ᠳᠠᠷᠤᠤ ᠳᠤᠭᠤᠢ ᠯᠠ ᠠᠮᠢᠳᠤᠷᠠᠬᠤ ᠡᠴᠡ ᠳᠠ – ᠶᠣᠨᠳᠣᠨ ᠤ ᠪᠢᠯᠢᠭ᠌ - ᠪᠠᠭᠠᠲᠤᠷ Даруу дугуй л амьдрахаас та - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠷᠤᠤ ᠳᠤᠭᠤᠢ ᠯᠠ ᠠᠮᠢᠳᠤᠷᠠᠬᠤ ᠡᠴᠡ ᠳᠠ – ᠶᠣᠨᠳᠣᠨ ᠤ ᠪᠢᠯᠢᠭ᠌ - ᠪᠠᠭᠠᠲᠤᠷ Даруу дугуй л амьдрахаас та - Ёндоны Билиг - Баатар

ᠳᠠᠷᠤᠤ ᠳᠤᠭᠤᠢ ᠯᠠ ᠠᠮᠢᠳᠤᠷᠠᠬᠤ ᠡᠴᠡ ᠳᠠ – ᠶᠣᠨᠳᠣᠨ ᠤ ᠪᠢᠯᠢᠭ᠌ - ᠪᠠᠭᠠᠲᠤᠷ Даруу дугуй л амьдрахаас та - Ёндоны Билиг - Баатар

2024-06-02

271

ᠳᠠᠷᠤᠤ ᠳᠤᠭᠤᠢ ᠯᠠ ᠠᠮᠢᠳᠤᠷᠠᠬᠤ ᠡᠴᠡ ᠳᠠ


 ᠵᠢᠷᠠ ᠶ᠋ᠢᠨ ᠬᠥᠲᠥᠯ ᠢ᠋ ᠥᠭᠰᠥᠲᠡᠯ᠎ᠡ ᠪᠡᠨ 
 ᠵᠠᠳᠠᠭᠠᠢ ᠴᠠᠭᠠᠨ ᠰᠠᠯᠬᠢ ᠰᠢᠭ᠋ ᠯᠡ ᠱᠤᠤᠭᠢᠯ᠎ᠠ 
 ᠵᠠᠯᠠᠭᠤ ᠭᠠᠩᠭᠠᠩ ᠨᠠᠰᠤᠨ ᠠ᠋ᠴᠠ ᠠᠪᠤᠭᠠᠳ 
 ᠵᠡᠯᠢᠭᠦᠳ ᠭᠣᠪᠢ ᠶ᠋ᠢᠨ ᠬᠤᠯᠠᠨ ᠳᠠᠭᠢ ᠰᠢᠭ᠋ ᠯᠡ 
 ᠵᠡᠷᠯᠢᠭ ᠣᠮᠣᠭᠯᠠᠩ ᠳᠡᠩᠳᠡᠭᠦᠦ ᠳᠠᠢᠴᠢᠨ ᠯᠠ 
 ᠵᠡᠷᠭᠡᠯᠭᠡᠨ ᠠᠶᠤᠩᠭ᠎ᠠ ᠶ᠋ᠢ ᠵᠠᠢᠳᠠᠯᠠᠯ᠎ᠠ ᠳᠠ 
 ᠠᠷᠢᠶᠠᠪᠠᠯᠤ ᠪᠤᠷᠬᠠᠨ ᠠᠪᠤ ᠡᠵᠢ ᠮᠢᠨᠢ ᠠ᠋ 
 ᠠᠨᠳᠠᠰ ᠨᠥᠬᠥᠳ ᠠᠬᠠᠨ ᠳᠡᠭᠦᠦᠰ ᠮᠢᠨᠢ ᠳᠧ 
 ᠬᠠᠯᠠᠭᠤᠨ ᠴᠠᠭ᠎ᠠ ᠰᠢᠭ᠋ ᠯᠡ ᠬᠥᠭᠡᠰᠦᠷᠡᠯ᠎ᠡ 
 ᠬᠠᠨᠠᠨ ᠬᠠᠯᠢᠯ ᠬᠠᠳᠠᠨ ᠳ᠋ᠤ᠌ ᠴᠤ᠌ ᠬᠥᠯᠪᠥᠷᠢᠯ᠎ᠡ 
 ᠬᠠᠭᠠᠳ ᠪᠠᠶᠠᠳ ᠤ᠋ᠨ ᠤᠷᠢᠳᠠᠭᠤᠷ ᠴᠢᠨᠢ ᠴᠤ᠌ 
 ᠬᠠᠵᠠᠭᠠᠷ ᠢ᠋ᠶ᠋ᠠᠨ ᠰᠤᠯᠠ ᠲᠠᠯᠪᠢᠨ ᠳᠠᠪᠬᠢᠯ᠎ᠠ 
 ᠠᠯᠲᠠᠢ ᠶ᠋ᠢᠨ ᠳᠡᠯᠲᠦ ᠬᠥᠬᠡ ᠴᠢᠨᠣ᠎ᠠ ᠰᠢᠭ᠋ 
 ᠠᠷᠠᠨᠵᠢᠯ ᠨᠠᠷᠠᠨ ᠳᠣᠣᠷ᠎ᠠ ᠭᠠᠯ ᠱᠣᠭᠰᠢᠯ᠎ᠠ 
 ᠠᠶᠤᠵᠤ ᠳᠠᠭᠵᠢᠬᠤ ᠶ᠋ᠢ ᠴᠢᠨᠢ ᠲᠠᠰᠤ ᠴᠡᠭᠡᠷᠯᠡᠨ 
 ᠠᠳᠤᠭᠤᠨ ᠲᠦᠪᠡᠷᠭᠡᠨ ᠢ᠋ ᠴᠤ᠌ ᠬᠣᠢᠪᠢᠲᠠᠯ᠎ᠠ 
 ᠤᠷᠪᠠᠬᠤ ᠰᠢᠷᠪᠠᠯᠵᠠᠬᠤ ᠶ᠋ᠢ ᠦᠵᠡᠨ ᠶᠠᠳᠠᠭᠠᠳ 
 ᠦᠬᠡᠷ ᠫᠤᠤ ᠪᠠᠷ ᠢ᠋ᠶ᠋ᠠᠨ ᠳᠡᠯᠪᠡ ᠬᠠᠷᠪᠤᠯ᠎ᠠ 
 ᠣᠳᠣ ᠪᠣᠯᠤᠭᠰᠠᠨ ᠠ᠋ ᠵᠢᠯᠣᠭᠣ ᠲᠠᠲᠠᠶ᠎ᠠ ⁈
 ᠣᠷᠴᠢᠯᠠᠩ ᠨᠠᠳᠠᠳᠤ ᠳᠣᠬᠢᠶ᠎ᠠ ᠥᠭᠭᠦᠭᠰᠡᠨ 
 ᠬᠣᠷᠸ᠎ᠠ ᠪᠤᠵᠠᠷ ᠬᠣᠭᠣᠰᠣᠨ ᠴᠤ᠌ ᠨᠠᠷᠠ ᠲᠠᠢ 
 ᠬᠣᠵᠢᠮ ᠤ᠋ᠨ ᠲᠥᠯᠥᠭᠡ ᠳᠠᠷᠤᠤᠬᠠᠨ ᠪᠠᠢᠶ᠎ᠠ 
 ᠣᠭᠲᠣᠷ ᠨᠣᠬᠠᠳ ᠲᠤ᠌ ᠰᠢᠨᠵᠢ ᠦᠭᠡᠢ ᠭᠡᠪᠡᠦ 
 ᠣᠩᠭᠣᠳ ᠤ᠋ᠨ ᠰᠡᠷᠡᠮᠵᠢ ᠪᠡᠨ ᠯᠡ ᠴᠢᠩᠨᠠᠶ᠎ᠠ 
 ᠳᠠᠪᠤᠰᠤ ᠤᠰᠤ ᠦᠭᠡᠢ ᠪᠦᠳᠦᠭᠦᠯᠢᠭ ᠠᠬᠤᠢ 
 ᠲᠡᠢᠨ ᠦ᠌ ᠳᠠᠷᠢ ᠬᠡᠦᠷᠰᠢᠭᠰᠡᠨ ᠡᠨᠡ ᠮᠥᠴᠡ 
 ᠳᠠᠯᠠᠪᠴᠢ ᠦᠭᠡᠢ ᠰᠢᠪᠠᠭᠤᠳ ᠲᠠᠢ ᠴᠠᠭ ᠲᠤ᠌ 
 ᠳᠠᠷᠤᠤ ᠳᠤᠭᠤᠢ ᠯᠠ ᠠᠮᠢᠳᠤᠷᠠᠬᠤ ᠠ᠋ᠴᠠ ᠳᠠ 
 ᠭᠡᠷᠡᠯ ᠦ᠋ᠨ ᠶᠣᠨᠳᠣᠨ ᠤ᠋ ᠪᠢᠯᠢᠭ ᠪᠠᠭᠠᠲᠤᠷ ᠠ᠋ 
 ᠭᠡᠭᠡᠷᠡᠯ ᠦ᠋ᠨ ᠳᠠᠷᠳᠠᠩ ᠵᠠᠮ ᠢ᠋ᠶ᠋ᠠᠷ ᠢ᠋ᠶ᠋ᠠᠨ 9 ᠮᠠᠷᠱ 
 ᠲᠡᠷᠰᠡᠭᠦᠳ ᠨᠣᠮᠲᠠᠳ ᠤ᠋ᠨ ᠬᠠᠶᠠᠭᠠᠨ ᠠ᠋ᠴᠠ 
 ᠲᠡᠭᠷᠢ ᠶ᠋ᠢᠨ ᠭᠢᠯᠪᠡᠬᠡᠨ ᠰᠢᠭ ᠭᠢᠯᠠᠰ ᠵᠠᠢᠳᠠ 
 ᠲᠡᠭᠷᠢᠯᠢᠭ ᠵᠠᠶᠠᠭᠠᠨ ᠳ᠋ᠤ᠌ ᠴᠢᠨᠢ ᠬᠠᠷᠰᠢ ᠲᠠᠢ 
 ᠲᠡᠮᠦᠵᠢᠨ ᠡᠪᠦᠭᠡ ᠲᠠᠨᠢ ᠵᠠᠩᠳᠤᠷᠴᠤ ᠪᠣᠢ ᠳᠠ 
 ᠲᠠᠨ ᠤ᠋ ᠲᠤᠶᠠᠭᠠᠲᠤ ᠣᠷᠭᠢᠯ ᠤ᠋ᠨ ᠳᠡᠷᠭᠡᠳᠡ 
 ᠲᠡᠳᠡᠨᠦᠰ ᠦ᠋ᠨ ᠲᠠᠪᠢᠯᠠᠩ ᠴᠠᠪᠠᠲᠠᠢ ᠱᠠᠭᠠᠵᠠᠩ᠃ 
 ᠠᠷᠢᠬᠢ ᠭᠡᠳᠡᠭ ᠠᠨᠤ ᠠᠮᠠ ᠪᠠᠷ ᠣᠷᠣᠭᠠᠳ 
 ᠠᠮᠢ ᠪᠠᠷ ᠭᠠᠷᠳᠠᠭ ᠱᠤᠯᠤᠮ ᠶᠤᠮ ᠰᠢᠦ ᠭᠡᠰᠡᠨ 
 ᠪᠢᠮᠪᠠ ᠶ᠋ᠢᠨ ᠷᠢᠨᠴᠢᠨ ᠦ᠌ ᠠᠯᠲᠠᠨ ᠰᠤᠷᠭᠠᠯ ᠢ᠋ 
 ᠪᠢᠯᠢᠭᠦᠨ ᠤᠬᠠᠭᠠᠨ ᠳ᠋ᠠᠭᠠᠨ ᠮᠥᠩᠬᠡ ᠰᠠᠨᠠ 
 ᠪᠢᠴᠢᠭ ᠰᠢᠯᠦᠭ ᠬᠦᠯᠦᠭ ᠲᠠᠢ ᠪᠠᠨ ᠯᠠ 
 ᠪᠢᠷ ᠦᠰᠦᠭ ᠦᠵᠦᠭ ᠲᠠᠢ ᠪᠠᠨ ᠯᠠ 
 ᠪᠢᠨᠳᠡᠷᠢᠶᠠᠨ ᠣᠭᠲᠠᠷᠭᠤᠢ ᠳᠣᠣᠷ᠎ᠠ ᠵᠠᠭᠤᠷᠠ 
 ᠪᠢᠲᠡᠭᠡᠢ ᠮᠠᠭᠤᠰᠠᠢᠨ ᠵᠦᠢᠯᠡᠰ ᠲᠡᠢ ᠣᠢᠷᠠᠳᠠ 
 ᠪᠡᠶ᠎ᠡ ᠪᠠᠭᠠᠲᠤᠷ ᠶᠡᠷᠦᠨᠢ ᠪᠢᠰᠢ ᠰᠢᠦ ᠲᠠ 
 ᠪᠢᠯᠢᠭ ᠪᠠᠭᠠᠲᠤᠷ ᠭᠡᠳᠡᠭ ᠢ᠋ᠶ᠋ᠡᠨ ᠯᠡ ᠪᠣᠳᠣ᠃ 
 ᠥᠷᠥᠭᠡᠯ ᠢ᠋ ᠥᠭᠡᠷᠡᠴᠢᠯᠡᠬᠦ ᠭᠡᠵᠦ ᠪᠤᠤ ᠭᠣᠷᠢᠳᠠ 
 ᠥᠪᠡᠷ ᠪᠢ ᠵᠦᠭ ᠢ᠋ᠶ᠋ᠡᠨ ᠯᠡ ᠰᠠᠢᠨ ᠬᠠᠷᠠ 
 ᠮᠠᠨ ᠤ᠋ ᠡᠷᠢᠨ ᠳ᠋ᠦ᠍ ᠭᠠᠭᠴᠠ ᠦᠨᠡᠨ ᠨᠢ ᠪᠣᠯ 
 ᠮᠠᠭᠠᠳ ᠮᠡᠬᠡᠯᠡᠯ ᠯᠡ ᠶᠦᠮ ᠭᠡᠳᠡᠭ ᠢ᠋ ᠰᠡᠳᠬᠢ 
 ᠦᠨᠳᠦᠰᠦ ᠦᠷᠡᠰ ᠠᠴᠢᠨᠠᠷ ᠢ᠋ᠶ᠋ᠠᠨ ᠯᠠ ᠡᠨᠡᠷᠢ 
 ᠦᠨᠡᠨᠳᠡᠭᠡᠨ ᠪᠤᠰᠤᠳ ᠶᠠᠭᠤᠮᠠᠰ ᠪᠠᠳ ᠦᠭᠡᠢ 
 ᠡᠴᠦᠨᠡᠨ ᠣᠨ ᠨᠠᠢᠷᠠᠭᠴᠢ ᠶᠠᠪᠤᠲᠠᠯ᠎ᠠ ᠪᠠᠨ 
 ᠡᠨᠡᠬᠡᠨ ᠵᠢᠩᠬᠢᠨᠢ ᠵᠢᠮ᠎ᠡ ᠶ᠋ᠢ ᠰᠠᠶᠢ ᠮᠠᠲᠠᠪᠠᠤ 
 ᠭᠡᠭᠡᠨ ᠬᠠᠭᠠᠨ ᠲᠣᠭᠣᠭᠠᠨ ᠲᠡᠮᠦᠷ ᠦ᠋ᠨ ᠢ᠋ᠶ᠋ᠡᠨ 
 ᠭᠡᠮᠰᠢᠯ ᠰᠢᠯᠦᠭ ᠢ᠋ ᠡᠳᠦᠷ ᠡᠳᠦᠷ ᠤᠩᠰᠢ ⁈  

           2024᠂ 4᠂ 24᠃   4 ᠴᠠᠭ46 ᠮᠢᠨᠦ᠋ᠲ᠃  

                   ᠬᠥᠳᠡᠭᠡ ᠴᠡᠴᠡᠷᠯᠢᠭ ᠦ᠋ᠨ ᠰᠢᠯᠦᠭ ᠪᠢᠴᠢᠳᠡᠭ 
                   ᠰᠢᠷᠭᠠᠯ ᠬᠠᠳᠠᠨ ᠳᠡᠭᠡᠷ᠎ᠡ ᠪᠡᠨ 
                   ᠬᠥᠬᠡᠬᠣᠲᠠᠨ᠎ᠠ ᠪᠢᠰᠢᠯᠭᠠᠨ ᠪᠦᠲᠦᠭᠡᠪᠡᠢ᠃