᠬᠤᠷᠢᠭᠤᠯᠵᠤ᠂ ᠲᠡᠳᠡᠨᠡᠷ ᠨᠢᠳᠤᠨᠤᠨ ᠬᠠᠪᠤᠷ᠂ ᠲᠠᠩᠭᠤᠳ ᠤᠯᠤᠰ ᠤ᠋ᠨ ᠵᠢᠷᠯᠤᠭ ᠬᠣᠲᠠ ᠬᠢᠭᠡᠳ ᠯᠢ ᠵᠢᠢ ᠯᠢ ᠬᠣᠷᠣᠭ᠎ᠠ ᠪᠦᠷᠢᠨ᠎ᠡ ᠪᠧᠲ᠋ᠠ᠋ ᠤᠯᠤᠰ ᠲᠤᠷ ᠳᠡᠢᠯᠦᠭᠳᠡᠨ ᠠᠪᠲᠠᠭᠰᠠᠨ ᠦᠶ᠎ᠡ ᠳ᠋ᠦ᠍ᠷ ᠲᠠᠩᠭᠤᠳ ᠤᠯᠤᠰ ᠤ᠋ᠨ ᠵᠦᠩ ᠰᠢᠩ ᠹᠦ ᠪᠠᠯᠭᠠᠰᠤᠨ ᠤ᠋ ᠣᠢᠷ᠎ᠠ ᠰᠢᠷᠭᠤᠨ ᠣᠷᠣᠵᠤ᠂ ᠲᠠᠩᠭᠤᠳ ᠤᠯᠤᠰ ᠤ᠋ᠨ ᠶᠦᠸᠡᠢ ᠸᠠᠩ ᠯᠢ ᠠᠨ ᠴᠢᠤᠸᠠᠨ ᠳ᠋ᠤᠷ ᠨᠡᠯᠢᠶᠡᠳ ᠡᠳ᠋ ᠥᠭᠴᠦ ᠲᠡᠳᠡᠨᠡᠷ ᠢ᠋ ᠤᠯᠤᠰ ᠠ᠋ᠴᠠᠭᠠᠨ ᠭᠠᠷᠭᠠᠵᠤ ᠢᠯᠡᠭᠡᠭᠰᠡᠨ᠎ᠡ ᠲᠣᠳᠣ᠂ ᠴᠢᠦᠢ ᠴᠦ ᠯᠢᠦᠢ ᠨᠠᠢ᠍ᠮᠠᠨ ᠤ᠋ ᠬᠣᠢᠲᠤ ᠬᠢᠵᠠᠭᠠᠷ ᠤ᠋ᠨ ᠣᠯᠠᠨ ᠶᠠᠳᠠᠭᠤ ᠬᠣᠪᠣᠷ ᠵᠡᠷᠯᠢᠭ ᠠᠢᠮᠠᠭ ᠤ᠋ᠳ ᠢ᠋ ᠡᠯᠰᠡᠨ ᠴᠤᠭᠯᠠᠭᠤᠯᠵᠤ᠂ ᠥᠪᠡᠷ ᠪᠤᠰᠤᠳ ᠲᠠᠢ ᠨᠡᠢᠯᠡᠭᠦᠯᠦᠨ ᠨᠡᠢᠲᠡ ᠨᠠᠢ᠍ᠮᠠᠨ ᠮᠢᠩᠭᠠᠨ ᠢᠯᠡᠭᠦᠦ ᠴᠡᠷᠢᠭ ᠣᠯᠤᠭᠠᠳ᠂ ᠳᠠᠷᠤᠢ ᠨᠢᠭᠡᠨ ᠠᠢᠮᠠᠭ ᠤ᠋ᠨ ᠲᠣᠭᠰᠢᠨ ᠬᠦᠴᠦᠷᠬᠡᠭ ᠳᠡᠭᠡᠷᠡᠮᠴᠢ ᠪᠣᠯᠵᠤ᠂ ᠢᠯᠳᠠᠰᠢ ᠮᠥᠷᠡᠨ ᠦ᠌ ᠠᠮᠠᠨ ᠤ᠋ ᠭᠠᠳᠠᠨ᠎ᠠ ᠨᠤᠲᠤᠭᠰᠢᠭᠰᠠᠨ ᠬᠠᠭᠤᠴᠢᠨ ᠾᠦᠩᠨᠦ ᠤᠯᠤᠰ᠂ ᠴᠢᠤᠸᠠᠨ ᠵᠦᠩ ᠤᠯᠤᠰ ᠤ᠋ᠨ ᠨᠢᠭᠡᠨ ᠠᠢᠮᠠᠭ ᠤ᠋ᠨ ᠨᠢᠭᠡᠨ ᠰᠠᠯᠠᠭᠠᠨ ᠤ᠋ ᠪᠠᠶᠠᠨ ᠡᠯᠪᠡᠭ ᠬᠤᠳᠠᠯᠳᠤᠭ᠎ᠠ ᠠᠷᠠᠯᠵᠢᠶ᠎ᠠ ᠶ᠋ᠢᠨ ᠶᠡᠬᠡ ᠡᠳ᠋ ᠠᠭᠤᠷᠠᠰᠤᠡᠲᠤ ᠸᠠᠢ ᠯᠠᠨ① ᠠᠢᠮᠠᠭ ᠤ᠋ᠨ ᠡᠵᠡᠨ᠂ ᠴᠸᠠ ᠵᠦᠩ ᠢ᠋ ᠳᠣᠪᠲᠣᠯᠤᠨ ᠳᠠᠪᠴᠢᠯᠠᠵᠤ ᠳᠠᠷᠤᠭᠠᠳ᠂ ᠬᠡᠮᠵᠢᠶ᠎ᠡ ᠦᠭᠡᠢ ᠠᠷᠪᠢᠨ ᠡᠳ᠋ ᠲᠠᠸᠠᠷ ᠬᠥᠮᠦᠨ ᠮᠣᠷᠢ᠂ ᠮᠠᠯ ᠠᠳᠤᠭᠤ᠂ ᠬᠤᠶᠠᠭ ᠵᠡᠪᠰᠡᠭ ᠣᠯᠤᠭᠠᠳ᠂ ᠪᠠᠰᠠ ᠪᠠᠷᠠᠭᠤᠨ ᠬᠣᠢᠲᠤ ᠵᠦᠭ ᠳᠣᠪᠲᠣᠯᠤᠨ ᠳᠡᠭᠡᠷᠡᠮᠳᠡᠭᠰᠡᠭᠡᠷ ᠠᠯᠠᠭ ᠳᠡᠷ᠎ᠡ ᠎— ᠡᠭᠦᠨ ᠢ᠋ ᠵᠠᠷᠢᠮ ᠰᠣᠲᠣᠷ᠎ᠠ ᠠᠯᠠᠭ ᠰᠢᠭᠢᠷ᠎ᠡ ᠬᠡᠮᠡᠬᠦ ᠪᠠ ᠡᠷᠢᠶᠡᠨ ᠰᠢᠯᠪᠢᠲᠦ ᠬᠡᠮᠡᠬᠦ ᠬᠡᠳᠦᠨ ᠨᠡᠷ᠎ᠡ ᠪᠣᠢ᠃ ᠡᠷᠢᠶᠡᠨ ᠪᠥᠰ ᠢ᠋ᠶ᠋ᠡᠷ ᠰᠢᠯᠪᠢ ᠪᠡᠨ ᠣᠷᠢᠶᠠᠬᠤ ᠪᠠᠷ ᠨᠡᠷᠡᠯᠡᠵᠦᠬᠦᠢ᠃ ᠠᠯᠠᠭ ᠳᠡᠷ᠎ᠡ ᠶ᠋ᠢᠨ ᠡᠵᠡᠨ ᠵᠢᠩᠭᠢᠷ ᠦ᠋ᠨ ᠡᠷᠢᠶᠡᠨ ᠰᠢᠯᠪᠢᠲᠦ ᠠᠢᠮᠠᠭ ᠲᠤᠷ ᠣᠷᠣᠵᠤ᠂ ᠬᠦᠨᠳᠦ ᠪᠡᠯᠡᠭ ᠬᠦᠷᠭᠡᠵᠦ᠂ ᠪᠠᠰᠠ ᠨᠢᠵᠡᠭᠡᠳ ᠲᠦᠮᠡᠨ ᠲᠣᠷᠭᠠᠨ ᠴᠡᠷᠢᠭ ᠦ᠋ᠳ ᠢ᠋ ᠵᠢᠭᠡᠯᠡᠨ ᠣᠯᠵᠤ᠂ ᠵᠡᠷᠯᠢᠭ ᠰᠠᠨᠠᠭᠠᠨ ᠨᠡᠩ ᠶᠡᠬᠡ ᠪᠣᠯᠵᠤ᠂ ᠴᠢᠦᠢ ᠴᠦ ᠯᠢᠦᠢ ᠥᠪᠡᠷᠦᠨ ᠪᠡᠶ᠎ᠡ ᠪᠡᠷ ᠲᠠᠩᠭᠤᠳ ᠤᠯᠤᠰ ᠲᠤᠷ ᠬᠤᠯᠠᠭᠤᠨ ᠣᠷᠣᠵᠤ ᠯᠢ ᠼᠦᠨ ᠢᠦ ᠶᠢᠨ ᠳᠣᠲᠣᠭᠠᠳᠤ ᠲᠠᠢᠭᠠᠨ ᠨᠠᠷ ᠢ᠋ ᠬᠠᠬᠤᠤᠯᠢᠯᠠᠵᠤ ᠰᠡᠮᠡᠬᠡᠷ ᠬᠤᠯᠠᠭᠤᠨ ᠵᠢᠨ᠂ ᠪᠢᠩ ᠬᠣᠶᠠᠷ ᠪᠧᠢ ᠳ᠋ᠦ᠍ᠷ ᠠᠭᠤᠯᠵᠠᠵᠤ᠂ ᠬᠠᠭᠠᠨ ᠤ᠋ ᠬᠠᠰ ᠲᠠᠮᠠᠭ᠎ᠠ ᠳᠠᠷᠤᠭᠰᠠᠨ ᠬᠠᠭᠤᠷᠮᠠᠭ ᠵᠠᠷᠯᠢᠭ ᠪᠢᠴᠢᠭ ᠢ᠋ ᠣᠯᠵᠤ᠂ ᠲᠠᠩᠭᠤᠳ ᠤᠯᠤᠰ ᠤ᠋ᠨ ᠶᠡᠬᠡ ᠪᠠᠷᠠᠭᠤᠨ ᠬᠢᠵᠠᠭᠠᠷ ᠤ᠋ᠨ ᠠᠯᠪᠠ ᠪᠠᠷᠢᠬᠤ ᠤᠯᠠᠭᠠᠨ ᠮᠠᠯᠠᠭ᠎ᠠ᠂ ᠴᠠᠭᠠᠨ ᠮᠠᠯᠠᠭ᠎ᠠ ᠶ᠋ᠢᠨ ᠬᠣᠲᠣᠩ ᠾᠦᠢ ᠾᠦᠢ ᠶ᠋ᠢᠨ ᠳᠥᠷᠪᠡᠨ ᠲᠡᠷᠢᠭᠦᠯᠡᠭᠴᠢ ᠠᡁᠥ᠋ᠩ ᠨᠣᠶᠠᠨ – ᠸᠠᠩ ᠳ᠋ᠦᠢ᠂ ᠰᠠᠩ ᠪᠤᠤ᠂ ᠸᠠ ᠰᠢ᠂ ᠰᠠ ᠰᠠ ᠡᠨᠡ ᠳᠥᠷᠪᠡᠨ ᠳᠠᠷᠤᠭ᠎ᠠ ᠶ᠋ᠢᠨ ᠳᠥᠷᠪᠡᠨ ᠲᠦᠮᠡᠨ ᠴᠡᠷᠢᠭ ᠢ᠋ ᠮᠡᠬᠡᠯᠡᠨ ᠵᠠᠷᠯᠠᠵᠤ ᠴᠥᠮ ᠪᠡᠶ᠎ᠡ ᠪᠡᠶ᠎ᠡ ᠪᠡᠷ ᠢᠨᠦ ᠴᠡᠷᠢᠭ ᠳᠠᠢᠴᠢᠯᠠᠭᠤᠯᠤᠨ ᠠᠪᠴᠢᠷᠠᠭᠠᠳ ᠣᠮᠣᠭ ᠰᠠᠨᠠᠭᠠᠨ ᠨᠡᠩ ᠶᠡᠬᠡᠳᠴᠦ᠂ ᠲᠠᠩᠭᠤᠳ ᠤᠯᠤᠰ ᠤ᠋ᠨ ᠡᠵᠡᠨ᠂ ᠯᠢ ᠼᠦᠨ ᠢᠦ ᠥᠩᠭᠡ ᠳᠡᠷᠡᠰᠦᠨ ᠦ᠌ ᠡᠪᠡᠳᠴᠢᠨ᠎ᠡ ᠨᠡᠷᠪᠡᠭᠳᠡᠨ ᠬᠡᠪᠲᠡᠬᠦ ᠡᠨᠡ ᠲᠠᠰᠢᠷᠠᠮ᠎ᠠ ᠵᠠᠪᠳᠤᠨ ᠭᠠᠳᠠᠭᠠᠳᠤ ᠮᠣᠵᠢ ᠶ᠋ᠢᠨ ᠠᠢᠯᠠᠳᠬᠠᠯ ᠢ᠋ ᠶ᠋ᠢᠨ᠂ ᠪᠢᠩ ᠬᠣᠶᠠᠷ ᠹᠧᠢ ᠶᠠᠭ ᠲᠠᠭ ᠳᠠᠷᠤᠵᠤ᠂ ᠭᠠᠳᠠᠨ᠎ᠠ ᠲᠥᠷᠥ ᠳ᠋ᠦ᠍ᠷ ᠪᠣᠯᠪᠠᠰᠤ ᠨᠠᠢ᠍ᠮᠠᠨ ᠤᠯᠤᠰ ᠤ᠋ᠨ ᠬᠠᠭᠤᠴᠢᠨ ᠬᠣᠷᠢᠶ᠎ᠠ ᠳᠥᠷᠪᠡᠨ ᠭᠣᠣᠯ ᠤ᠋ᠨ ᠭᠠᠵᠠᠷ ᠢ᠋ᠶ᠋ᠠᠷ ᠪᠠᠷᠢᠮᠲᠠ ᠪᠣᠯᠭᠠᠨ ᠵᠢᠭᠡᠯᠡᠭᠦᠯᠪᠡ ᠭᠡᠮᠡᠨ ᠠᠯᠳᠠᠷᠰᠢᠭᠤᠯᠤᠨ᠂ ᠪᠤᠰᠤᠳ ᠤ᠋ᠨ ᠠᠮᠠ ᠶ᠋ᠢ ᠪᠥᠭᠯᠡᠮᠦᠢ᠃ ᠲᠡᠢᠨ ᠬᠦ᠌ ᠪᠤᠯᠤ ᠸᠠᠩ᠂ ᠴᠢᠦᠢ ᠴᠦ ᠯᠢᠦᠢ᠂ ᠲᠣᠳᠣ ᠭᠤᠷᠪᠠᠭᠤᠯᠠ ᠶᠡᠬᠡᠳᠡ ᠣᠮᠣᠭᠰᠢᠨ᠂ ᠪᠤᠯᠤ ᠸᠠᠩ ᠪᠠᠰᠠ ᠠᠯᠲᠠᠨ ᠤᠯᠤᠰ ᠯᠤᠭ᠎ᠠ ᠲᠡᠩᠴᠡᠬᠦ ᠰᠠᠨᠠᠭᠠᠨ ᠢ᠋ ᠪᠠᠷᠢᠵᠤ᠂ ᠥᠪᠡᠷᠦᠨ ᠪᠡᠶ᠎ᠡ ᠪᠡᠨ ᠬᠠᠰ ᠢᠦᠢ ᠬᠠᠭᠠᠨ᠂ ᠬᠥᠪᠡᠭᠦᠨ ᠢ᠋ᠶ᠋ᠡᠨ ᠴᠢᠦᠢ ᠴᠦ ᠯᠢᠦᠢ ᠶ᠋ᠢ ᠲᠠᠢᠽᠢ ᠴᠢᠨ ᠸᠠᠩ᠂ ᠲᠣᠳᠣ ᠶ᠋ᠢ ᠶᠡᠬᠡ ᠴᠧᠩᠰᠢᠶᠠᠩ ᠪᠥᠭᠡᠳ ᠶᠡᠬᠡ ᠶᠤᠸᠠᠨᠱᠤᠸᠠᠢ᠂ ᠭᠠᠭᠴᠠ ᠠᠷᠪᠠᠨ ᠬᠣᠮᠣᠬᠠᠢ ᠲᠦᠰᠢᠮᠡᠯ ᠦ᠋ᠨ ᠶᠡᠬᠡ ᠨᠡᠷ᠎ᠡ ᠴᠣᠯᠠ ᠶ᠋ᠢ ᠢᠯᠡᠷᠬᠡᠢ ᠲᠣᠭᠠᠴᠢᠭᠰᠠᠨ ᠦᠭᠡᠢ᠃ ᠡᠭᠦᠨ ᠡᠴᠡ ᠭᠠᠳᠠᠨ᠎ᠠ ᠪᠠᠰᠠ ᠨᠢᠭᠡᠨ ᠳᠡᠭᠡᠭᠦᠷ ᠡᠷᠲᠡᠨ ᠦ᠌ ᠬᠠᠭᠤᠴᠢᠨ ᠳ᠋ᠠᠢ ᠯᠢᠶᠣᠣ ᠤᠯᠤᠰ ᠤ᠋ᠨ ᠨᠢᠭᠡᠨ ᠠᠩᠭᠢ ᠦᠯᠡᠳᠡᠪᠦᠷᠢ ᠰᠠᠯᠠᠭᠠᠨ ᠤ᠋ ᠨᠢᠭᠡᠨ ᠪᠢᠴᠢᠬᠠᠨ ᠵᠣᠪᠬᠢᠰ ᠤ᠋ᠨ ᠦᠯᠡᠳᠡᠪᠦᠷᠢ ᠶ᠋ᠢᠨ ᠶᠧ ᠯᠢᠦᠢ ᠠ ᠯᠦᠨ ᠬᠡᠮᠡᠭᠴᠢ᠂ ᠮᠥᠨ ᠬᠦ᠌ ᠤᠭ ᠬᠠᠭᠤᠴᠢᠨ ᠨᠡᠷ᠎ᠡ ᠪᠡᠷ ᠬᠢᠳᠠᠨ ᠤᠯᠤᠰ ᠭᠡᠮᠡᠨ᠂ ᠠᠯᠲᠠᠨ ᠤᠯᠤᠰ᠂ ᠲᠠᠩᠭᠤᠳ ᠤᠯᠤᠰ ᠤ᠋ᠨ ᠬᠣᠶᠠᠷ ᠤ᠋ᠨ ᠵᠠᠪᠰᠠᠷ ᠤ᠋ᠨ ᠴᠠᠭᠠᠨ ᠬᠡᠷᠡᠮ ᠦ᠋ᠨ ᠣᠢᠷ᠎ᠠ ᠬᠡᠳᠦᠨ ᠵᠠᠭᠤᠨ ᠭᠠᠵᠠᠷ ᠤ᠋ᠨ ᠨᠢᠭᠡᠨ ᠵᠤᠷᠪᠤᠰ ᠢ᠋ ᠡᠵᠡᠯᠡᠨ ᠠᠯᠲᠠᠨ ᠲᠠᠩᠭᠤᠳ ᠬᠣᠶᠠᠷ ᠤᠯᠤᠰ ᠤ᠋ᠨ ᠵᠠᠪᠰᠠᠷ ᠤ᠋ᠨ ᠠᠰᠢᠭ ᠢ᠋ ᠭᠠᠰᠢᠭᠤᠨ ᠬᠤᠪᠠᠬᠠᠢ ᠪᠠᠷ ᠳᠠᠪᠴᠢᠯᠠᠨ ᠠᠮᠢᠳᠤᠷᠠᠮᠤᠢ᠃ ᠭᠡᠲᠡᠨ ᠦ᠌ ᠠ ᠯᠦᠨ ᠦ᠌ ᠡᠭᠡᠴᠢ ᠢᠨᠦ ᠴᠢᠦᠢ ᠴᠦ ᠯᠢᠦᠢ ᠶ᠋ᠢᠨ ᠤᠷᠢᠳᠤ ᠶ᠋ᠢᠨ ᠡᠮ᠎ᠡ ᠲᠤᠯᠠ ᠡᠨᠡ ᠬᠠᠭᠤᠴᠢᠨ ᠨᠠᠢᠷ ᠢ᠋ᠶ᠋ᠠᠷ ᠴᠡᠷᠢᠭ ᠭᠤᠶᠤᠭᠰᠠᠨ ᠳ᠋ᠤᠷ ᠶᠧ ᠯᠢᠦᠢ ᠠ ᠯᠦᠨ ᠪᠡᠶ᠎ᠡ ᠪᠡᠷ ᠵᠢᠷᠭᠤᠭᠠᠨ ᠮᠢᠩᠭᠠᠨ ᠢᠯᠡᠭᠦᠦ ᠴᠡᠷᠢᠭ ᠠᠪᠴᠤ  ᠪᠧᠲ᠋ᠠ᠋ ᠤᠯᠤᠰ ᠤ᠋ᠨ ᠵᠡᠭᠦᠨ ᠡᠮᠦᠨ᠎ᠡ ᠵᠣᠪᠬᠢᠰ ᠲᠤᠷ ᠪᠠᠭᠤᠳᠠᠯᠯᠠᠨ ᠲᠤᠯᠵᠤ᠂ ᠰᠡᠵᠢᠭᠯᠡᠭᠦᠯᠬᠦ ᠪᠡᠷ ᠲᠣᠭᠲᠠᠭᠠᠨ ᠶᠡᠬᠡ ᠴᠧᠩᠰᠢᠶᠠᠩ ᠶᠤᠸᠠᠨᠱᠤᠸᠠᠢ ᠲᠣᠳᠣ ᠶ᠋ᠢ ᠬᠠᠪᠰᠤᠷᠤᠭᠤᠯᠤᠨ ᠥᠭᠴᠦ᠂ ᠡᠨᠡ ᠵᠢᠷᠭᠤᠭᠠᠨ ᠲᠦᠮᠡᠨ ᠴᠡᠷᠢᠭ ᠢ᠋ᠶ᠋ᠡᠷ ᠮᠣᠩᠭᠣᠯ ᠤᠯᠤᠰ ᠢ᠋ ᠳᠥᠷᠪᠡᠨ ᠵᠦᠭ ᠡᠴᠡ ᠬᠠᠭᠠᠵᠤ ᠨᠢᠭᠡᠨ᠎ᠡ ᠤᠳᠠᠭ᠎ᠠ ᠳ᠋ᠤᠷ ᠳᠠᠷᠤᠢ ᠭᠢᠰᠬᠢᠯᠡᠨ ᠳᠡᠯᠡᠳᠬᠦ ᠪᠡᠷ ᠠᠭᠠᠰᠢᠯᠠᠨ᠂ ᠮᠣᠩᠭᠣᠯ ᠤ᠋ᠨ ᠴᠢᠩᠭᠢᠰ ᠬᠠᠭᠠᠨ ᠤ᠋ ᠬᠤᠸᠠᠩᠳᠢ ᠶ᠋ᠢᠨ ᠰᠠᠭᠤᠷᠢᠨ᠎ᠠ ᠰᠠᠭᠤᠭᠰᠠᠨ ᠶᠡᠬᠡ ᠴᠢᠭᠤᠯᠭᠠᠨ ᠢ᠋ ᠰᠣᠨᠣᠰᠴᠤ᠂ ᠬᠤᠸᠠᠩᠳᠢ ᠶ᠋ᠢᠨ ᠴᠣᠯᠠ ᠡᠷᠭᠦᠭᠰᠡᠨ ᠶᠠᠯ᠎ᠠ ᠠᠰᠠᠭᠤᠬᠤ ᠴᠡᠷᠢᠭ ᠭᠡᠮᠡᠨ ᠨᠡᠷᠡᠯᠡᠵᠦ᠂ ᠮᠥᠨ ᠬᠦ᠌ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠦᠷᠦᠮᠴᠢ ᠮᠣᠵᠢ ᠶ᠋ᠢᠨ ᠦᠷᠢᠯᠲᠦ ᠶ᠋ᠢᠨ ᠶᠡᠬᠡ ᠠᠭᠤᠯᠠᠨ᠎ᠠ ᠶᠡᠬᠡ ᠬᠠᠭᠠᠨ ᠤ᠋ ᠲᠤᠭ ᠢ᠋ᠶ᠋ᠠᠨ ᠳᠠᠬᠢᠵᠤ ᠶᠡᠬᠡ ᠬᠤᠷᠢᠮ ᠬᠤᠷᠢᠮᠯᠠᠨ ᠰᠠᠶᠢ ᠵᠦᠭ ᠵᠦᠭ ᠲᠦ᠍ᠷ ᠵᠠᠮ ᠬᠤᠪᠢᠶᠠᠨ ᠬᠥᠳᠡᠯᠦᠭᠰᠡᠨ ᠢᠨᠦ ᠪᠤᠯᠤ ᠢᠦᠢ ᠬᠠᠭᠠᠨ᠂ ᠥᠪᠡᠷ ᠢ᠋ᠶ᠋ᠡᠨ ᠡᠷᠢᠶᠡᠨ ᠰᠢᠯᠪᠢ ᠬᠢᠭᠡᠳ ᠠᠯᠠᠭ ᠰᠢᠭᠢᠷ᠎ᠡ ᠶ᠋ᠢᠨ ᠵᠡᠷᠭᠡ ᠶ᠋ᠢᠨ ᠵᠡᠷᠯᠢᠭ ᠠᠢᠮᠠᠭ ᠤ᠋ᠳ ᠤ᠋ᠨ ᠬᠣᠯᠢᠮᠠᠴᠠᠭ᠎ᠠ ᠶ᠋ᠢᠨ ᠬᠣᠶᠠᠷ ᠲᠦᠮᠡᠨ ᠴᠡᠷᠢᠭ ᠡᠴᠡ ᠨᠢᠭᠡᠨ ᠲᠦᠮᠡᠨ ᠲᠠᠪᠤᠨ ᠮᠢᠩᠭᠠᠨ ᠢ᠋ ᠠᠪᠴᠤ᠂ ᠦᠷᠢᠯᠲᠦ ᠠᠭᠤᠯᠠᠨ ᠤ᠋ ᠶᠡᠬᠡ ᠪᠠᠭᠤᠳᠠᠯ ᠳ᠋ᠤᠷ ᠦᠯᠡᠳᠡᠭᠡᠨ᠂ ᠴᠡᠷᠢᠭ ᠦ᠋ᠨ ᠬᠦᠷᠢᠶ᠎ᠡ ᠶ᠋ᠢ ᠰᠠᠬᠢᠭᠤᠯᠵᠤ᠂ ᠦᠯᠡᠭᠰᠡᠨ ᠲᠠᠪᠤᠨ ᠮᠢᠩᠭᠠᠨ ᠴᠡᠷᠢᠭ ᠢ᠋ ᠦᠷᠦᠮᠴᠢ ᠶ᠋ᠢᠨ ᠬᠣᠷᠢᠶᠠᠨ ᠤ᠋ ᠥᠪᠡᠷᠦᠨ ᠨᠠᠢ᠍ᠮᠠᠨ ᠤ᠋ ᠬᠣᠯᠢᠮᠠᠴᠠᠭ᠎ᠠ ᠳᠣᠯᠣᠭᠠᠨ ᠮᠢᠩᠭᠠᠨ ᠴᠡᠷᠢᠭ ᠲᠡᠢ ᠨᠢᠭᠡᠨ ᠲᠦᠮᠡᠨ ᠬᠣᠶᠠᠷ ᠮᠢᠩᠭᠠᠨ ᠴᠡᠷᠢᠭ ᠢ᠋ ᠨᠠᠢ᠍ᠮᠠᠨ ᠪᠦᠯᠦᠭ ᠵᠣᠬᠢᠶᠠᠵᠤ᠂ ᠦᠷᠦᠮᠴᠢ ᠶ᠋ᠢᠨ ᠬᠣᠷᠢᠶ᠎ᠠ ᠶ᠋ᠢ ᠰᠠᠬᠢᠭᠤᠯᠵᠤ᠂ ᠵᠢᠴᠢ ᠲᠠᠢᠽᠢ ᠴᠢᠦᠢ ᠴᠦ ᠯᠢᠦᠢ ᠰᠠᠶᠢ ᠲᠠᠩᠭᠤᠳ ᠤᠯᠤᠰ ᠤ᠋ᠨ ᠪᠠᠷᠠᠭᠤᠨ ᠬᠢᠵᠠᠭᠠᠷ ᠤ᠋ᠨ ᠬᠣᠲᠣᠩ ᠠᠢᠮᠠᠭ ᠤ᠋ᠳ ᠤ᠋ᠨ ᠳᠥᠷᠪᠡᠨ ᠲᠦᠮᠡᠨ ᠴᠡᠷᠢᠭ ᠦ᠋ᠨ ᠲᠡᠷᠢᠭᠦᠯᠡᠭᠴᠢ ᠳᠥᠷᠪᠡᠨ ᠠᡁᠥ᠋ᠩ ᠸᠠᠩ ᠳ᠋ᠦᠢ᠂ ᠰᠠᠩ ᠪᠤᠤ᠂ ᠸᠠ ᠰᠢ᠂ ᠰᠠ ᠰᠠ ᠶ᠋ᠢᠨ ᠴᠡᠷᠢᠭ ᠢ᠋ ᠳᠡᠰ ᠳᠡᠰ ᠢ᠋ᠶ᠋ᠡᠷ ᠳᠥᠷᠪᠡᠨ ᠬᠦᠷᠢᠶ᠎ᠡ ᠵᠣᠬᠢᠶᠠᠨ ᠲᠡᠷᠢᠭᠦᠨ ᠪᠠᠭ ᠲᠤ᠌ ᠸᠠᠩ ᠳ᠋ᠦᠢ ᠶ᠋ᠢᠨ ᠬᠦᠷᠢᠶ᠎ᠡ᠂ ᠬᠣᠶᠠᠳᠤᠭᠠᠷ ᠪᠠᠭ ᠲᠤᠷ ᠰᠠᠩ ᠪᠤᠤ ᠶ᠋ᠢᠨ ᠬᠦᠷᠢᠶ᠎ᠡ᠂ ᠭᠤᠲᠠᠭᠠᠷ ᠪᠠᠭ ᠲᠤᠷ ᠸᠠ ᠰᠢ ᠶ᠋ᠢᠨ ᠬᠦᠷᠢᠶ᠎ᠡ᠂ ᠳᠥᠲᠥᠭᠡᠷ ᠪᠠᠭ ᠲᠤᠷ ᠰᠠ ᠰᠠ ᠶ᠋ᠢᠨ ᠥᠪᠡᠷᠦᠨ ᠪᠡᠶ᠎ᠡ᠂ ᠳᠥᠷᠪᠡᠳᠦᠭᠡᠷ ᠬᠦᠷᠢᠶᠡᠨ ᠦ᠌ ᠳᠣᠲᠣᠷ᠎ᠠ ᠳᠠᠪᠬᠤᠷ ᠬᠦᠷᠢᠶ᠎ᠡ ᠪᠠᠭᠤᠨ ᠶᠠᠪᠤᠮᠤᠢ᠃ ᠵᠢᠴᠢ ᠮᠠᠢᠯᠵᠢ ᠶ᠋ᠢᠨ ᠲᠣᠳᠣ ᠶᠤᠸᠠᠨᠱᠤᠸᠠᠢ ᠪᠡᠶ᠎ᠡ ᠬᠠᠮᠠᠭᠠᠯᠠᠬᠤ ᠲᠠᠪᠤᠨ ᠵᠠᠭᠤᠨ ᠴᠡᠷᠢᠭ ᠢ᠋ ᠠᠪᠴᠤ᠂ ᠡᠮᠦᠨ᠎ᠡ ᠡᠴᠡ ᠢᠷᠡᠬᠦ ᠬᠢᠳᠠᠨ ᠤᠯᠤᠰ ᠤ᠋ᠨ ᠡᠵᠡᠨ᠂ ᠶᠧ ᠯᠢᠦᠢ ᠠ ᠯᠦᠨ ᠦ᠌ ᠵᠢᠷᠭᠤᠭᠠᠨ ᠮᠢᠩᠭᠠᠨ ᠴᠡᠷᠢᠭ ᠢ᠋ ᠪᠠᠷᠠᠭᠤᠨ ᠵᠠᠮ ᠢ᠋ᠶ᠋ᠠᠷ ᠤᠭᠲᠤᠨ ᠡᠴᠢᠵᠦ᠂ ᠮᠣᠩᠭᠣᠯ ᠤᠯᠤᠰ ᠤ᠋ᠨ ᠵᠡᠭᠦᠨ ᠡᠮᠦᠨ᠎ᠡ ᠵᠠᠬ᠎ᠠ ᠬᠢᠵᠠᠭᠠᠷ ᠤ᠋ᠨ ᠬᠣᠯᠪᠤᠤ ᠮᠠᠩᠬᠠᠨ ᠤ᠋ ᠵᠠᠮ ᠢ᠋ᠶ᠋ᠠᠷ ᠣᠷᠣᠵᠤ ᠮᠣᠩᠭᠣᠯ ᠤᠯᠤᠰ ᠢ᠋ ᠵᠡᠭᠦᠨ ᠡᠮᠦᠨ᠎ᠡ ᠪᠠ ᠪᠠᠷᠠᠭᠤᠨ ᠬᠣᠢᠲᠤ ᠬᠣᠶᠠᠷ ᠡᠲᠡᠭᠡᠳ ᠢ᠋ᠶ᠋ᠡᠷ ᠰᠡᠵᠢᠭᠯᠡᠭᠦᠯᠦᠨ ᠪᠠᠢᠯᠳᠤᠨ ᠣᠷᠣᠵᠤ᠂ ᠤᠷᠢᠳᠠᠪᠡᠷ ᠠᠯᠲᠠᠨᠱᠠᠭ᠎ᠠ ᠬᠦᠩ ᠦ᠋ᠨ ᠰᠢᠨ᠎ᠡ ᠨᠠᠢ᠍ᠮᠠᠨ ᠢ᠋ ᠪᠠᠢᠯᠳᠤᠨ ᠠᠪᠤᠭᠠᠳ᠂ ᠳᠠᠷᠠᠭ᠎ᠠ ᠪᠠᠷ ᠲᠠᠪᠤᠨ ᠵᠠᠮ ᠤ᠋ᠨ ᠴᠡᠷᠢᠭ ᠢ᠋ᠶ᠋ᠡᠷ ᠬᠠᠮᠲᠤ ᠬᠥᠳᠡᠯᠵᠦ ᠲᠡᠮᠳᠡᠭ ᠮᠡᠳᠡᠭᠡ ᠨᠡᠪᠲᠡᠷᠡᠯᠴᠡᠮᠡᠭᠴᠡ ᠬᠠᠮᠲᠤᠪᠠᠷ ᠲᠤᠭ ᠳᠠᠯᠠᠯᠤᠨ᠂ ᠮᠣᠩᠭᠣᠯ ᠤᠯᠤᠰ ᠢ᠋ ᠰᠣᠴᠢᠮᠠᠲᠠᠭᠠᠢ ᠪᠠᠷ ᠲᠠᠪᠴᠢᠯᠠᠨ ᠠᠯᠠᠨ ᠣᠷᠣᠰᠤᠭᠠᠢ ᠭᠡᠮᠡᠨ ᠲᠣᠭᠲᠠᠵᠤ᠂ ᠳᠥᠷᠪᠡᠨ ᠰᠠᠷ᠎ᠠ ᠶ᠋ᠢᠨ ᠰᠢᠨ᠎ᠡ ᠶ᠋ᠢᠨ ᠨᠢᠭᠡᠨ᠎ᠡ ᠲᠠᠪᠤᠨ ᠠᠩᠭᠢ ᠴᠡᠷᠢᠭ ᠬᠠᠮᠲᠤᠪᠠᠷ ᠬᠥᠳᠡᠯᠵᠦ᠂ ᠮᠣᠩᠭᠣᠯ ᠤ᠋ᠨ ᠵᠦᠭ ᠬᠠᠮᠵᠢᠨ ᠣᠷᠣᠭᠰᠠᠨ ᠦᠶ᠎ᠡ ᠳ᠋ᠦ᠍ᠷ ᠴᠢᠪᠬᠢᠲᠡᠯ᠎ᠡ ᠮᠣᠩᠭᠣᠯ ᠤᠯᠤᠰ ᠤ᠋ᠨ ᠵᠢᠨᠦᠩ ᠲᠠᠢᠪᠤᠤ ᠮᠤᠬᠤᠯᠢ ᠳ᠋ᠤᠷ ᠳᠥᠷᠪᠡᠨ ᠵᠦᠭ ᠦ᠋ᠨ ᠬᠣᠯᠠᠳᠠᠬᠢ ᠲᠤᠷᠰᠢᠭᠤᠯ ᠪᠠ ᠵᠠᠬ᠎ᠠ ᠬᠢᠵᠠᠭᠠᠷ ᠤ᠋ᠨ ᠬᠠᠷᠠᠭᠤᠯ ᠤ᠋ᠨ ᠵᠢᠰᠢᠶᠠᠨ ᠤ᠋ ᠲᠦᠰᠢᠮᠡᠳ ᠬᠡᠳᠦᠢᠨ ᠲᠣᠲᠤᠷᠠᠬᠠᠢᠯᠠᠨ ᠮᠡᠳᠡᠭᠦᠯᠦᠭᠰᠡᠨ᠎ᠡ᠂ ᠮᠤᠬᠤᠯᠢ ᠥᠪᠡᠷᠦᠨ ᠨᠣᠮᠣᠨ ᠤ᠋ ᠬᠥᠪᠴᠢ ᠶ᠋ᠢᠨ ᠲᠥᠯᠭᠡ ᠪᠡᠷ ᠳᠥᠷᠪᠡᠨ ᠡᠲᠡᠭᠡᠳ ᠦ᠋ᠨ ᠳᠠᠢᠰᠤᠨ ᠤ᠋ ᠢᠷᠡᠬᠦ ᠵᠠᠮ ᠮᠥᠷ ᠢ᠋ ᠲᠥᠯᠭᠡᠳᠡᠨ ᠶᠡᠬᠡ ᠲᠥᠯᠥᠪ ᠢ᠋ ᠤᠬᠠᠭᠠᠳ ᠠᠩᠭᠢ ᠠᠩᠭᠢ ᠵᠦᠭ ᠵᠦᠭ ᠲᠦ᠍ᠷ ᠲᠤᠯᠤᠨ ᠪᠡᠯᠡᠳᠬᠡᠭᠰᠡᠨ ᠢᠨᠦ ᠡᠮᠦᠨᠡᠲᠦ ᠵᠦᠭ ᠦ᠋ᠨ ᠬᠢᠳᠠᠨ ᠤᠯᠤᠰ ᠤ᠋ᠨ ᠵᠢᠷᠭᠤᠭᠠᠨ ᠮᠢᠩᠭᠠᠨ ᠴᠡᠷᠢᠭ ᠦ᠋ᠨ ᠶᠧ ᠯᠢᠦᠢ ᠠ ᠯᠦᠨ ᠦ᠌ ᠢᠷᠡᠬᠦ᠂ ᠬᠤᠯᠪᠤᠤ ᠮᠠᠩᠬᠠᠨ ᠪᠣᠷᠣ ᠪᠤᠷᠭᠠᠰᠤᠲᠠᠢ ᠭᠦᠨ ᠭᠣᠣ ᠭᠠᠩᠬ᠎ᠠ ᠵᠡᠷᠭᠡ ᠶ᠋ᠢᠨ ᠭᠠᠵᠠᠷ᠎ᠠ ᠢᠯᠡᠷᠬᠡᠢ ᠬᠣᠶᠠᠷ ᠵᠠᠮ ᠤ᠋ᠨ ᠨᠢᠭᠡᠨ ᠲᠦᠮᠡᠨ ᠵᠢᠷᠭᠤᠭᠠᠨ ᠮᠢᠩᠭ᠎ᠠ᠂ ᠳᠠᠯᠳᠠᠭᠤᠷ ᠪᠠᠰᠠ ᠨᠠᠢ᠍ᠮᠠᠨ ᠮᠢᠩᠭ᠎ᠠ᠂ ᠦᠯᠡᠳᠡᠵᠦ ᠬᠣᠴᠣᠷᠤᠭᠰᠠᠨ ᠢ᠋ ᠠᠷᠢᠭᠤᠳᠬᠠᠨ ᠬᠤᠷᠢᠶᠠᠭᠴᠢ ᠠᠵᠢᠨᠠᠢ ᠮᠡᠷᠭᠡᠨ ᠦ᠌ ᠨᠠᠢ᠍ᠮᠠᠨ ᠮᠢᠩᠭᠠᠨ ᠤ᠋ ᠨᠢᠭᠤᠴᠠ ᠪᠢᠲᠡᠭᠦᠦ ᠴᠡᠷᠢᠭ ᠢ ᠳᠠᠬᠢᠨ ᠳᠠᠬᠢᠨ ᠰᠢᠯᠭᠠᠵᠤ᠂ ᠨᠡᠮᠡᠵᠦ ᠶᠠᠪᠤᠭᠤᠯᠤᠭᠠᠳ᠂ ᠥᠪᠡᠷᠦᠨ ᠪᠡᠶ᠎ᠡ ᠲᠡᠷᠢᠭᠦᠯᠡᠨ ᠪᠦᠬᠦ ᠴᠢᠨ ᠸᠠᠩ ᠪᠡᠯᠭᠦᠳᠡᠢ᠂ ᠬᠦᠯᠦᠭ ᠨᠣᠶᠠᠨ ᠲᠠᠢᠪᠤᠤ ᠪᠤᠭᠤᠷᠵᠢ᠂ ᠬᠦᠯᠦᠭ ᠨᠣᠶᠠᠨ ᠲᠠᠢᠪᠤᠤ ᠴᠢᠯᠠᠭᠤᠨ ᠤ᠋ ᠳᠡᠭᠦᠦ ᠲᠡᠮᠦᠷ ᠮᠥᠨ ᠬᠦ᠌ ᠴᠡᠷᠢᠭ ᠭᠠᠷᠴᠤ ᠨᠠᠢ᠍ᠮᠠᠨ ᠤᠯᠤᠰ ᠤ᠋ᠨ ᠵᠦᠭ ᠮᠣᠷᠳᠠᠭᠰᠠᠨ ᠤ᠋ ᠬᠣᠢᠨ᠎ᠠ᠂ ᠠᠷᠪᠠᠳᠤᠭᠠᠷ ᠡᠳᠦᠷ ᠲᠣᠷ ᠰᠠᠶᠢ ᠲᠠᠢᠽᠦ ᠴᠢᠩᠭᠢᠰ ᠬᠠᠭᠠᠨ ᠤ᠋ ᠲᠡᠭᠷᠢ ᠶ᠋ᠢᠨ ᠬᠥᠪᠭᠦᠨ ᠦ᠌ ᠶᠡᠬᠡ ᠯᠤᠤ ᠵᠢᠭᠰᠠᠭᠠᠯ ᠶᠡᠬᠡ ᠪᠠᠭᠤᠳᠠᠯ ᠠ᠋ᠴᠠ ᠮᠣᠷᠳᠠᠨ ᠬᠥᠳᠡᠯᠦᠭᠰᠡᠨ ᠲᠤᠯᠠ ᠣᠳᠣ ᠦᠭᠡ ᠶ᠋ᠢ ᠡᠭᠡᠭᠦᠯᠵᠦ᠂ ᠬᠣᠶᠠᠷ ᠬᠦᠯᠦᠭ ᠨᠣᠶᠠᠨ ᠲᠠᠢᠪᠤᠤ ᠪᠤᠭᠤᠷᠤᠯ ᠪᠤᠭᠤᠷᠵᠢ ᠶ᠋ᠢᠨ ᠴᠡᠷᠢᠭ ᠡᠴᠡ ᠡᠬᠢᠯᠡᠵᠦ ᠨᠢᠭᠡᠨ ᠨᠢᠭᠡᠨ ᠢ᠋ᠶ᠋ᠡᠷ ᠲᠣᠭᠠᠴᠢᠬᠤ ᠠᠨᠤ᠄  
       ᠲᠡᠷᠢᠭᠦᠨ ᠪᠦᠯᠦᠭ ᠦ᠋ᠨ ᠬᠦᠯᠦᠭ ᠪᠤᠭᠤᠷᠵᠢ᠂ ᠪᠤᠭᠤᠷᠤᠯ ᠤ᠋ᠨ ᠬᠣᠶᠠᠷ ᠠᠩᠭᠢ ᠴᠡᠷᠢᠭ ᠲᠠᠩᠭᠤᠳ ᠤᠯᠤᠰ ᠤ᠋ᠨ ᠬᠣᠢᠲᠤ ᠵᠠᠮ ᠢ᠋ᠶ᠋ᠠᠷ ᠪᠠᠷᠠᠭᠤᠨᠰᠢ ᠬᠥᠳᠡᠭᠡᠰᠢᠨ ᠭᠠᠷᠴᠤ᠂ ᠬᠠᠭᠤᠴᠢᠨ ᠨᠠᠢ᠍ᠮᠠᠨ ᠤ᠋ ᠪᠠᠷᠠᠭᠤᠨ ᠡᠮᠦᠨᠡᠭᠦᠷ ᠢ᠋ᠶ᠋ᠡᠷ ᠳᠣᠪᠲᠣᠯᠤᠨ ᠣᠷᠣᠵᠤ᠂ ᠨᠠᠢ᠍ᠮᠠᠨ ᠤ᠋ ᠪᠤᠯᠤ ᠢᠦᠢ ᠬᠠᠭᠠᠨ ᠤ᠋ ᠶᠡᠬᠡ ᠴᠡᠷᠢᠭ ᠦ᠋ᠨ ᠬᠦᠷᠢᠶ᠎ᠡ ᠪᠠᠭᠤᠯᠭᠠᠬᠤ ᠦᠷᠢᠯᠲᠦ ᠠᠭᠤᠯᠠᠨ ᠤ᠋ ᠣᠢᠷ᠎ᠠ ᠬᠦᠷᠴᠦ᠂ ᠪᠤᠭᠤᠷᠵᠢ ᠥᠪᠡᠷᠦᠨ ᠶᠡᠬᠡ ᠲᠤᠭ ᠢ᠋ ᠪᠤᠭᠤᠷᠤᠯ ᠳ᠋ᠤᠷ ᠲᠤᠰᠢᠶᠠᠨ ᠬᠣᠶᠠᠷ ᠬᠦᠷᠢᠶ᠎ᠡ ᠶ᠋ᠢ ᠨᠡᠢᠭᠡᠮᠯᠡᠨ ᠵᠠᠬᠢᠷᠤᠭᠤᠯᠵᠤ᠂ ᠥᠪᠡᠷᠦᠨ ᠪᠡᠶ᠎ᠡ ᠪᠤᠭᠤᠷᠤᠯ ᠤ᠋ᠨ ᠲᠤᠭ ᠢ᠋ ᠠᠪᠴᠤ ᠶᠡᠬᠡ ᠴᠡᠷᠢᠭ ᠦ᠋ᠨ ᠳᠣᠲᠣᠷ᠎ᠠ ᠠ᠋ᠴᠠ ᠵᠠᠯᠠᠭᠤ ᠵᠠᠩᠵᠤᠨ ᠢ᠋ ᠰᠣᠩᠭᠣᠨ ᠠᠪᠴᠤ ᠪᠠᠰᠠ ᠲᠠᠪᠤᠨ ᠵᠠᠭᠤᠨ ᠰᠢᠯᠭᠠᠳᠠᠭ ᠪᠦᠬᠦ ᠨᠠᠷ ᠠ᠋ᠴᠠ ᠰᠣᠩᠭᠣᠨ ᠪᠣᠯᠪᠠᠰᠤᠷᠠᠭᠰᠠᠨ ᠴᠡᠷᠢᠭ ᠢ᠋ ᠠᠪᠴᠤ ᠴᠥᠮ ᠵᠥᠭᠡᠯᠡᠨ ᠠᠷᠠᠰᠤᠨ ᠬᠤᠶᠠᠭ᠂ ᠣᠬᠣᠷ ᠬᠤᠷᠴᠠ ᠴᠡᠷᠢᠭ ᠦ᠋ᠨ ᠵᠡᠪᠰᠡᠭ ᠪᠠᠷᠢᠭᠤᠯᠤᠨ᠂ ᠬᠥᠩᠭᠡᠨ ᠱᠠᠯᠠᠮᠠᠭᠠᠢ ᠰᠢᠯᠪᠠᠯᠵᠠᠮ᠎ᠠ ᠪᠠᠭᠠᠲᠤᠷ ᠤ᠋ᠨ ᠨᠢᠭᠡᠨ ᠪᠢᠴᠢᠬᠠᠨ ᠪᠠᠭ ᠪᠦᠯᠦᠭ ᠢ᠋ ᠢᠳᠡᠯᠭᠦ ᠰᠢᠪᠠᠭᠤᠨ ᠤ᠋ ᠨᠢᠰᠭᠡ ᠵᠡᠪᠡ ᠶ᠋ᠢᠨ ᠪᠦᠯᠦᠭ ᠭᠡᠮᠡᠨ ᠨᠡᠷᠡᠯᠡᠵᠦ᠂ ᠪᠢᠴᠢᠬᠠᠨ ᠴᠠᠭᠠᠨ ᠬᠢᠭᠢᠷᠢ ᠶ᠋ᠢᠨ ᠳᠣᠬᠢᠶ᠎ᠠ ᠲᠡᠮᠳᠡᠭ ᠢ᠋ᠶ᠋ᠡᠷ ᠪᠣᠯᠪᠠᠰᠤᠷᠠᠭᠤᠯᠤᠨ ᠳᠠᠳᠤᠭᠠᠳ ᠶᠡᠬᠡ ᠴᠡᠷᠢᠭ ᠦ᠋ᠨ ᠳᠣᠲᠣᠷ᠎ᠠ ᠠᠩᠭᠢᠳᠠ ᠨᠢᠭᠡᠨ ᠪᠢᠴᠢᠬᠠᠨ ᠬᠦᠷᠢᠶ᠎ᠡ ᠵᠣᠬᠢᠶᠠᠨ ᠠᠪᠴᠤ᠂ ᠪᠡᠯᠡᠨ ᠵᠠᠯᠠᠨ ᠪᠣᠯᠭᠠᠭᠠᠳ᠂ ᠪᠠᠰᠠ ᠨᠢᠭᠡᠨ ᠬᠤᠪᠢ ᠶ᠋ᠢᠨ ᠬᠥᠭᠰᠢᠨ ᠵᠡᠮᠳᠡᠭ᠂ ᠶᠠᠳᠠᠭᠤ ᠪᠠᠭᠤᠷᠠᠢ ᠡᠷᠡᠰ ᠢ᠋ ᠢᠯᠭᠠᠨ ᠰᠣᠩᠭᠣᠵᠤ᠂ ᠳᠤᠷᠠᠩᠬᠢᠷ ᠮᠣᠷᠢ ᠢᠯᠵᠠᠷᠬᠠᠢ ᠮᠠᠢᠬᠠᠨ᠂ ᠨᠠᠪᠲᠠᠷᠬᠠᠢ ᠬᠤᠶᠠᠭ᠂ ᠪᠠᠷᠠᠩᠬᠠᠢ ᠲᠤᠭ ᠬᠢᠭᠢᠷᠢ ᠶ᠋ᠢᠨ ᠬᠣᠶᠠᠷ ᠮᠢᠩᠭᠠᠨ ᠦᠭᠡᠨᠴᠡ ᠪᠠᠭᠤᠷᠠᠢ ᠲᠤᠷᠠᠨᠴᠠᠭ ᠰᠢᠪᠰᠢᠷᠢᠭ ᠴᠡᠷᠢᠭ ᠢ᠋ᠶ᠋ᠡᠷ ᠭᠠᠳᠠᠭᠤᠷ ᠢ᠋ᠶ᠋ᠠᠨ ᠬᠦᠷᠢᠶᠡᠯᠡᠭᠡᠳ᠂ ᠪᠤᠭᠤᠷᠵᠢ ᠵᠡᠷᠭᠡ ᠬᠤᠪᠢᠶᠠᠷᠢ ᠶ᠋ᠢᠨ ᠠᠯᠲᠠᠨ ᠮᠠᠩᠨᠤᠭ ᠤ᠋ᠨ ᠬᠤᠶᠠᠭ ᠳᠤᠭᠤᠯᠠᠭ᠎ᠠ ᠶ᠋ᠢᠨ ᠭᠠᠳᠠᠭᠤᠷ ᠢ᠋ᠶ᠋ᠠᠷ ᠪᠦᠷᠬᠦᠨ ᠬᠠᠪᠬᠠᠯᠠᠵᠤ ᠲᠤᠷᠠᠨᠴᠠᠭ ᠴᠡᠷᠢᠭ ᠦ᠋ᠨ ᠡᠵᠡᠨ ᠪᠣᠯᠤᠭᠠᠳ ᠭᠤᠷᠪᠠᠨ ᠠᠩᠭᠢ ᠴᠡᠷᠢᠭ ᠢ᠋ ᠱᠠᠭᠠᠷᠳᠠᠨ ᠰᠢᠪᠠᠳᠠᠵᠤ ᠂ ᠦᠷᠢᠯᠲᠦ ᠠᠭᠤᠯᠠᠨ ᠤ᠋ ᠪᠠᠷᠠᠭᠤᠨ ᠡᠮᠦᠨ᠎ᠡ ᠴᠠᠪᠴᠢᠮᠠᠯ ᠴᠢᠯᠠᠭᠤᠨ ᠤ᠋ ᠵᠠᠷ ᠢ᠋ᠶ᠋ᠠᠷ ᠣᠷᠣᠵᠤ᠂ ᠪᠤᠯᠤ ᠢᠦᠢ ᠬᠠᠭᠠᠨ ᠤ᠋ ᠴᠡᠷᠢᠭ ᠦ᠋ᠨ ᠬᠦᠷᠢᠶ᠎ᠡ ᠡᠴᠡ ᠬᠣᠷᠢᠨ ᠭᠠᠵᠠᠷ ᠤ᠋ᠨ ᠦᠵᠦᠭᠦᠷ ᠶᠠᠪᠠᠭᠠᠨ ᠬᠦᠷᠢᠶ᠎ᠡ ᠪᠠᠷᠢᠵᠤ ᠪᠠᠭᠤᠳᠠᠯᠯᠠᠭᠠᠳ᠂ ᠵᠢᠴᠢ ᠳᠤᠷᠠᠨᠴᠠᠭ ᠰᠢᠪᠰᠢᠷᠢᠭ ᠦ᠋ᠨ ᠨᠢᠭᠡᠨ ᠠᠩᠭᠢ ᠶ᠋ᠢᠨ ᠨᠢᠭᠡᠨ ᠪᠠᠭᠤᠳᠠᠯ ᠢ᠋ ᠪᠠᠰᠠ ᠤᠷᠤᠭᠰᠢ ᠠᠷᠪᠠᠨ ᠭᠠᠵᠠᠷ ᠤ᠋ᠨ ᠦᠵᠦᠭᠦᠷ ᠳᠠᠪᠰᠢᠨ ᠪᠠᠰᠠ ᠵᠣᠪ ᠵᠤᠵᠠᠭᠠᠨ ᠬᠠᠩᠭᠢᠨᠠᠮ᠎ᠠ ᠬᠠᠭᠤᠷᠠᠢ ᠬᠤᠯᠤᠰᠤ ᠡᠪᠡᠰᠦᠲᠦ ᠭᠣᠣᠯ ᠤ᠋ᠨ ᠡᠬᠢ ᠶ᠋ᠢᠨ ᠴᠠᠪᠴᠢᠮᠠᠯ ᠴᠢᠯᠠᠭᠤᠨ ᠤ᠋ ᠳᠣᠣᠷ᠎ᠠ ᠪᠠᠭᠤᠭᠠᠳ ᠴᠠᠪᠴᠢᠮᠠᠯ ᠬᠠᠳᠠ ᠶ᠋ᠢᠨ ᠣᠷᠭᠢᠯ ᠳᠡᠭᠡᠷ᠎ᠡ ᠡᠳᠦᠷ ᠪᠣᠯᠪᠠᠰᠤ ᠤᠲᠤᠭ᠎ᠠ ᠲᠠᠯᠪᠢᠬᠤ ᠶ᠋ᠢ ᠦᠵᠡᠨ᠂ ᠰᠥᠨᠢ ᠪᠥᠭᠡᠰᠦ ᠭᠠᠯ ᠤ᠋ᠨ ᠭᠡᠷᠡᠯ ᠢ᠋ ᠦᠵᠡᠵᠦ ᠴᠣᠬᠢᠨ ᠣᠷᠣᠬᠤ ᠪᠠᠷ ᠪᠣᠯᠵᠣᠭᠠᠳ ᠬᠦᠯᠦᠭ ᠪᠤᠭᠤᠷᠤᠯ ᠤ᠋ᠨ ᠶᠡᠬᠡ ᠬᠦᠷᠢᠶᠡᠨ ᠦ᠌ ᠴᠡᠷᠢᠭ ᠢ᠋ ᠰᠥᠨᠢ ᠵᠤᠯᠠ ᠰᠢᠲᠠᠭᠠᠮᠠᠭᠴᠠ᠂ ᠬᠣᠶᠠᠷ ᠬᠦᠷᠢᠶ᠎ᠡ ᠴᠡᠷᠢᠭ ᠢ᠋ ᠪᠦᠷᠢᠨ ᠢ᠋ᠶ᠋ᠡᠷ ᠠᠪᠴᠤ᠂ ᠴᠠᠪᠴᠢᠮᠠᠯ ᠴᠢᠯᠠᠭᠤᠲᠤ ᠶ᠋ᠢᠨ ᠳᠣᠣᠷ᠎ᠠ ᠪᠠᠭᠤᠳᠠᠯᠯᠠᠭᠰᠠᠨ ᠦᠭᠡᠨᠴᠡ ᠴᠡᠷᠢᠭ ᠦ᠋ᠨ ᠬᠦᠷᠢᠶᠡᠨ ᠦ᠌ ᠭᠠᠳᠠᠨ᠎ᠠ ᠢᠷᠡᠵᠦ ᠪᠦᠭᠭᠦ ᠪᠡᠷ ᠲᠣᠭᠲᠠᠭᠠᠳ᠂ ᠬᠦᠯᠦᠭ ᠪᠤᠭᠤᠷᠵᠢ ᠨᠣᠶᠠᠨ ᠡᠳᠦᠷ ᠲᠡᠭᠡᠨ ᠦᠭᠡᠨᠴᠡ ᠪᠠᠭᠤᠷᠠᠢ ᠶ᠋ᠢ ᠦᠵᠡᠭᠦᠯᠦᠨ᠂ ᠳᠤᠷᠠᠩᠬᠢᠷ ᠮᠣᠷᠢᠲᠤ ᠴᠡᠷᠢᠭ ᠦ᠋ᠨ ᠬᠥᠭᠰᠢᠨ ᠵᠡᠮᠳᠡᠭ ᠢ᠋ ᠬᠦᠷᠢᠶᠡᠨ ᠦ᠌ ᠭᠠᠳᠠᠭᠤᠷ ᠡᠷᠭᠢᠭᠦᠯᠦᠨ ᠳᠠᠢᠰᠤᠨ ᠤ᠋ ᠡᠲᠡᠭᠡᠳ ᠲᠣᠷ ᠦᠵᠡᠭᠦᠯᠦᠨ ᠡᠳᠦᠭᠡᠬᠦᠢ ᠳ᠋ᠦ᠍ᠷ ᠪᠤᠯᠤ ᠸᠠᠩ ᠤ᠋ᠨ ᠶᠡᠬᠡ ᠶᠤᠸᠠᠨᠱᠤᠸᠠᠢ᠂ ᠪᠤᠤᠷ ᠠᠷᠰᠯᠠᠨ ᠵᠡᠭᠦᠨ ᠪᠠᠷᠠᠭᠤᠨ ᠡᠲᠡᠭᠡᠳ ᠦ᠋ᠨ ᠬᠣᠶᠠᠷ ᠮᠥᠷᠥ ᠶ᠋ᠢᠨ ᠶᠡᠬᠡ ᠵᠠᠩᠵᠤᠨ ᠬᠥᠥᠯ ᠪᠦᠬᠦ᠂ ᠲᠢᠭ ᠪᠠᠭᠠᠲᠤᠷ ᠬᠣᠶᠠᠷ ᠢ᠋ᠶ᠋ᠠᠨ ᠠᠪᠤᠨ ᠰᠦᠷᠦᠭ ᠡᠴᠡ ᠭᠠᠷᠴᠤ᠂ ᠮᠠᠰᠢ ᠶᠡᠬᠡᠯ᠎ᠡ ᠣᠮᠣᠷᠬᠠᠭ ᠪᠠᠷᠳᠠᠮ ᠪᠠᠢᠳᠠᠯ ᠭᠠᠷᠴᠤ ᠮᠥᠷᠭᠥᠭᠡᠳ《ᠭᠤᠷᠪᠠᠨ ᠵᠠᠩᠵᠤᠨ ᠭᠤᠷᠪᠠᠨ ᠮᠢᠩᠭᠠᠨ ᠴᠡᠷᠢᠭ ᠢ᠋ᠶ᠋ᠡᠷ ᠮᠣᠩᠭᠣᠯ ᠤᠯᠤᠰ ᠤ᠋ᠨ ᠭᠤᠷᠪᠠᠨ ᠬᠦᠷᠢᠶ᠎ᠡ ᠨᠢᠭᠡᠨ ᠲᠦᠮᠡᠨ ᠵᠢᠷᠭᠤᠭᠠᠨ ᠮᠢᠩᠭᠠᠨ ᠴᠡᠷᠢᠭ ᠢ᠋ ᠨᠢᠭᠡᠨ ᠡᠷ᠎ᠡ ᠬᠠᠭᠠᠰ ᠮᠣᠷᠢ ᠦᠯᠡᠳᠡᠭᠡᠯ ᠦᠭᠡᠢ ᠬᠤᠢᠬᠠᠯᠠᠨ ᠲᠦᠢᠮᠡᠷᠳᠡᠵᠦ ᠦᠨᠡᠰᠦ ᠪᠣᠯᠲᠠᠯ᠎ᠠ ᠰᠢᠲᠠᠭᠠᠵᠤ᠂ ᠮᠣᠩᠭᠣᠯ ᠤᠯᠤᠰ ᠤ᠋ᠨ ᠪᠤᠭᠤᠷᠵᠢ ᠪᠤᠭᠤᠷᠤᠯ ᠬᠣᠶᠠᠷ ᠶᠡᠬᠡ ᠪᠠᠭᠠᠲᠤᠷ ᠬᠦᠯᠦᠭ ᠲᠠᠢᠪᠤᠤ ᠶ᠋ᠢ ᠠᠨᠤ ᠪᠣᠯᠵᠤ ᠬᠠᠭᠰᠢᠷᠠᠲᠠᠯ᠎ᠠ᠂ ᠪᠣᠭᠳᠠ ᠡᠵᠡᠨ ᠳ᠋ᠡᠭᠡᠨ ᠡᠷᠭᠦᠨ ᠪᠠᠷᠢᠰᠤᠭᠠᠢ!》 ᠭᠡᠮᠡᠨ ᠪᠠᠷᠳᠠᠮᠨᠠᠨ ᠠᠢᠯᠠᠳᠬᠠᠭᠰᠠᠨ ᠳ᠋ᠤᠷ ᠪᠤᠯᠤ ᠢᠦᠢ ᠬᠠᠭᠠᠨ《ᠪᠣᠯᠤᠮᠤᠢ᠂ ᠪᠣᠯᠤᠮᠤᠢ 》ᠭᠡᠮᠡᠨ᠂ ᠶᠡᠬᠡᠯ᠎ᠡ ᠪᠠᠶᠠᠷᠯᠠᠵᠤ᠄ 
          《ᠪᠤᠰᠤᠳ ᠪᠠᠰᠤᠮᠵᠢᠯᠠᠪᠠᠰᠤ ᠪᠤᠯᠲᠠᠷᠠᠨ ᠠᠯᠳᠠᠳᠠᠭ ᠪᠢᠰᠢᠦ ! 
          ᠪᠤᠭᠤ ᠶ᠋ᠢ ᠪᠣᠭᠣᠮᠢᠯᠠᠪᠠᠰᠤ ᠪᠥᠮᠪᠥᠷᠢᠳᠦᠨ ᠦᠮᠬᠦᠷᠢᠳᠡᠭ ᠪᠢᠰᠢᠦ ! 
          ᠪᠣᠯᠭᠣᠮᠵᠢᠯᠠᠨ ᠬᠢᠴᠢᠶᠡᠬᠦᠢ ᠳ᠋ᠦ᠍ᠷ ᠪᠤᠷᠤᠭᠤ ᠪᠣᠯᠬᠤᠨ ᠢ᠋ᠶ᠋ᠠᠷ ᠦᠭᠡᠢ᠂ 
          ᠪᠣᠳᠣᠯᠭ᠎ᠠ ᠪᠤᠷᠤᠭᠤᠳᠠᠪᠠᠰᠤ ᠪᠤᠯᠳᠠᠷ ᠬᠠᠯᠲᠠᠷ ᠪᠣᠯᠳᠠᠭ ᠪᠢᠯᠡ ! ᠬᠥᠮᠦᠨ ᠪᠦᠷᠢ ᠬᠣᠶᠠᠷ ᠮᠢᠩᠭᠠᠨ ᠴᠡᠷᠢᠭ᠂ ᠪᠦᠭᠦᠳᠡ ᠵᠢᠷᠭᠤᠭᠠᠨ ᠮᠢᠩᠭᠠᠨ ᠴᠡᠷᠢᠭ ᠢ᠋ᠶ᠋ᠡᠷ ᠮᠣᠩᠭᠣᠯ ᠤᠯᠤᠰ ᠤ᠋ᠨ ᠭᠤᠷᠪᠠᠨ ᠬᠦᠷᠢᠶ᠎ᠡ ᠶ᠋ᠢ ᠳᠠᠷᠤᠪᠠᠰᠤ ᠰᠠᠶᠢ ᠪᠠᠷᠤᠭᠲᠠᠢ ᠪᠣᠯᠤᠮᠤᠢ !》 ᠭᠡᠮᠡᠨ ᠭᠤᠷᠪᠠᠳᠤᠭᠠᠷ ᠰᠥᠨᠢ ᠵᠤᠯᠠ ᠰᠢᠲᠠᠭᠠᠮᠠᠭᠴᠠ ᠨᠠᠢ᠍ᠮᠠᠨ ᠤᠯᠤᠰ ᠤ᠋ᠨ ᠭᠤᠷᠪᠠᠨ ᠠᠩᠭᠢ ᠵᠢᠷᠭᠤᠭᠠᠨ ᠮᠢᠩᠭᠠᠨ ᠴᠡᠷᠢᠭ ᠭᠤᠷᠪᠠᠨ ᠵᠠᠮ ᠢ᠋ᠶ᠋ᠠᠷ ᠭᠠᠷᠴᠤ᠂ ᠬᠥᠮᠦᠨ ᠪᠦᠷᠢ ᠮᠣᠷᠢ ᠲᠡᠵᠢᠭᠡᠬᠦ ᠪᠡᠯᠴᠢᠭᠡᠷ ᠦ᠋ᠨ ᠬᠠᠭᠤᠷᠠᠢ ᠡᠪᠡᠰᠦ ᠨᠢᠭᠡᠨ ᠪᠣᠭᠣᠳᠠᠯ ᠢ᠋ ᠮᠣᠷᠢᠨ ᠤ᠋ ᠳᠡᠭᠡᠷ᠎ᠡ ᠳᠦᠭᠦᠷᠴᠦ ᠠᠪᠤᠭᠠᠳ᠂ ᠭᠤᠷᠪᠠᠨ ᠠᠩᠭᠢ ᠴᠡᠷᠢᠭ ᠬᠣᠢᠨ᠎ᠠ ᠬᠣᠢᠨ᠎ᠠ ᠠ᠋ᠴᠠ ᠵᠠᠯᠭᠠᠯᠳᠤᠨ᠂ ᠮᠣᠩᠭᠣᠯ ᠤᠯᠤᠰ ᠤ᠋ᠨ ᠦᠬᠡᠨᠴᠡ ᠴᠡᠷᠢᠭ ᠪᠠᠭᠤᠭᠰᠠᠨ ᠬᠠᠭᠤᠷᠠᠢ ᠬᠤᠯᠤᠰᠤ ᠡᠪᠡᠰᠦᠲᠦ ᠴᠠᠪᠴᠢᠮᠠᠯ ᠴᠢᠯᠠᠭᠤᠲᠤ ᠭᠣᠣᠯ ᠤ᠋ᠨ ᠠᠮᠠᠨ ᠳ᠋ᠤᠷ ᠣᠷᠣᠵᠤ᠂ ᠡᠮᠦᠨᠡᠲᠦ ᠬᠣᠶᠠᠷ ᠠᠩᠭᠢ ᠴᠡᠷᠢᠭ ᠮᠥᠨ ᠭᠣᠣᠯ ᠤ᠋ᠨ ᠠᠮᠠᠨ ᠳ᠋ᠤᠷ ᠣᠷᠣᠭᠠᠳ᠂ ᠰᠡᠭᠦᠯ ᠦ᠋ᠨ ᠠᠩᠭᠢ ᠴᠡᠷᠢᠭ ᠦ᠋ᠨ ᠭᠤᠷᠪᠠᠨ ᠬᠤᠪᠢ ᠠ᠋ᠴᠠ ᠬᠣᠶᠠᠷ ᠬᠤᠪᠢ ᠠᠨᠤ ᠣᠷᠣᠵᠤ᠂ ᠭᠠᠳᠠᠨ᠎ᠠ ᠰᠠᠶᠢ ᠨᠢᠭᠡᠬᠡᠨ ᠬᠤᠪᠢ ᠦᠯᠡᠲᠡᠯ᠎ᠡ᠃ ᠭᠡᠨᠡᠳᠲᠡ ᠭᠣᠣᠯ ᠤ᠋ᠨ ᠠᠮᠠᠨ᠎ᠠ ᠬᠣᠶᠠᠷ ᠠᠭᠤᠯᠠᠨ ᠤ᠋ ᠬᠣᠰᠢᠭᠤ ᠳ᠋ᠤᠷ ᠬᠣᠶᠠᠷ ᠶᠡᠬᠡ ᠦᠬᠡᠷ ᠫᠤᠤ ᠶ᠋ᠢᠨ ᠳᠠᠭᠤᠨ ᠳᠠᠷᠠᠭ᠎ᠠ ᠳᠠᠷᠠᠭ᠎ᠠ ᠪᠠᠷ ᠲᠡᠭᠷᠢ ᠳᠡᠯᠪᠡᠷᠡᠲᠡᠯ᠎ᠡ ᠭᠠᠷᠤᠮᠠᠭᠴᠠ᠂ ᠭᠣᠣᠯ ᠤ᠋ᠨ ᠡᠬᠢᠨ ᠦ᠌ ᠴᠠᠪᠴᠢᠮᠠᠯ ᠬᠠᠳᠠ ᠶ᠋ᠢᠨ ᠣᠷᠭᠢᠯ ᠳᠡᠭᠡᠷ᠎ᠡ ᠬᠠᠭᠤᠷᠠᠢ ᠬᠤᠯᠤᠰᠤᠨ ᠤ᠋ ᠲᠡᠮᠳᠡᠭ ᠭᠠᠯ ᠣᠭᠲᠠᠷᠭᠤᠢ ᠲᠤᠯᠲᠠᠯ᠎ᠠ ᠦᠷᠪᠡᠯᠵᠡᠨ ᠬᠥᠭᠵᠢᠮᠡᠭᠴᠡ᠂ ᠮᠣᠩᠭᠣᠯ ᠤᠯᠤᠰ ᠤ᠋ᠨ ᠭᠠᠵᠠᠷ ᠭᠠᠵᠠᠷ᠂ ᠭᠣᠣᠯ ᠭᠣᠣᠯ ᠳ᠋ᠤᠷ ᠪᠦᠭᠭᠦᠭᠰᠡᠨ ᠴᠡᠷᠢᠭ ᠦ᠋ᠳ ᠦ᠋ᠨ ᠶᠡᠬᠡ ᠦᠬᠡᠷ  ᠫᠤᠤ ᠳᠠᠮ ᠳᠠᠮ ᠢ᠋ᠶ᠋ᠠᠷ ᠲᠦᠴᠢᠭᠢᠨᠡᠨ ᠳᠠᠭᠤᠷᠢᠰᠴᠤ᠂ ᠵᠦᠭ ᠪᠦᠷᠢ ᠶ᠋ᠢᠨ ᠮᠣᠩᠭᠣᠯ ᠤ᠋ᠨ ᠴᠡᠷᠢᠭ ᠪᠦᠭᠦᠳᠡᠭᠡᠷ ᠪᠣᠰᠤᠯᠴᠠᠵᠤ᠂ ᠴᠤᠭᠭᠠᠷ ᠬᠠᠰᠬᠢᠷᠤᠯᠳᠤᠨ ᠭᠠᠯ ᠲᠦᠢᠮᠡᠷ ᠲᠠᠯᠪᠢᠨ ᠨᠣᠴᠣᠭᠠᠵᠤ ᠠᠯᠠᠨ ᠭᠠᠷᠤᠭᠰᠠᠨ ᠳ᠋ᠤᠷ ᠴᠠᠪᠴᠢᠮᠠᠯ ᠴᠢᠯᠠᠭᠤᠲᠤ ᠭᠣᠣᠯ ᠤ᠋ᠨ ᠠᠮᠠᠨ ᠡᠮᠦᠨᠡᠰᠢ ᠬᠠᠳᠤᠭᠰᠠᠨ ᠢ᠋ᠶ᠋ᠠᠷ ᠴᠢᠪ ᠴᠢᠬᠡ ᠠᠷᠤ ᠭᠠᠵᠠᠷ ᠤ᠋ᠨ ᠬᠥᠯᠳᠡᠭᠰᠡᠨ ᠢ᠋ ᠭᠡᠰᠬᠡᠬᠦ᠂ ᠬᠠᠪᠤᠷᠤᠨ ᠴᠠᠭ ᠤ᠋ᠨ ᠡᠮᠦᠨᠡᠲᠦ ᠰᠠᠯᠬᠢᠨ᠎ᠠ ᠲᠣᠬᠢᠶᠠᠯᠳᠤᠨ ᠲᠠᠯ᠎ᠠ ᠶ᠋ᠢᠨ ᠲᠦᠢᠮᠡᠷ ᠦᠷᠭᠦᠯᠵᠢᠯᠡᠨ ᠰᠢᠲᠠᠵᠤ᠂ ᠭᠠᠯ ᠤ᠋ᠨ ᠴᠤᠷᠮᠠᠳᠠᠰᠤ ᠬᠡᠢᠰᠬᠦ ᠢᠨᠤ ᠰᠢᠮᠠᠭᠤᠯ ᠪᠠᠲᠠᠭᠠᠨ᠎ᠠ ᠮᠡᠲᠦ ᠵᠠᠯᠭᠠᠯᠳᠤᠨ᠂ ᠴᠠᠰᠤ ᠰᠢᠭᠤᠷᠬᠤ ᠮᠡᠲᠦ ᠬᠡᠢᠰᠴᠦ᠂ ᠭᠠᠯ ᠤ᠋ᠨ ᠨᠥᠯᠡ ᠣᠭᠲᠠᠷᠭᠤᠢ ᠳ᠋ᠤᠷ ᠲᠤᠯᠲᠠᠯ᠎ᠠ ᠲᠤᠶᠠᠭᠠᠯᠠᠨ ᠬᠥᠭᠵᠢᠵᠦ᠂ ᠳᠣᠲᠣᠭᠰᠢ ᠶᠠᠪᠤᠬᠤ ᠮᠣᠷᠢ ᠰᠤᠮᠤ ᠬᠠᠷᠪᠤᠬᠤ ᠠ᠋ᠴᠠ ᠴᠤ᠌ ᠲᠦᠷᠭᠡᠨ ᠳ᠋ᠦ᠍ᠷ ᠨᠠᠢ᠍ᠮᠠᠨ ᠤᠯᠤᠰ ᠤ᠋ᠨ ᠴᠡᠷᠢᠭ ᠦ᠋ᠳ ᠰᠥᠰᠥ ᠬᠡᠮᠬᠡᠷᠡᠨ᠂ ᠳᠦᠭᠦᠷᠦᠭᠰᠡᠨ ᠡᠪᠡᠰᠦᠨ ᠦ᠌ ᠪᠣᠭᠣᠳᠠᠯ ᠢ᠋ᠶ᠋ᠠᠨ ᠴᠥᠮ ᠴᠣᠬᠢᠯᠴᠠᠭᠠᠳ᠂ ᠰᠠᠯᠬᠢᠨ ᠤᠷᠤᠭᠤᠳᠠᠨ ᠪᠣᠷᠤᠭᠤᠯᠬᠤᠶ᠎ᠠ᠂ ᠴᠠᠭ ᠭᠱᠠᠨ᠎ᠠ ᠡᠳᠡᠭᠡᠷ ᠪᠤᠭᠤᠳᠠᠯᠲᠤ ᠬᠠᠭᠤᠷᠠᠢ ᠡᠪᠡᠰᠦ ᠴᠥᠮ ᠵᠠᠯᠭᠠᠯᠳᠤᠨ ᠰᠢᠲᠠᠭᠠᠳ ᠬᠣᠶᠠᠳᠤᠭᠠᠷ ᠠᠩᠭᠢ ᠭᠤᠷᠪᠠᠳᠤᠭᠠᠷ ᠠᠩᠭᠢ ᠶ᠋ᠢᠨ ᠴᠡᠷᠢᠭ ᠮᠣᠷᠢ ᠨᠡᠢᠲᠡ ᠪᠡᠷ ᠥᠪᠡᠷᠦᠨ ᠠᠪᠠᠴᠢᠭᠰᠠᠨ ᠡᠪᠡᠰᠦᠨ ᠦ᠌ ᠭᠠᠯ ᠤ᠋ᠨ ᠳᠤᠮᠳᠠ ᠪᠣᠯᠤᠭᠠᠳ᠂ ᠠᠷᠤ ᠥᠪᠥᠷ ᠴᠥᠮ ᠭᠠᠯ ᠪᠣᠯᠤᠨ ᠬᠥᠭᠵᠢᠵᠦ᠂ ᠭᠣᠣᠯ ᠤ᠋ᠨ ᠠᠮᠠᠨ ᠢ᠋ ᠮᠣᠩᠭᠣᠯ ᠤ᠋ᠨ ᠴᠡᠷᠢᠭ ᠶᠠᠭ ᠲᠠᠭ ᠪᠥᠭᠯᠡᠨ ᠠᠪᠴᠤ᠂ ᠪᠦᠳᠦᠭᠦᠨ ᠮᠣᠳᠣ ᠶ᠋ᠢ ᠬᠡᠷᠦᠭᠡᠲᠡᠨ ᠤᠨᠠᠭᠠᠵᠤ ᠪᠠᠭ᠎ᠠ ᠮᠣᠳᠣ ᠶ᠋ᠢ ᠴᠠᠪᠴᠢᠨ ᠠᠪᠴᠤ ᠠᠭᠤᠯᠠ ᠮᠡᠲᠦ ᠣᠪᠣᠭᠠᠯᠠᠵᠤ ᠭᠠᠯ ᠨᠣᠴᠣᠭᠠᠭᠠᠳ ᠲᠡᠭᠷᠢ ᠲᠤᠯᠲᠠᠯ᠎ᠠ ᠬᠥᠭᠵᠢᠭᠡᠵᠦ᠂ ᠬᠣᠶᠠᠷ ᠡᠲᠡᠭᠡᠳ ᠴᠠᠭᠠᠨ ᠲᠤᠭ ᠪᠣᠰᠴᠤ᠂ ᠰᠠᠮᠠᠭᠤᠨ ᠵᠡᠪᠡ ᠶ᠋ᠢᠨ ᠴᠡᠷᠢᠭ ᠢ᠋ᠶ᠋ᠡᠷ ᠲᠣᠰᠴᠤ᠂ ᠭᠠᠯ ᠤ᠋ᠨ ᠬᠣᠢᠨ᠎ᠠ ᠪᠤᠭᠤᠷᠤᠯ ᠤ᠋ᠨ ᠶᠡᠬᠡ ᠴᠡᠷᠢᠭ ᠰᠡᠭᠦᠯ ᠳᠠᠷᠤᠨ ᠠᠯᠠᠨ ᠣᠷᠣᠭᠰᠠᠨ᠎ᠠ ᠨᠠᠢ᠍ᠮᠠᠨ ᠤ᠋ ᠴᠡᠷᠢᠭ ᠦ᠋ᠨ ᠮᠣᠷᠢᠨ ᠭᠠᠯ ᠳ᠋ᠤᠷ ᠬᠠᠯᠠᠨ᠂ ᠲᠦᠢᠮᠡᠷ ᠲᠣᠷ ᠰᠢᠲᠠᠭᠳᠠᠨ ᠥᠪᠡᠷ ᠦ᠋ᠨ ᠭᠠᠯ ᠳ᠋ᠠᠭᠠᠨ ᠥᠪᠡᠷ ᠢ᠋ᠶ᠋ᠡᠨ ᠬᠤᠢᠬᠠᠯᠠᠭᠳᠠᠨ ᠮᠣᠷᠢ ᠢᠨᠴᠠᠭᠠᠨ ᠬᠥᠮᠦᠨ ᠪᠠᠷᠬᠢᠷᠠᠨ᠂ ᠴᠢᠳᠬᠥᠷ ᠤᠬᠢᠯᠠᠨ ᠬᠤᠪᠢᠯᠭᠠᠨ ᠬᠠᠰᠬᠢᠷᠤᠨ᠂ ᠲᠠᠪᠤᠨ ᠮᠢᠩᠭᠠᠨ ᠴᠡᠷᠢᠭ ᠦ᠋ᠨ ᠮᠣᠷᠢᠳ ᠦᠷᠭᠦᠨ ᠨᠠᠳᠬᠤᠵᠤ ᠲᠣᠢᠯᠠᠯᠴᠠᠨ ᠳᠣᠪᠲᠣᠯᠤᠯᠴᠠᠬᠤ᠂ ᠠᠶᠤᠮᠰᠢᠭᠲᠠᠢ ᠰᠦᠷᠡᠬᠡᠢ ᠮᠠᠭᠤ ᠳᠠᠭᠤᠨ ᠴᠢᠮᠡᠭᠡᠨ᠎ᠡ ᠠᠭᠤᠯᠠ ᠳᠡᠯᠪᠡᠷᠡᠨ ᠳᠠᠯᠠᠢ ᠪᠤᠴᠠᠯᠬᠤ ᠮᠡᠲᠦ ᠪᠤᠷᠬᠢᠷᠠᠯᠳᠤᠨ ᠦᠢᠮᠡᠭᠡᠳ᠂ ᠲᠡᠷᠢᠭᠦᠨ ᠠᠩᠭᠢ ᠶ᠋ᠢᠨ ᠶᠡᠬᠡ ᠶᠤᠸᠠᠨᠱᠤᠸᠠᠢ ᠪᠤᠤᠷ ᠠᠷᠰᠯᠠᠨ ᠤ᠋ ᠪᠤᠷᠤᠢᠵᠤ ᠪᠠᠷᠤᠢᠭᠰᠠᠨ ᠰᠠᠬᠠᠯ ᠦᠰᠦ ᠨᠢᠭᠡᠨᠲᠡ ᠰᠢᠷᠠᠮᠲᠠᠨ ᠰᠢᠳᠡᠵᠦ᠂ ᠲᠦᠢᠮᠡᠷ ᠲᠣᠷ ᠳᠠᠭᠠᠷᠢᠭᠳᠠᠭᠰᠠᠨ ᠬᠥᠭᠰᠢᠨ ᠢᠮᠠᠭ᠎ᠠ ᠪᠣᠯᠤᠭᠠᠳ᠂ ᠶᠡᠬᠡᠯ᠎ᠡ ᠣᠷᠬᠢᠷᠠᠨ ᠪᠠᠷᠬᠢᠷᠠᠵᠤ ᠭᠣᠣᠯ ᠥᠭᠡᠳᠡᠯᠡᠨ ᠳᠣᠪᠲᠣᠯᠤᠨ ᠰᠠᠶᠢ ᠭᠣᠣᠯ ᠤ᠋ᠨ ᠡᠬᠢᠨ᠎ᠡ ᠬᠦᠷᠬᠦ ᠰᠢᠬᠠᠲᠠᠯ᠎ᠠ᠂ ᠭᠣᠣᠯ ᠤ᠋ᠨ ᠡᠬᠢᠨ ᠦ᠌ ᠠᠩᠭᠠᠷᠬᠠᠢ ᠶ᠋ᠢᠨ ᠠᠮᠠᠨ ᠳ᠋ᠤᠷ ᠬᠡᠳᠦᠢᠨ ᠪᠠᠰᠠ ᠫᠤᠤ ᠳᠠᠭᠤᠷᠢᠰᠤᠨ ᠭᠠᠯ ᠬᠥᠭᠵᠢᠭᠡᠳ᠂ ᠬᠠᠵᠠᠭᠤ ᠡᠲᠡᠭᠡᠳ ᠡᠴᠡ ᠲᠠᠰᠢᠭᠤ ᠪᠠᠷ ᠪᠠᠰᠠ ᠶᠡᠬᠡ ᠲᠦᠢᠮᠡᠷ ᠭᠠᠯ ᠯᠤᠤ ᠲᠣᠭᠯᠠᠬᠤ ᠮᠡᠲᠦ ᠨᠣᠴᠣᠨ ᠬᠥᠭᠵᠢᠵᠦ ᠬᠦᠷᠴᠦ ᠢᠷᠡᠭᠰᠡᠨ ᠳ᠋ᠦ᠍ᠷ ᠭᠠᠯ ᠳ᠋ᠤᠷ ᠰᠢᠷᠭᠤᠯᠤᠨ ᠡᠭᠡᠵᠦ ᠳᠣᠪᠲᠣᠯᠬᠤᠶ᠎ᠠ ᠥᠪᠡᠷᠦᠨ ᠴᠡᠷᠢᠭ ᠦ᠋ᠳ ᠦ᠋ᠨ ᠪᠤᠭᠤᠳᠠᠯᠲᠤ ᠡᠪᠡᠰᠦ ᠴᠥᠮ ᠵᠠᠯᠭᠠᠯᠳᠤᠨ᠂ ᠡᠭᠦᠨᠦ ᠳᠣᠲᠣᠷ᠎ᠠ ᠰᠢᠳᠡᠵᠦ ᠰᠢᠷᠠᠮᠲᠠᠬᠤ ᠴᠡᠷᠢᠭ ᠮᠣᠷᠢᠨ ᠤ᠋ ᠬᠤᠢᠬᠠᠯᠠᠭᠳᠠᠬᠤ᠂ ᠬᠤᠩᠰᠢᠭᠤᠨ ᠦᠨᠦᠷ ᠭᠣᠣᠯ ᠳ᠋ᠤᠷ ᠳᠦᠭᠦᠷᠴᠦ ᠣᠭᠲᠠᠷᠭᠤᠢ ᠳ᠋ᠤᠷ ᠲᠤᠯᠵᠤᠬᠤᠢ᠃ ᠪᠤᠤᠷ ᠠᠷᠰᠯᠠᠨ ᠪᠠᠰᠠ ᠪᠤᠴᠠᠵᠤ ᠳᠣᠪᠲᠣᠯᠤᠨ᠂ ᠭᠣᠣᠯ ᠤ᠋ᠨ ᠡᠬᠢᠨ᠎ᠡ ᠬᠦᠷᠪᠡᠰᠦ ᠭᠣᠣᠯ ᠤ᠋ᠨ ᠡᠬᠢᠨ ᠦ᠌ ᠵᠠᠮ ᠢ ᠨᠢᠭᠡᠨᠲᠡ ᠮᠣᠳᠣ ᠴᠢᠯᠠᠭᠤ᠂ ᠲᠦᠯᠡᠭᠡ ᠡᠪᠡᠰᠦ ᠪᠡᠷ ᠶᠠᠭ ᠲᠠᠭ ᠪᠥᠭᠯᠡᠭᠡᠳ᠂ ᠪᠠᠰᠠ ᠶᠡᠬᠡ ᠭᠠᠯ ᠬᠥᠭᠵᠢᠭᠡᠨ ᠨᠣᠴᠣᠭᠠᠵᠤᠬᠤᠢ᠃ ᠪᠤᠤᠷ ᠠᠷᠰᠯᠠᠨ ᠪᠣᠷᠣ ᠬᠣᠭᠣᠯᠠᠢ ᠪᠠᠷ《ᠪᠠᠷᠠᠪᠠ ᠪᠠᠷᠠᠪᠠ》 ᠭᠡᠮᠡᠨ ᠪᠠᠷᠬᠢᠷᠠᠨ ᠰᠠᠶᠢ ᠮᠣᠷᠢᠨ ᠢ᠋ ᠡᠭᠡᠭᠦᠯᠲᠡᠯ᠎ᠡ ᠠᠭᠤᠯᠠᠨ ᠤ᠋ ᠬᠣᠶᠠᠷ ᠬᠠᠵᠠᠭᠤ ᠳ᠋ᠤᠷ ᠫᠤᠤ ᠶ᠋ᠢᠨ ᠳᠠᠭᠤᠨ ᠳᠠᠷᠠᠭ᠎ᠠ ᠳᠠᠷᠠᠭ᠎ᠠ ᠪᠠᠷ ᠲᠦᠷᠴᠢᠭᠢᠨᠡᠨ ᠳᠠᠭᠤᠷᠢᠰᠴᠤ᠂ ᠮᠣᠳᠣ ᠳᠣᠭᠰᠢᠨ ᠮᠣᠩᠭᠣᠯ ᠤᠯᠤᠰ ᠤ᠋ᠨ ᠪᠦᠭᠭᠦᠭᠰᠡᠨ ᠰᠠᠮᠠᠭᠤᠨ ᠵᠡᠪᠡ ᠶ᠋ᠢᠨ ᠬᠠᠷᠠᠩᠭᠤᠢ ᠭᠠᠵᠠᠷ ᠠ᠋ᠴᠠ ᠭᠡᠭᠡᠬᠡᠨ ᠭᠠᠵᠠᠷ ᠢ᠋ ᠬᠠᠷᠪᠤᠬᠤ ᠠᠨᠤ ᠮᠥᠨᠳᠥᠷ ᠳᠡᠯᠡᠳᠦᠨ ᠪᠣᠷᠣᠭᠠᠨ ᠣᠷᠣᠬᠤ ᠮᠡᠲᠦ ᠱᠠᠷᠴᠢᠭᠢᠨᠠᠨ ᠱᠣᠷᠴᠢᠭᠢᠨᠠᠨ ᠪᠠᠭᠤᠵᠤ ᠢᠷᠡᠨ᠂ ᠪᠤᠤᠷ ᠠᠷᠰᠯᠠᠨ ᠤ᠋ ᠪᠠᠭᠠᠯᠵᠤᠤᠷ ᠲᠤᠷ ᠳᠠᠷᠠᠭ᠎ᠠ ᠳᠠᠷᠠᠭ᠎ᠠ ᠪᠠᠷ ᠬᠣᠶᠠᠷ ᠭᠤᠷᠪᠠᠨ ᠬᠤᠷᠴᠠ ᠵᠡᠪᠡ ᠬᠠᠲᠠᠵᠤ ᠪᠤᠤᠷ ᠠᠷᠰᠯᠠᠨ ᠮᠣᠷᠢ ᠪᠡᠶ᠎ᠡ ᠲᠡᠢ ᠠᠭᠤᠯᠠ ᠶᠡᠭᠦᠷᠡᠨ ᠬᠠᠢᠷᠬᠠᠨ ᠨᠤᠷᠠᠬᠤ ᠮᠡᠲᠦ᠂ ᠭᠠᠩᠭ᠎ᠠ ᠤᠷᠤᠭᠤ ᠦᠮᠬᠦᠷᠢᠨ ᠤᠨᠠᠵᠤ᠂ ᠣᠢᠷ᠎ᠠ ᠳᠠᠭᠠᠭᠰᠠᠳ ᠬᠡᠳᠦᠨ ᠵᠠᠭᠤᠨ ᠬᠥᠮᠦᠨ ᠮᠣᠷᠢᠨ ᠴᠥᠮ ᠢ᠋ᠶ᠋ᠡᠷ ᠰᠠᠮᠠᠭᠤᠨ ᠵᠡᠪᠡ ᠴᠢᠯᠠᠭᠤᠨ᠎ᠠ ᠳᠠᠭᠠᠷᠢᠭᠳᠠᠨ᠂ ᠵᠠᠷᠠᠭ᠎ᠠ ᠮᠡᠲᠦ ᠰᠤᠮᠤ ᠬᠠᠳᠠᠭᠳᠠᠨ ᠦᠬᠦᠵᠦ ᠪᠤᠰᠨᠢᠪᠠᠢ᠃ ᠭᠣᠣᠯ ᠤ᠋ᠨ ᠳᠤᠮᠳᠠ ᠲᠢᠭ ᠪᠠᠭᠠᠲᠤᠷ᠂ ᠲᠢᠷᠡᠩ ᠠᠳᠢᠰ ᠪᠣᠯᠲᠠᠯ᠎ᠠ ᠰᠢᠲᠠᠭᠳᠠᠵᠤ᠂ ᠬᠥᠦᠯ ᠪᠦᠬᠦ ᠭᠦᠯᠦᠢᠵᠦ ᠬᠠᠪᠤᠳᠲᠠᠯ᠎ᠠ ᠬᠠᠯᠠᠭᠠᠳ᠂ ᠨᠢᠭᠡᠨ ᠬᠥᠮᠦᠨ ᠴᠦ᠍ ᠭᠠᠷᠴᠤ ᠴᠢᠳᠠᠬᠤ ᠦᠭᠡᠢ ᠬᠠᠭᠠᠭᠳᠠᠵᠤ ᠠᠪᠤᠭᠳᠠᠪᠠᠢ᠃ ᠪᠤᠭᠤᠷᠤᠯ ᠶᠡᠬᠡ ᠴᠠᠭᠠᠵᠠ ᠶ᠋ᠢ ᠵᠠᠷᠯᠠᠭᠤᠯᠤᠨ ᠪᠠᠷᠬᠢᠷᠠᠭᠤᠯᠵᠤ᠄《ᠠᠮᠢ ᠪᠠᠨ ᠭᠠᠷᠰᠤᠭᠠᠢ ᠬᠡᠮᠡᠭᠴᠢᠳ ᠬᠤᠶᠠᠭ ᠵᠡᠪᠰᠡᠭ ᠢ᠋ ᠣᠪᠣᠭᠠᠯᠠᠨ ᠲᠠᠯᠪᠢᠭᠠᠳ᠂ ᠴᠠᠪᠴᠢᠮᠠᠯ ᠴᠢᠯᠠᠭᠤᠨ ᠤ᠋ ᠣᠷᠭᠢᠯ ᠳᠡᠭᠡᠷ᠎ᠡ ᠪᠤᠰᠬᠠᠭᠰᠠᠨ ᠴᠠᠭᠠᠨ ᠲᠤᠭ ᠤ᠋ᠨ ᠳᠣᠣᠷ᠎ᠠ ᠳᠠᠭᠠᠭᠰᠠᠨ ᠢ ᠠᠮᠢᠨ ᠢ᠋ ᠬᠡᠯᠲᠦᠷᠢᠭᠦᠯᠦᠨ ᠳᠠᠭᠠᠭᠤᠯᠤᠮᠤᠢ 》 ᠭᠡᠮᠡᠨ ᠨᠢᠭᠡᠨᠲᠡ ᠪᠠᠷᠬᠢᠷᠠᠭᠤᠯᠤᠮᠠᠭᠴᠠ᠂ ᠭᠠᠯ ᠬᠢᠭᠡᠳ ᠵᠡᠪᠡ ᠶ᠋ᠢᠨ ᠰᠢᠷᠬ᠎ᠠ ᠡᠰᠡ ᠣᠯᠤᠭᠰᠠᠨ ᠠᠨᠤ ᠭᠡᠭᠡᠷᠡᠬᠦ ᠦᠶ᠎ᠡ ᠶ᠋ᠢᠨ ᠴᠠᠭᠠᠨ ᠲᠤᠭ ᠤ᠋ᠨ ᠳᠠᠯᠠᠯᠬᠤ ᠶ᠋ᠢ ᠦᠵᠡᠨ ᠴᠥᠮ ᠣᠷᠣᠭᠰᠢ ᠲᠡᠮᠡᠴᠡᠯᠳᠦᠨ ᠨᠠᠷᠠᠨ ᠮᠠᠨᠳᠤᠲᠠᠯ᠎ᠠ ᠠᠩᠭᠢ ᠪᠠᠭ ᠢ᠋ᠶ᠋ᠠᠷ ᠡᠴᠢᠵᠦ ᠪᠠᠭᠤᠵᠤ ᠥᠭᠪᠡ᠃ ᠡᠨᠡ ᠴᠠᠪᠴᠢᠮᠠᠯ ᠴᠢᠯᠠᠭᠤᠲᠤ ᠶ᠋ᠢᠨ ᠣᠷᠭᠢᠯ ᠠ᠋ᠴᠠ ᠦᠵᠡᠪᠡᠰᠦ ᠪᠤᠯᠤ ᠢᠦᠢ ᠬᠠᠭᠠᠨ ᠤ᠋ ᠶᠡᠬᠡ ᠴᠡᠷᠢᠭ ᠦ᠋ᠨ ᠬᠦᠷᠢᠶᠡᠨ ᠦ᠌ ᠲᠤᠰ ᠡᠮᠦᠨ᠎ᠡ ᠦᠷᠢᠯᠲᠦ ᠣᠷᠭᠢᠯ ᠤ᠋ᠨ ᠳᠡᠭᠡᠷ᠎ᠡ ᠪᠠᠰᠠ ᠬᠦ᠌ ᠮᠣᠩᠭᠣᠯ ᠤᠯᠤᠰ ᠤ᠋ᠨ ᠠᠮᠢᠨ ᠢ᠋ ᠬᠡᠯᠲᠦᠷᠢᠭᠦᠯᠦᠨ ᠡᠯᠰᠡᠨ ᠳᠠᠭᠠᠭᠤᠯᠬᠤ ᠴᠠᠭᠠᠨ ᠭᠬᠢᠪ ᠦ᠋ᠨ ᠤᠷᠲᠤ ᠬᠢᠭᠢᠷᠢ ᠲᠤᠭ ᠴᠠᠭᠠᠨ ᠵᠤᠷᠪᠤᠰ ᠡᠭᠦᠯᠡ ᠮᠡᠲᠦ ᠰᠠᠯᠬᠢᠨ᠎ᠠ ᠳᠡᠷᠪᠡᠯᠵᠡᠨ ᠬᠡᠢᠰᠬᠦ ᠲᠤᠯᠠ᠂ ᠪᠤᠭᠤᠷᠵᠢ ᠶ᠋ᠢᠨ ᠰᠥᠨᠢ ᠪᠡᠷ ᠡᠴᠢᠭᠰᠡᠨ ᠢᠳᠡᠯᠭᠦ ᠰᠢᠪᠠᠭᠤᠨ ᠤ᠋ ᠨᠢᠰᠬᠦ ᠵᠡᠪᠡ ᠶ᠋ᠢᠨ ᠪᠦᠯᠦᠭ ᠮᠥᠨ ᠶᠡᠬᠡᠳᠡ ᠳᠡᠢᠯᠦᠭᠰᠡᠨ ᠢ᠋ ᠣᠯᠵᠤ ᠮᠡᠳᠡᠪᠡ᠃ ᠪᠤᠭᠤᠷᠵᠢ ᠶ᠋ᠢᠨ ᠶᠡᠬᠡ ᠴᠡᠷᠢᠭ ᠬᠡᠷᠬᠢᠨ ᠲᠠᠢᠯᠪᠠ?  ᠬᠡᠮᠡᠪᠡᠰᠦ᠂ ᠥᠴᠥᠭᠡᠳᠦᠷ ᠰᠥᠨᠢ ᠶ᠋ᠢᠨ ᠵᠦᠭ ᠵᠦᠭ ᠦ᠋ᠨ ᠭᠠᠯ ᠲᠦᠢᠮᠡᠷ ᠬᠥᠭᠵᠢᠨ ᠨᠣᠴᠣᠵᠤ᠂ ᠭᠣᠣᠯ ᠤ᠋ᠨ ᠠᠮᠠᠨ ᠳ᠋ᠤᠷ ᠣᠯᠵᠤ ᠣᠷᠣᠨ ᠡᠰᠡ ᠴᠢᠳᠠᠭᠰᠠᠨ ᠨᠠᠢ᠍ᠮᠠᠨ ᠤ᠋ ᠴᠡᠷᠢᠭ ᠦ᠋ᠳ ᠭᠣᠣᠯ ᠤ᠋ᠨ ᠳᠣᠲᠣᠷ᠎ᠠ ᠤᠯᠠᠭᠠᠨ ᠨᠥᠯᠡ ᠲᠡᠭᠷᠢ ᠳ᠋ᠦ᠍ᠷ ᠲᠤᠯᠵᠤ ᠭᠠᠯ ᠤ᠋ᠨ ᠴᠤᠷᠮᠠᠳᠠᠰᠤᠨ ᠤ᠋ ᠰᠢᠭᠤᠷᠭᠠᠨ ᠰᠢᠭᠤᠷᠤᠨ᠂ ᠭᠠᠯ ᠤ᠋ᠨ ᠭᠠᠯᠪᠠ᠂ ᠲᠦᠢᠮᠡᠷ ᠦ᠋ᠨ ᠣᠷᠴᠢᠯᠠᠩ ᠪᠣᠯᠤᠭᠰᠠᠨ ᠢ᠋ ᠦᠵᠡᠭᠡᠳ᠂ ᠰᠥᠰᠥ ᠬᠡᠮᠬᠡᠷᠡᠲᠡᠯ᠎ᠡ ᠠᠶᠤᠯᠳᠤᠨ ᠬᠠᠰᠬᠢᠷᠤᠯᠴᠠᠨ᠂ ᠠᠮᠢ ᠣᠯᠵᠤ ᠦᠯᠡᠳᠡᠪᠡ ᠭᠡᠮᠡᠨ᠂ ᠨᠢᠭᠤᠷ ᠨᠢᠳᠦ ᠦᠭᠡᠢ ᠡᠭᠡᠵᠦ ᠳᠣᠪᠲᠣᠯᠤᠯᠴᠠᠨ᠂ ᠬᠣᠶᠠᠷ ᠮᠢᠩᠭᠠᠨ ᠰᠢᠬᠠᠮ ᠴᠡᠷᠢᠭ ᠦᠬᠦᠨ ᠳᠠᠭᠠᠷᠢᠵᠤ᠂ ᠴᠡᠷᠢᠭ ᠦ᠋ᠨ ᠬᠦᠷᠢᠶᠡᠨ ᠦ᠌ ᠳᠥᠷᠪᠡᠨ ᠬᠠᠭᠠᠯᠭ᠎ᠠ ᠶ᠋ᠢ ᠪᠤᠯᠢᠶᠠᠯᠳᠤᠨ ᠴᠢᠬᠢᠯᠴᠡᠨ ᠢᠪᠡᠯᠴᠡᠵᠦ ᠰᠠᠮᠠᠭᠤᠷᠠᠨ ᠲᠦᠯᠬᠢᠯᠴᠡᠨ ᠣᠷᠣᠯᠴᠠᠬᠤᠢ ᠳ᠋ᠤᠷ ᠬᠦᠯᠦᠭ ᠪᠤᠭᠤᠷᠵᠢ ᠨᠣᠶᠠᠨ ᠤ᠋ ᠰᠢᠯᠭᠠᠵᠤ ᠭᠠᠷᠭᠠᠭᠰᠠᠨ ᠲᠠᠪᠤᠨ ᠲᠡᠷᠢᠭᠦᠯᠡᠭᠴᠢ ᠪᠡᠷ ᠪᠡᠶ᠎ᠡ ᠪᠡᠨ ᠲᠣᠭᠣᠷᠢᠭᠤᠯᠤᠨ᠂ ᠰᠢᠯᠭᠠᠭᠰᠠᠨ ᠠᠷᠪᠠᠨ ᠪᠠᠭ᠎ᠠ ᠵᠠᠩᠵᠤᠨ ᠨᠠᠷ᠂ ᠬᠥᠮᠦᠨ ᠪᠦᠷᠢ᠂ ᠲᠠᠪᠢᠭᠠᠳ ᠲᠠᠪᠢᠭᠠᠳ᠂ ᠰᠢᠯᠭᠠᠷᠠᠭᠰᠠᠨ ᠱᠠᠯᠠᠮᠠᠭᠠᠢ ᠵᠠᠯᠠᠭᠤᠰ ᠪᠠᠭᠠᠲᠤᠳ ᠢ᠋ ᠠᠩᠭᠢ ᠠᠩᠭᠢ ᠪᠠᠷ ᠪᠠᠭᠴᠠᠯᠠᠨ ᠠᠪᠴᠤ᠂ ᠪᠤᠯᠤ ᠸᠠᠩ ᠤ᠋ᠨ ᠶᠡᠬᠡ ᠬᠦᠷᠢᠶᠡᠨ ᠳ᠋ᠦ᠍ᠷ ᠳᠥᠷᠪᠡᠨ ᠡᠲᠡᠭᠡᠳ ᠪᠦᠭᠭᠦᠵᠦ ᠪᠠᠢᠭᠰᠠᠨ ᠲᠤᠯᠠ᠂ ᠡᠨᠡ ᠴᠡᠷᠢᠭ ᠦ᠋ᠳ ᠦ᠋ᠨ ᠰᠠᠮᠠᠭᠤᠷᠠᠨ ᠴᠢᠬᠢᠯᠴᠡᠨ ᠣᠷᠣᠬᠤᠢ ᠳ᠋ᠤᠷ ᠬᠠᠵᠠᠭᠤ ᠡᠲᠡᠭᠡᠳ ᠡᠴᠡ ᠴᠡᠷᠢᠭ ᠦ᠋ᠨ ᠡᠬᠢᠨ ᠦ᠌ ᠪᠦᠯᠦᠭ ᠦ᠋ᠨ ᠵᠠᠪᠰᠠᠷ ᠵᠡᠪᠰᠠᠷ᠎ᠠ ᠴᠢᠬᠢᠯᠳᠦᠨ ᠣᠷᠣᠯᠴᠠᠵᠤ᠂ ᠠᠳᠠᠯᠢ ᠪᠠᠷ ᠲᠦᠯᠬᠢᠯᠴᠡᠨ ᠴᠢᠬᠢᠯᠴᠡᠨ ᠣᠷᠣᠯᠴᠠᠭᠠᠳ ᠴᠥᠮ ᠳᠤᠮᠳᠠᠳᠤ ᠬᠠᠭᠠᠨ ᠤ᠋ ᠪᠠᠭᠤᠳᠠᠯ ᠢ᠋ ᠲᠣᠭᠣᠷᠢᠨ ᠠᠪᠲᠠᠯ᠎ᠠ᠂ ᠪᠤᠭᠤᠷᠵᠢ ᠨᠣᠶᠠᠨ ᠲᠣᠯᠣᠭᠠᠢ ᠪᠠᠨ ᠪᠥᠰ ᠢ᠋ᠶ᠋ᠡᠷ ᠣᠷᠢᠶᠠᠨ᠂ ᠣᠬᠣᠷ ᠭᠠᠩ ᠢᠯᠳᠦ ᠪᠠᠷᠢᠵᠤ᠂ ᠲᠠᠪᠤᠨ ᠰᠢᠯᠭᠠᠳᠠᠭ᠂ ᠠᠷᠪᠠᠨ ᠱᠠᠯᠠᠮᠠᠭᠠᠢ ᠶ᠋ᠢ ᠲᠡᠷᠢᠭᠦᠯᠡᠨ ᠨᠢᠳᠦ ᠴᠠᠪᠴᠢᠯ ᠦᠭᠡᠢ ᠪᠡᠷ ᠬᠠᠭᠠᠨ ᠤ᠋ ᠰᠢᠷ᠎ᠠ ᠮᠠᠩᠨᠤᠭ ᠯᠤᠤ ᠶ᠋ᠢᠨ ᠦᠷᠭᠦᠭᠡᠨ᠎ᠡ ᠨᠢᠰᠬᠦ ᠮᠡᠲᠦ ᠬᠤᠷᠳᠤᠯᠠᠨ ᠣᠷᠣᠵᠤ ᠢᠷᠡᠬᠦᠶ᠎ᠡ᠂ ᠪᠤᠯᠤ ᠸᠠᠩ ᠭᠠᠳᠠᠭᠠᠳᠤ ᠦᠢᠮᠡᠭᠡᠨ ᠦ᠌ ᠳᠦᠷᠭᠢᠯᠭᠡᠨ ᠢ᠋ ᠰᠣᠨᠣᠰᠴᠤ᠂ ᠰᠢᠳᠠᠷ ᠠᠷᠠᠳ ᠢ᠋ᠶ᠋ᠠᠷ ᠳᠥᠷᠪᠡᠨ ᠶᠡᠬᠡ ᠭᠠᠯ ᠤ᠋ᠨ ᠪᠠᠮᠪᠠᠷ ᠪᠠᠷᠢᠭᠤᠯᠤᠨ ᠲᠦᠷᠭᠡᠯᠡᠨ ᠠᠯᠬᠤᠵᠤ ᠯᠤᠤ ᠶ᠋ᠢᠨ ᠡᠭᠦᠳᠡᠨ᠎ᠡ ᠬᠦᠷᠴᠦ ᠢᠷᠡᠲᠡᠯ᠎ᠡ ᠴᠢᠪ ᠤᠴᠠᠷᠠᠭᠠᠳ ᠂ ᠪᠤᠭᠤᠷᠵᠢ ᠨᠣᠶᠠᠨ ᠨᠢᠭᠡᠨᠲᠡ ᠬᠠᠰᠬᠢᠷᠤᠨ ᠵᠠᠩᠳᠠᠵᠤ᠂ ᠬᠠᠷᠴᠠᠭᠠᠢ ᠰᠢᠪᠠᠭᠤ ᠂ ᠦᠨᠡᠭᠡ ᠲᠠᠤᠯᠠᠢ ᠶ᠋ᠢ ᠰᠢᠭᠦᠷᠭᠦ ᠮᠡᠲᠦ ᠰᠢᠭᠤᠷᠤᠨ ᠣᠷᠣᠵᠤ᠂ ᠪᠤᠯᠤ ᠢᠦᠢ ᠬᠠᠭᠠᠨ ᠤ᠋ ᠪᠠᠭᠠᠯᠵᠤᠷ ᠠ᠋ᠴᠠ ᠠᠳᠬᠤᠨ ᠠᠪᠴᠤ ᠨᠥᠭᠦᠭᠡ ᠭᠠᠷ ᠢ᠋ᠶ᠋ᠠᠷ ᠪᠥᠭᠰᠡᠨ ᠳᠣᠭᠤᠤᠷ ᠬᠥᠨᠳᠡᠯᠡᠨ ᠡᠷᠭᠦᠨ ᠰᠤᠭᠰᠤᠷᠤᠨ ᠰᠣᠢᠯᠠᠵᠤ ᠳᠡᠭᠡᠭᠰᠢ ᠨᠢᠭᠡᠨᠲᠡ ᠴᠣᠬᠢᠮᠠᠭᠴᠠ᠂ ᠲᠠᠪᠤᠨ ᠪᠠᠭᠠᠲᠤᠷ ᠤ᠋ᠨ ᠲᠡᠷᠢᠭᠦᠨ ᠦ᠌ ᠳᠡᠭᠡᠷ᠎ᠡ ᠭᠠᠷᠴᠤ ᠠᠷᠪᠠᠨ ᠭᠠᠷ ᠵᠡᠷᠭᠡ ᠪᠡᠷ ᠲᠣᠰᠴᠤ ᠠᠪᠤᠨ ᠨᠢᠭᠡᠨᠲᠡ ᠪᠦᠭᠡᠮᠯᠡᠨ ᠶᠡᠬᠡ ᠭᠬᠢᠪ ᠦ᠋ᠨ ᠲᠤᠭ ᠳᠠᠯᠪᠠᠭᠠᠨ ᠢ᠋ᠶ᠋ᠠᠷ ᠪᠠᠭᠯᠠᠮᠠᠭᠴᠠ᠂ ᠡᠭᠦᠯᠡᠨ ᠴᠡᠷᠪᠢ ᠭᠠᠭᠴᠠᠭᠠᠷ ᠠᠷᠤ ᠳ᠋ᠤᠷ ᠡᠭᠦᠷᠦᠨ ᠮᠣᠷᠢᠨ ᠳ᠋ᠤᠷ ᠮᠣᠷᠳᠠᠭᠠᠳ ᠬᠦᠯᠦᠭ ᠪᠤᠭᠤᠷᠵᠢ ᠡᠮᠦᠨ᠎ᠡ ᠵᠠᠮ ᠨᠡᠭᠡᠭᠡᠨ᠂ ᠠᠪᠴᠤ ᠣᠷᠣᠭᠰᠠᠨ ᠣᠷᠣᠰ ᠤᠯᠤᠰ ᠤ᠋ᠨ ᠲᠡᠮᠦᠷ ᠴᠠᠬᠢᠭᠤᠷᠲᠤ ᠭᠠᠯ ᠫᠤᠤ ᠬᠡᠳᠦ ᠬᠡᠳᠦᠨᠲᠡ ᠳᠠᠭᠤᠷᠢᠰᠴᠤ ᠂ ᠳᠥᠷᠪᠡᠨ ᠱᠠᠯᠠᠮᠠᠭᠠᠢ ᠵᠠᠯᠠᠭᠤ ᠵᠠᠩᠵᠤᠨ ᠬᠠᠮᠲᠤᠪᠠᠷ ᠢᠯᠳᠦ ᠰᠦᠬᠡ ᠪᠡᠷ ᠴᠠᠪᠴᠢᠯᠬᠢᠯᠠᠨ᠂ ᠵᠡᠭᠦᠨ ᠢ᠋ ᠵᠦᠭᠯᠡᠨ ᠪᠠᠷᠠᠭᠤᠨ ᠢ᠋ ᠡᠷᠢᠨ ᠲᠣᠭᠣᠷᠢᠨ ᠭᠡᠨᠡᠳᠡᠭᠦᠯᠵᠦ ᠠᠪᠤᠨ ᠭᠠᠷᠲᠠᠯ᠎ᠠ᠂ ᠲᠠᠪᠤᠨ ᠵᠠᠭᠤᠨ ᠴᠡᠷᠢᠭ ᠦ᠋ᠨ ᠠᠷᠪᠠᠨ ᠲᠡᠷᠢᠭᠦᠯᠡᠭᠴᠢ ᠪᠠᠭᠠᠲᠤᠳ ᠪᠤᠯᠤ ᠸᠠᠩ ᠤ᠋ᠨ ᠳᠥᠷᠪᠡᠨ ᠶᠡᠬᠡ ᠭᠠᠯ ᠪᠠᠮᠪᠠᠷ ᠢ᠋ ᠪᠠᠷᠢᠭᠰᠠᠨ ᠠᠷᠠᠳ ᠢ᠋ ᠴᠥᠮ ᠴᠡᠪᠴᠢᠯᠬᠢᠯᠡᠨ ᠤᠨᠠᠭᠠᠵᠤ᠂ ᠭᠠᠯ ᠪᠠᠮᠪᠠᠷ ᠤ᠋ᠳ ᠢ᠋ ᠪᠤᠯᠢᠶᠠᠯᠳᠤᠨ ᠠᠪᠤᠯᠴᠠᠨ ᠥᠪᠡᠷ ᠥᠪᠡᠷᠦᠨ ᠪᠡᠯᠡᠳᠬᠡᠭᠰᠡᠨ ᠲᠣᠰᠣ ᠴᠢᠳᠬᠤᠭᠰᠠᠨ ᠬᠤᠯᠤᠰᠤ ᠡᠪᠡᠰᠦᠨ ᠦ᠌ ᠪᠠᠭᠴᠠ ᠪᠠᠨ ᠨᠣᠴᠣᠭᠠᠯᠴᠠᠨ᠂ ᠬᠠᠭᠠᠨ ᠥᠷᠭᠥᠭᠡ ᠡᠴᠡ ᠡᠬᠢᠯᠡᠨ ᠠᠮᠤ ᠡᠪᠡᠰᠦ ᠪᠠ ᠲᠦᠯᠡᠭᠡ ᠲᠦᠯᠡᠰᠢ ᠳ᠋ᠦ᠍ᠷ ᠭᠠᠯ ᠲᠠᠯᠪᠢᠨ᠂ ᠲᠠᠪᠤᠨ ᠵᠠᠭᠤᠨ ᠭᠠᠯ ᠪᠠᠮᠪᠠᠷ᠂ ᠥᠷᠭᠥᠭᠡ ᠮᠠᠢᠬᠠᠨ᠂ ᠬᠦᠷᠢᠶ᠎ᠡ ᠬᠠᠭᠠᠯᠭ᠎ᠠ ᠪᠦᠬᠦᠨ᠎ᠡ ᠴᠥᠮ ᠭᠠᠯ ᠮᠠᠨᠳᠤᠭᠠᠳ ᠨᠠᠢ᠍ᠮᠠᠨ ᠤ᠋ ᠶᠡᠬᠡ ᠴᠡᠷᠢᠭ ᠦ᠋ᠳ ᠨᠢᠭᠡᠨᠲᠡ ᠰᠣᠴᠢᠨ ᠪᠠᠯᠳᠠᠵᠤ᠂ ᠳᠣᠲᠣᠷ᠎ᠠ ᠪᠠᠢᠭᠰᠠᠨ᠂ ᠭᠠᠳᠠᠨ᠎ᠠ ᠠ᠋ᠴᠠ ᠡᠭᠡᠭᠰᠡᠨ ᠴᠡᠷᠢᠭ ᠦ᠋ᠳ ᠬᠠᠷᠢᠯᠴᠠᠨ ᠬᠤᠳᠬᠤᠨ ᠰᠠᠮᠠᠭᠤᠷᠠᠭᠠᠳ᠂ ᠬᠠᠷᠢᠯᠴᠠᠨ ᠵᠢᠭᠤᠷᠠᠯᠴᠠᠨ᠂ ᠮᠣᠷᠢ ᠮᠥᠷᠭᠥᠯᠳᠦᠨ ᠬᠥᠮᠦᠨ ᠲᠤᠯᠭᠠᠯᠴᠠᠭᠠᠳ᠂ ᠭᠠᠯ ᠬᠥᠭᠵᠢᠵᠦ ᠰᠠᠯᠬᠢᠨ ᠬᠥᠳᠡᠯᠦᠭᠡᠳ ᠰᠠᠯᠬᠢᠨ ᠤ᠋ ᠬᠦᠴᠦᠨ ᠳ᠋ᠦ᠍ᠷ ᠭᠠᠯ ᠬᠥᠭᠵᠢᠨ᠂ ᠭᠠᠯ ᠤ᠋ᠨ ᠨᠥᠯᠡ ᠶ᠋ᠢ ᠰᠠᠯᠬᠢᠨ ᠬᠥᠭᠵᠢᠭᠡᠨ᠂ ᠬᠥᠮᠦᠨ ᠪᠠᠷᠬᠢᠷᠠᠨ ᠮᠣᠷᠢ ᠢᠨᠴᠠᠭᠠᠨ᠂ ᠴᠢᠳᠬᠥᠷ ᠣᠷᠬᠢᠷᠠᠨ ᠠᠳᠡᠰ ᠤᠬᠢᠯᠠᠯᠳᠤᠮᠤᠢ᠃ ᠪᠤᠯᠤ ᠢᠦᠢ ᠬᠠᠭᠠᠨ ᠤ᠋ ᠪᠣᠮᠪᠣᠯᠢᠭᠤᠨ ᠪᠣᠯᠤᠭᠰᠠᠨ ᠪᠣᠭᠳᠠ ᠴᠣᠭᠴᠠ ᠬᠠᠮᠢᠭᠠᠰᠢ ᠪᠣᠯᠤᠭᠰᠠᠨ ᠢ᠋ ᠳᠣᠣᠷᠠᠲᠤ ᠪᠦᠯᠦᠭ ᠲᠣᠷ ᠦᠵᠡᠭᠳᠡᠬᠦᠢ᠃ 

– – – –  
①  ᠸᠠᠢ ᠯᠠᠨ ᠬᠡᠮᠡᠭᠴᠢ ᠬᠢᠲᠠᠳ ᠬᠡᠮᠡᠭᠰᠡᠨ ᠬᠠᠭᠤᠴᠢᠨ ᠦᠭᠡ᠂ ᠡᠳᠦᠭᠡ ᠮᠠᠨᠵᠤ ᠪᠠᠷ ᠬᠢᠲᠠᠳ ᠢ᠋ ᠸᠠᠢᠯᠠᠨ ᠬᠡᠮᠡᠮᠦᠢ᠃