ᠠᠯᠲᠠᠩᠬᠠᠨ ᠵᠠᠢ ᠳᠤ ᠯᠠ – ᠶᠣᠨᠳᠣᠨ ᠤ ᠪᠢᠯᠢᠭ᠌ - ᠪᠠᠭᠠᠲᠤᠷ Алтанхан зайд л - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠲᠠᠩᠬᠠᠨ ᠵᠠᠢ ᠳᠤ ᠯᠠ – ᠶᠣᠨᠳᠣᠨ ᠤ ᠪᠢᠯᠢᠭ᠌ - ᠪᠠᠭᠠᠲᠤᠷ Алтанхан зайд л - Ёндоны Билиг - Баатар

ᠠᠯᠲᠠᠩᠬᠠᠨ ᠵᠠᠢ ᠳᠤ ᠯᠠ – ᠶᠣᠨᠳᠣᠨ ᠤ ᠪᠢᠯᠢᠭ᠌ - ᠪᠠᠭᠠᠲᠤᠷ Алтанхан зайд л - Ёндоны Билиг - Баатар

2024-06-01

237

ᠠᠯᠲᠠᠩᠬᠠᠨ ᠵᠠᠢ ᠳᠤ ᠯᠠ


 ᠡᠴᠢᠭᠡ ᠡᠬᠡ ᠶ᠋ᠢᠨ ᠠᠯᠳᠠᠩᠬᠠᠨ ᠭᠠᠯ ᠵᠠᠢ 
 ᠴᠠᠢ ᠰᠦᠨ ᠮᠡᠲᠦ ᠲᠤᠨᠤᠨ ᠬᠠᠢᠯᠬᠤ ᠪᠠᠷ 
 ᠡᠷᠳᠡᠨᠢᠲᠦ ᠠᠮᠢ ᠪᠡᠶ᠎ᠡ ᠰᠦᠨᠡᠰᠦ ᠪᠦᠲᠦᠨ᠎ᠡ 
 ᠬᠠᠪᠤᠷ ᠤ᠋ᠨ ᠬᠤᠷ᠎ᠠ ᠪᠠᠷ ᠨᠠᠮᠤᠷ ᠤ᠋ᠨ ᠴᠡᠴᠡᠭ 
 ᠦᠷ᠎ᠡ ᠶ᠋ᠢᠨ ᠪᠤᠶᠠᠨ ᠵᠠᠶᠠᠭ᠎ᠠ ᠬᠤᠷᠤᠢᠯᠠᠨ 
 ᠬᠠᠨ ᠲᠡᠭᠷᠢ ᠬᠠᠲᠤᠨ ᠳᠡᠯᠡᠬᠡᠢ ᠶ᠋ᠢ ᠢᠪᠡᠭᠡᠬᠦᠢ 
 ᠠᠶᠠᠰ ᠤ᠋ᠨ ᠨᠠᠢᠷᠠᠮᠳᠠᠭᠤ ᠪᠦᠯᠢᠶᠡᠨ ᠰᠠᠯᠬᠢ ᠪᠠᠷ 
 ᠠᠭᠠᠷ ᠤ᠋ᠨ ᠨᠣᠢ ᠠᠮᠢᠰᠬᠤᠭ᠎ᠠ ᠠᠢᠷᠠᠭᠰᠢᠨ 
 ᠠᠯᠳᠠᠩᠬᠠᠨ ᠵᠠᠢ ᠠ᠋ᠴᠠ ᠯᠠ ᠭᠤᠸ᠎ᠠ ᠡᠭᠦᠰᠬᠦᠢ 
 ᠴᠡᠴᠡᠭᠡᠰ ᠦ᠋ᠨ ᠲᠣᠷᠭᠠᠨ ᠤᠷᠤᠭᠤᠯ ᠦᠨᠦᠰᠬᠦᠢ 
 ᠴᠡᠩᠬᠡᠷ ᠶᠠᠭᠠᠨ ᠡᠷᠪᠡᠬᠡᠢ ᠬᠦᠰᠡᠯ ᠲᠠᠴᠢᠶᠠᠩᠭᠤᠢ 
 ᠴᠡᠯᠮᠡᠭ ᠣᠭᠲᠠᠷᠭᠤᠢ ᠪᠦᠷ ᠴᠤ᠌ ᠠᠮᠤᠷᠯᠢᠩᠭᠤᠢ 
 ᠲᠡᠮᠡᠭᠡᠨ ᠵᠡᠷᠭᠡᠯᠭᠡᠨ ᠳ᠋ᠦ᠍ ᠬᠤᠯᠠᠨ ᠤᠷᠤᠰᠬᠤᠢ 
 ᠳᠠᠩᠰᠠᠨ ᠲᠠᠰᠢᠭᠤᠷᠳᠠᠨ ᠬᠣᠯᠠ ᠰᠤᠮᠤᠳᠠᠬᠤᠢ 
 ᠲᠡᠭᠦᠨ ᠦ᠌ ᠳᠤᠮᠳᠠᠭᠤᠷ ᠰᠣᠯᠣᠩᠭ᠎ᠠ ᠨᠣᠮᠯᠠᠬᠤᠢ 
 ᠳᠠᠯᠠᠨ ᠬᠠᠷ᠎ᠠ ᠶ᠋ᠢᠨ ᠬᠦᠷᠡᠩ ᠪᠦᠷᠭᠦᠳ 
 ᠳᠠᠯᠠᠢ ᠶ᠋ᠢᠨ ᠬᠠᠯᠢᠮᠤ ᠰᠢᠭ᠋ ᠳᠤᠭᠰᠢᠨ ᠰᠡᠯᠢᠭᠡᠳ 
 ᠳᠠᠶᠠᠩ ᠳᠠᠶᠠᠭᠠᠷ ᠢ᠋ᠶ᠋ᠠᠨ ᠮᠠᠰᠢᠳᠠ ᠱᠠᠭᠰᠢᠬᠤᠢ 
 ᠠᠶ᠎ᠠ᠂ ᠠᠮᠢ ᠨᠠᠰᠤᠨ ᠶᠠᠭᠤᠲᠠᠢ ᠰᠠᠢᠬᠠᠨ 
 ᠠᠪᠤ ᠡᠵᠢ ᠬᠡᠮᠡᠬᠦᠢ ᠤᠬᠠᠭᠠᠨ ᠶᠠᠭᠤᠲᠠᠢ ᠭᠦᠨ 
 ᠮᠠᠭᠤ ᠬᠦᠦ ᠴᠢᠨᠢ ᠮᠢᠩᠭ᠎ᠠ ᠮᠢᠩᠭᠠᠨ ᠵᠢᠯ 
 ᠮᠣᠩᠭᠣᠯ ᠤ᠋ᠨ ᠢ᠋ᠶ᠋ᠠᠨ ᠲᠥᠯᠥᠭᠡ ᠠᠮᠢᠳᠤᠷᠠᠨᠠᠮ 
 ᠮᠣᠩᠭᠣᠯ ᠤ᠋ᠨ ᠰᠣᠶᠣᠯ ᠰᠠᠶ᠎ᠠ ᠵᠢᠸ᠎ᠠ ᠵᠢᠯ 
 ᠮᠥᠩᠬᠡ ᠣᠷᠴᠢᠯᠠᠩ ᠢ᠋ᠶ᠋ᠠᠷ ᠯᠠ ᠰᠠᠴᠤᠷᠠᠨᠠᠮ 

            2024᠂ 4᠂ 27᠃  ᠦᠳᠡ ᠳ᠋ᠦ᠍᠃  

          ᠬᠥᠬᠡᠬᠣᠲᠠᠨ᠎ᠠ ᠬᠢᠴᠢᠶᠡᠩᠭᠦᠢ ᠪᠦᠲᠦᠭᠡᠪᠡᠢ᠃