ᠮᠣᠩᠭᠣᠯ ᠰᠣᠶᠣᠯ ᠢ᠋ᠶ᠋ᠠᠨ ᠬᠠᠢᠷᠠᠯᠠᠬᠤ ᠳ᠋ᠤ᠌- ᠭ· ᠴᠢᠩᠪᠠᠭᠠᠲᠤᠷМонгол соёлоо хайрлахад-Г·Чинбаатар
ᠭ· ᠴᠢᠩᠪᠠᠭᠠᠲᠤᠷ
ᠠᠯᠢ ᠴᠤ᠌ ᠦᠨᠳᠦᠰᠦᠲᠡᠨ ᠦ᠌ ᠬᠥᠮᠦᠨ ᠥᠪᠡᠷ ᠦ᠋ᠨ ᠰᠣᠶᠣᠯ ᠲᠡᠦᠬᠡᠨ ᠳ᠋ᠡᠭᠡᠨ ᠬᠠᠢᠷᠠᠲᠠᠢ᠃ ᠰᠣᠶᠣᠯ ᠳ᠋ᠠᠭᠠᠨ ᠬᠠᠢᠷ᠎ᠠ ᠦᠭᠡᠢ ᠦᠨᠳᠦᠰᠦᠲᠡᠨ ᠪᠣᠯ ᠢᠷᠡᠭᠡᠳᠦᠢ ᠶ᠋ᠢᠨ ᠡᠷᠡᠮᠡᠯᠵᠡᠯ ᠦᠭᠡᠢ ᠦᠨᠳᠦᠰᠦᠲᠡᠨ ᠭᠡᠳᠡᠭ ᠢ᠋ ᠮᠡᠳᠡᠳᠡᠭ ᠪᠣᠯᠬᠣᠷ ᠢ᠋ᠶ᠋ᠠᠨ ᠲᠡᠷᠡ! ᠪᠢᠳᠡ ᠴᠤ᠌ ᠥᠪᠡᠷ ᠦ᠋ᠨ ᠮᠣᠩᠭᠣᠯ ᠰᠣᠶᠣᠯ ᠳ᠋ᠠᠭᠠᠨ ᠬᠠᠢᠷᠠᠲᠠᠢ᠃ ᠠᠮᠢᠳᠤ ᠶᠠᠪᠤᠭ᠎ᠠ ᠶ᠋ᠢᠨ ᠮᠠᠨᠢ ᠬᠠᠮᠤᠭ ᠤ᠋ᠨ ᠶᠡᠬᠡ ᠤᠳᠬ᠎ᠠ ᠠᠭᠤᠯᠭ᠎ᠠ ᠪᠣᠯ ᠰᠣᠶᠣᠯ ᠢ᠋ᠶ᠋ᠠᠨ ᠬᠠᠢᠷᠠᠯᠠᠬᠤ᠂
ᠰᠣᠶᠣᠯ ᠤ᠋ᠨ ᠲᠤᠯᠭ᠎ᠠ ᠳ᠋ᠠᠭᠠᠨ ᠭᠠᠯ ᠨᠡᠮᠡᠬᠦ ᠶᠠᠪᠤᠳᠠᠯ ᠭᠡᠵᠦ ᠣᠢᠯᠠᠭᠠᠬᠤ ᠳ᠋ᠤ᠌ ᠢᠯᠡᠭᠦᠳᠡᠬᠦ ᠦᠭᠡᠢ᠃ ᠭᠡᠪᠡᠴᠦ《ᠰᠣᠶᠣᠯ》 ᠭᠡᠳ ᠶᠠᠷᠢᠬᠤ ᠳ᠋ᠤ᠌ ᠰᠣᠶᠣᠯ ᠭᠡᠳᠡᠭ ᠴᠢᠨᠢ ᠴᠣᠬᠣᠮ ᠶᠠᠭᠤ ᠪᠢᠯᠡ? ᠶᠠᠭᠤ ᠶ᠋ᠢ ᠨᠢ ᠶᠠᠭᠠᠬᠢᠵᠤ ᠬᠠᠢᠷᠠᠯᠠᠬᠤ ᠪᠢᠯᠡ? ᠶᠠᠭᠠᠬᠢᠵᠤ ᠬᠠᠢᠷᠠᠯᠠᠪᠠᠯ ᠬᠠᠢᠷᠠᠯᠠᠭᠰᠠᠨ ᠳ᠋ᠤ᠌ ᠲᠣᠭᠠᠴᠠᠭᠳᠠᠬᠤ ᠪᠢᠯᠡ? ᠭᠡᠳᠡᠭ ᠰᠢᠨᠠᠯᠭᠠᠯ ᠲᠠᠢ ᠠᠰᠠᠭᠤᠳᠠᠯ ᠲᠤᠯᠭᠠᠷᠠᠨ᠎ᠠ᠃《ᠰᠣᠶᠣᠯ》 ᠭᠡᠳᠡᠭ ᠤᠬᠠᠭᠳᠠᠬᠤᠨ ᠦᠨᠡᠬᠡᠷ ᠦ᠋ᠨ ᠬᠡᠢᠰᠪᠦᠷᠢ ᠤᠬᠠᠭᠳᠠᠬᠤᠨ ᠪᠣᠯᠬᠣᠷ ᠢ᠋ᠶ᠋ᠠᠨ ᠡᠢᠮᠦ ᠪᠤᠳᠤᠯᠢᠭᠤᠯᠤᠭᠰᠠᠨ ᠠᠰᠠᠭᠤᠳᠠᠯ ᠢ᠋ ᠠᠪᠴᠢᠷᠠᠵᠤ ᠪᠣᠢ ᠶᠤᠮ᠃ ᠲᠡᠭᠡᠭᠡᠳ ᠯᠡ《ᠮᠣᠩᠭᠣᠯ ᠰᠣᠶᠣᠯ ᠳ᠋ᠠᠭᠠᠨ ᠬᠠᠢᠷᠠᠲᠠᠢ᠃ ᠬᠥᠮᠦᠨ》 ᠭᠡᠳᠡᠭ ᠨᠢ ᠰᠣᠶᠣᠯ ᠤ᠋ᠨ ᠪᠠᠢᠭᠤᠯᠭ᠎ᠠ ᠳ᠋ᠤ᠌ ᠠᠵᠢᠯᠯᠠᠳᠠᠭ᠂ ᠨᠣᠮ ᠪᠢᠴᠢᠭ ᠬᠡᠪᠯᠡᠭᠦᠯᠦᠭᠰᠡᠨ᠂ ᠡᠷᠳᠡᠮᠲᠡᠨ ᠪᠢᠰᠢ ᠪᠣᠯ ᠵᠣᠬᠢᠶᠠᠯᠴᠢ᠂ ᠫᠷᠣᠹᠧᠰᠰᠣᠷ ᠪᠢᠰᠢ ᠪᠣᠯ ᠳ᠋ᠣᠺᠲ᠋ᠣᠷ ᠯᠠ ᠬᠥᠮᠦᠨ ᠪᠠᠢᠵᠤ ᠲᠠᠭᠠᠷᠠᠨ᠎ᠠ ᠭᠡᠰᠡᠨ ᠪᠣᠯᠬᠢ ᠣᠢᠯᠠᠭᠠᠯᠲᠠ ᠭᠠᠵᠠᠷ ᠠᠪᠴᠤ᠂ ᠲᠡᠳᠡ ᠯᠠ ᠰᠣᠶᠣᠯ ᠢ᠋ᠶ᠋ᠠᠨ ᠬᠠᠢᠷᠠᠯᠠᠵᠤ ᠴᠢᠳᠠᠳᠠᠭ᠂ ᠲᠡᠳᠡ ᠯᠠ ᠰᠣᠶᠣᠯ ᠳ᠋ᠠᠭᠠᠨ ᠭᠠᠪᠢᠶ᠎ᠠ ᠵᠢᠳᠬᠦᠯ ᠲᠡᠢ ᠬᠥᠮᠦᠰ ᠶᠦᠮ ᠰᠢᠭ ᠡᠨᠳᠡᠭᠦᠷᠡᠳᠡᠳᠡᠭ ᠪᠣᠯᠤᠭᠰᠠᠨ ᠶᠤᠮ᠃ ᠭᠡᠪᠡᠴᠦ ᠬᠥᠮᠦᠨ ᠪᠣᠯᠭᠠᠨ ᠫᠷᠣᠹᠧᠰᠰᠣᠷ ᠳ᠋ᠣᠺᠲ᠋ᠣᠷ ᠨᠢ ᠪᠢᠰᠢ ᠪᠣᠯᠬᠣᠷ ᠬᠠᠢᠷᠠᠲᠠᠢ ᠰᠣᠶᠣᠯ ᠤ᠋ᠨ ᠢ᠋ᠶ᠋ᠠᠨ ᠲᠥᠯᠥᠭᠡ ᠬᠠᠢᠷ᠎ᠠ ᠪᠠᠨ ᠵᠣᠷᠢᠭᠤᠯᠵᠤ ᠴᠢᠳᠠᠬᠤ ᠦᠭᠡᠢ ᠪᠠᠢᠭ᠎ᠠ ᠶᠤᠮ ᠰᠢᠭ᠋ ᠰᠢᠨᠠᠯᠳᠠᠭ᠃ ᠦᠨᠡᠨ ᠳ᠋ᠡᠭᠡᠨ ᠲᠡᠢᠮᠦ ᠪᠢᠰᠢ ᠯᠡ ᠳᠡ᠃ ᠪᠢᠳᠡ ᠴᠦ᠍ ᠠᠳᠠᠯᠢᠬᠠᠨ ᠴᠢᠩ ᠬᠠᠢᠷ᠎ᠠ ᠪᠠᠨ ᠵᠣᠷᠢᠭᠤᠯᠵᠤ᠂ ᠦᠨᠡᠨᠴᠢ ᠵᠢᠳᠬᠦᠯ ᠢ᠋ᠶ᠋ᠡᠨ ᠨᠡᠮᠡᠷᠢᠯᠡᠬᠦ ᠪᠣᠯᠤᠮᠵᠢ ᠵᠥᠩᠳᠡᠭᠡᠨ ᠪᠣᠢ᠃ ᠥᠴᠦᠬᠡᠨ ᠶᠠᠭᠤᠮᠠᠨ ᠠ᠋ᠴᠠ ᠡᠬᠢᠯᠡᠭᠡᠳ ᠠᠩᠬᠠᠷᠴᠤ ᠵᠢᠷᠤᠮᠯᠠᠬᠤ ᠳ᠋ᠤ᠌ ᠯᠠ ᠰᠣᠶᠣᠯ ᠳ᠋ᠠᠭᠠᠨ ᠢᠪᠢᠯᠦᠭᠰᠡᠨ ᠬᠠᠢᠷ᠎ᠠ ᠮᠠᠨᠢ ᠪᠡᠶᠡᠯᠡᠯ ᠢ᠋ᠶ᠋ᠡᠨ ᠣᠯᠵᠤ ᠴᠢᠳᠠᠨ᠎ᠠ᠃ ᠡᠭᠦᠨ ᠢ᠋ ᠤᠬᠠᠭᠠᠷᠠᠭᠰᠠᠨ ᠴᠠᠭ ᠲᠤ᠌ ᠦᠨᠳᠦᠰᠦᠲᠡᠨ ᠦ᠌ ᠢᠷᠭᠡᠨ ᠪᠣᠯᠭᠠᠨ ᠡᠬᠡ ᠰᠣᠶᠣᠯ ᠳ᠋ᠠᠭᠠᠨ ᠬᠠᠷᠢᠭᠤᠴᠠᠯᠭ᠎ᠠ ᠪᠠᠨ ᠭᠦᠢᠴᠡᠳᠬᠡᠵᠦ᠂ ᠣᠪᠣᠭᠠᠨ ᠳ᠋ᠤᠨᠢ ᠴᠢᠯᠠᠭᠤ ᠨᠡᠮᠡᠵᠦ᠂ ᠲᠤᠯᠭ᠎ᠠ ᠳ᠋ᠤᠨᠢ ᠭᠠᠯ ᠥᠷᠳᠡᠵᠦ ᠴᠢᠳᠠᠨ᠎ᠠ᠃
ᠮᠣᠩᠭᠣᠯ ᠨᠣᠮ ᠰᠡᠳᠬᠦᠯ ᠢ᠋ᠶ᠋ᠡᠨ ᠪᠠᠢᠩᠭᠤ ᠤᠩᠰᠢᠵᠤ ᠪᠠᠢᠶ᠎ᠠ᠃ ᠬᠡᠦᠬᠡᠳ ᠢ᠋ᠶ᠋ᠡᠨ ᠮᠣᠩᠭᠣᠯ ᠴᠡᠴᠡᠷᠯᠢᠭ᠂ ᠮᠣᠩᠭᠣᠯ ᠰᠤᠷᠭᠠᠭᠤᠯᠢ ᠳ᠋ᠤᠨᠢ ᠰᠤᠷᠤᠯᠴᠠᠭᠤᠯᠤᠶ᠎ᠠ᠃ ᠬᠡᠦᠬᠡᠳ ᠲᠡᠭᠡᠨ ᠮᠣᠩᠭᠣᠯ ᠲᠡᠦᠬᠡ ᠰᠣᠶᠣᠯ ᠤ᠋ᠨ ᠲᠤᠬᠠᠢ ᠪᠠᠢᠩᠭᠤ ᠶᠠᠷᠢᠵᠤ ᠰᠣᠨᠣᠰᠬᠠᠵᠤ᠂ ᠬᠡᠦᠬᠡᠳ ᠲᠡᠢ ᠪᠡᠨ ᠮᠣᠩᠭᠣᠯ ᠢ᠋ᠶ᠋ᠠᠷ ᠢ᠋ᠶ᠋ᠠᠨ ᠬᠡᠯᠡᠯᠴᠡᠵᠦ ᠪᠠᠢᠶ᠎ᠠ᠃ ᠳᠡᠭᠡᠳᠦ ᠡᠴᠡ ᠤᠯᠠᠮᠵᠢᠯᠠᠭᠰᠠᠨ ᠵᠠᠩ ᠦᠢᠯᠡ ᠪᠡᠨ ᠵᠢᠷᠤᠮᠯᠠᠵᠤ ᠪᠠᠢᠶ᠎ᠠ᠃ ᠠᠵᠢᠯ ᠠᠮᠢᠳᠤᠷᠠᠯ ᠳ᠋ᠠᠭᠠᠨ ᠮᠣᠩᠭᠣᠯ ᠬᠡᠯᠡ ᠪᠢᠴᠢᠭ ᠢ᠋ᠶ᠋ᠡᠨ ᠬᠦᠨᠳᠦᠳᠬᠡᠨ ᠬᠡᠷᠡᠭᠯᠡᠵᠦ ᠪᠠᠢᠶ᠎ᠠ᠃ ᠬᠣᠭᠣᠷᠣᠨᠳᠣ ᠪᠠᠨ ᠮᠣᠩᠭᠣᠯ ᠢ᠋ᠶ᠋ᠠᠷ ᠢ᠋ᠶ᠋ᠠᠨ ᠰᠠᠨᠠᠭ᠎ᠠ ᠪᠣᠳᠣᠯ ᠢ᠋ᠶ᠋ᠠᠨ ᠰᠣᠯᠢᠯᠴᠠᠵᠤ ᠪᠠᠢᠶ᠎ᠠ᠃ ᠮᠣᠩᠭᠣᠯ ᠣᠪᠣᠭ ᠢ᠋ᠶ᠋ᠠᠨ ᠰᠡᠷᠭᠦᠭᠡᠵᠦ ᠬᠡᠷᠡᠭᠯᠡᠶ᠎ᠡ᠃ ᠬᠡᠦᠬᠡᠳ ᠲᠡᠭᠡᠨ ᠰᠠᠢᠬᠠᠨ ᠮᠣᠩᠭᠣᠯ ᠨᠡᠷ᠎ᠡ ᠥᠭᠭᠦᠶ᠎ᠡ᠃ ᠮᠣᠩᠭᠣᠯ ᠠᠢᠯ ᠭᠡᠷ ᠦ᠋ᠨ ᠡᠷᠬᠢᠮ ᠰᠠᠢᠬᠠᠨ ᠤᠯᠠᠮᠵᠢᠯᠠᠯ ᠢ᠋ᠶ᠋ᠠᠨ ᠬᠠᠳᠠᠭᠠᠯᠠᠵᠤ ᠶᠠᠪᠤᠶ᠎ᠠ᠃ ᠪᠣᠯᠤᠮᠵᠢ ᠶ᠋ᠢᠨ ᠪᠠᠢᠳᠠᠯ ᠳ᠋ᠤ᠌ ᠡᠵᠡᠨ ᠴᠢᠩᠭᠢᠰ ᠦ᠋ᠨ ᠨᠠᠢ᠍ᠮᠠᠨ ᠴᠠᠭᠠᠨ ᠭᠡᠷ ( ᠴᠢᠩᠭᠢᠰ ᠦ᠋ᠨ ᠣᠩᠭᠣᠨ) ᠲᠤ᠌ ᠪᠠᠷᠠᠳᠠᠨ ᠮᠥᠷᠭᠥᠵᠦ᠂ ᠢᠷᠦᠭᠡᠯ ᠠᠪᠴᠤ ᠪᠠᠢᠶ᠎ᠠ᠃ ᠭᠠᠯ ᠢ᠋ᠶ᠋ᠠᠨ ᠳᠠᠬᠢᠵᠤ᠂ ᠪᠢᠲᠡᠭᠦᠯᠡᠵᠦ ᠰᠢᠨᠡᠯᠡᠬᠦ ᠶᠣᠰᠣ ᠵᠠᠩᠰᠢᠯ ᠢ᠋ᠶ᠋ᠠᠨ ᠪᠠᠷᠢᠮᠲᠠᠯᠠᠶ᠎ᠠ᠃ ᠡᠪᠦᠭᠡᠳ ᠦ᠋ᠨ ᠦᠭᠡ ᠶ᠋ᠢ ᠢᠯᠡᠭᠦᠬᠡᠨ ᠰᠣᠨᠣᠰᠤᠶ᠎ᠠ᠃ ᠮᠣᠩᠭᠣᠯ ᠬᠥᠮᠦᠨ ᠦ᠌ ᠡᠵᠡᠩᠨᠡᠵᠦ ᠪᠣᠢ ᠳᠡᠯᠭᠡᠭᠦᠷ ᠬᠤᠳᠠᠯᠳᠤᠭ᠎ᠠ ᠠ᠋ᠴᠠ ᠡᠳ᠋ ᠪᠠᠷᠠᠭ᠎ᠠ ᠠᠪᠴᠤ ᠪᠠᠢᠶ᠎ᠠ᠃ ᠮᠣᠩᠭᠣᠯ ᠬᠥᠮᠦᠨ ᠲᠡᠢ ᠪᠡᠨ ᠠᠢᠯ ᠭᠡᠷ ᠪᠣᠯᠤᠯᠴᠠᠶ᠎ᠠ᠃ ᠪᠣᠯᠤᠮᠵᠢ ᠶ᠋ᠢᠨ ᠳᠣᠲᠣᠷ᠎ᠠ ᠬᠣᠶᠠᠷ ᠭᠤᠷᠪᠠᠨ ᠬᠡᠦᠬᠡᠳ ᠠᠪᠤᠶ᠎ᠠ᠃ ᠬᠥᠳᠡᠭᠡ ᠣᠷᠣᠨ ᠨᠤᠲᠤᠭ ᠢ᠋ᠶ᠋ᠠᠷ ᠢ᠋ᠶ᠋ᠠᠨ ᠪᠠᠢᠩᠭᠤ ᠶᠠᠪᠤᠵᠤ ᠪᠠᠢᠶ᠎ᠠ᠃ ᠭᠠᠴᠢᠭᠳᠠᠵᠤ ᠲᠦᠪᠡᠭᠳᠡᠭᠰᠡᠨ ᠨᠢᠭᠡᠨ ᠢ᠋ᠶ᠋ᠡᠨ ᠬᠠᠷᠠᠭᠠᠯᠵᠠᠵᠤ ᠳᠡᠮᠵᠢᠵᠦ ᠶᠠᠪᠤᠶ᠎ᠠ᠃ ᠮᠣᠩᠭᠣᠯ ᠢᠳᠡᠭᠡᠨ ᠤᠮᠳᠠᠭᠠᠨ᠂ ᠬᠤᠪᠴᠠᠰᠤ ᠬᠤᠨᠠᠷ ᠢ᠋ᠶ᠋ᠠᠨ ᠡᠳ᠋ᠯᠡᠶ᠎ᠡ᠃ ᠮᠣᠩᠭᠣᠯ ᠠᠢᠯ ᠭᠡᠷ ᠦ᠋ᠨ ᠰᠤᠷᠭᠠᠯ ᠢ᠋ᠶ᠋ᠠᠷ ᠬᠡᠦᠬᠡᠳ ᠳᠡᠭᠦᠦ ᠨᠠᠷ ᠢ᠋ᠶ᠋ᠠᠨ ᠬᠥᠮᠦᠵᠢᠭᠦᠯᠦᠶ᠎ᠡ᠃ ᠠᠷᠢᠬᠢ ᠲᠠᠮᠠᠬᠢᠨ ᠠ᠋ᠴᠠ ᠬᠣᠯᠠᠳᠠᠵᠤ ᠴᠡᠪᠡᠷ ᠰᠠᠢᠬᠠᠨ ᠶᠠᠪᠤᠶ᠎ᠠ᠁ ᠢᠩᠭᠢᠵᠦ ᠶᠠᠪᠤᠬᠤ ᠳ᠋ᠤ᠌ ᠯᠠ ᠪᠢᠳᠡ ᠮᠣᠩᠭᠣᠯ ᠰᠣᠶᠣᠯ ᠢ᠋ᠶ᠋ᠠᠨ ᠬᠠᠢᠷᠠᠯᠠᠬᠤ᠂ ᠮᠣᠩᠭᠣᠯ ᠰᠣᠶᠣᠯ ᠳ᠋ᠠᠭᠠᠨ ᠬᠠᠷᠢᠭᠤᠴᠠᠯᠭ᠎ᠠ ᠲᠠᠢ ᠠᠵᠢᠯ ᠢ᠋ᠶ᠋ᠠᠨ ᠬᠢᠴᠢᠬᠡᠵᠦ ᠴᠢᠳᠠᠨ᠎ᠠ ᠰᠢᠦ ᠳᠡ! ᠡᠭᠦᠨ ᠰᠢᠭ ᠡᠭᠡᠯ ᠪᠣᠷᠣᠭᠵᠢᠭᠤᠨ ᠠᠲᠠᠯ᠎ᠠ ᠪᠠᠨ ᠡᠨᠡ ᠴᠠᠭ ᠦᠶ᠎ᠡ ᠳ᠋ᠦ᠍ ᠬᠠᠮᠤᠭ ᠤ᠋ᠨ ᠴᠢᠬᠤᠯᠠ ᠲᠠᠢ ᠪᠠᠢᠭ᠎ᠠ《ᠰᠣᠶᠣᠯ ᠳ᠋ᠠᠭᠠᠨ ᠢᠪᠢᠯᠭᠡᠭᠰᠡᠨ ᠬᠠᠢᠷ᠎ᠠ》 ᠲᠠᠢ ᠭᠡᠵᠦ ᠪᠠᠷᠳᠠᠮ ᠬᠡᠯᠡᠬᠦ ᠳ᠋ᠦ᠍ ᠪᠤᠷᠤᠭᠤᠳᠬᠤ ᠦᠭᠡᠢ᠃
ᠮᠠᠰᠢ ᠶᠠᠯᠢᠮ ᠦᠭᠡᠢ ᠰᠢᠭ ᠮᠥᠷᠳᠡᠯ᠎ᠡ ᠪᠡᠨ ᠮᠠᠰᠢ ᠪᠣᠳᠠᠲᠠᠢ ᠠᠴᠢ ᠬᠣᠯᠪᠣᠭᠳᠠᠯ ᠲᠠᠢ ᠡᠳᠡᠭᠡᠷ ᠠᠵᠢᠯ ᠢ᠋
ᠪᠢᠳᠡᠨ ᠦ᠌ ᠬᠡᠨ ᠨᠢ ᠴᠦ᠍ ᠭᠡᠰᠡᠨ ᠭᠦᠢᠴᠡᠳᠬᠡᠵᠦ ᠴᠢᠳᠠᠨ᠎ᠠ᠃ ᠬᠠᠷᠢᠨ᠃ ᠫᠷᠣᠹᠧᠰᠰᠣᠷ ᠳ᠋ᠣᠺᠲ᠋ᠣᠷ ᠤ᠋ᠳ ᠮᠠᠨᠢ ᠵᠠᠷᠢᠮ ᠳ᠋ᠠᠭᠠᠨ ᠡᠢᠮᠦᠷᠬᠦᠦ ᠵᠦᠢᠯ ᠢ᠋ ᠳᠠᠩᠴᠤ ᠣᠮᠲᠣᠭᠠᠢᠯᠠᠭᠰᠠᠨ ᠠ᠋ᠴᠠ ᠪᠣᠯᠤᠭᠠᠳ ᠥᠪᠡᠷ ᠦ᠋ᠨ ᠪᠦᠬᠦᠯᠢ ᠨᠠᠰᠤᠨ ᠤ᠋ ᠬᠥᠳᠡᠯᠮᠦᠷᠢ ᠵᠢᠳᠬᠦᠯ ᠦ᠋ᠨ ᠢ᠋ᠶ᠋ᠡᠨ ᠤᠳᠬ᠎ᠠ ᠠᠭᠤᠯᠭ᠎ᠠ ᠶ᠋ᠢ ᠠᠯᠳᠠᠭᠳᠠᠭᠤᠯᠵᠤ ᠪᠠᠢᠭ᠎ᠠ ᠵᠢᠱ᠌ᠢᠶ᠎ᠡ ᠴᠦ᠍ ᠵᠥᠩᠳᠡᠭᠡᠨ᠃ ᠬᠠᠢᠷ᠎ᠠ ᠭᠡᠳᠡᠭ ᠢ᠋ ᠪᠢᠳᠡ ᠠᠭᠤᠤ ᠲᠣᠮᠣ ᠶᠠᠭᠤᠮ᠎ᠠ ᠮᠡᠲᠦ ᠪᠡᠷ ᠬᠡᠢᠰᠪᠦᠷᠢᠯᠡᠨ ᠰᠡᠳᠬᠢᠵᠦ᠂ ᠲᠡᠭᠦᠨ ᠡᠴᠡ ᠪᠡᠨ ᠪᠣᠯᠤᠭᠠᠳ ᠶᠠᠭᠤ ᠶ᠋ᠢ ᠶᠠᠭᠠᠬᠢᠵᠤ ᠬᠠᠢᠷᠠᠯᠠᠬᠤ ᠪᠠᠨ ᠣᠯᠬᠤ ᠦᠭᠡᠢ ᠪᠤᠳᠤᠯᠢᠳᠠᠭ ᠵᠢᠱ᠌ᠢᠶ᠎ᠡ ᠠᠮᠢᠳᠤᠷᠠᠯ ᠳᠤᠮᠳᠠ ᠴᠤ᠌ ᠪᠠᠢᠳᠠᠭ ᠰᠢᠦ ᠳᠡ᠃ ᠭᠡᠪᠡᠴᠦ ᠬᠠᠢᠷ᠎ᠠ ᠮᠠᠨᠢ ᠡᠭᠡᠯ ᠪᠣᠷᠣᠭᠵᠢᠭᠤᠨ ᠪᠠᠢᠳᠠᠯ ᠳ᠋ᠤ᠌ ᠴᠤ᠌ ᠥᠪᠡᠷ ᠦ᠋ᠨ ᠠᠭᠤᠤ ᠶᠡᠬᠡ ᠥᠭᠭᠦᠭᠡᠴᠢ ᠪᠡᠨ ᠥᠭᠭᠦᠭᠰᠡᠭᠡᠷ ᠪᠠᠢᠭ᠎ᠠ ᠶᠤᠮ ᠭᠡᠳᠡᠭ ᠢ᠋ ᠪᠢᠳᠡ ᠣᠮᠲᠣᠭᠠᠢᠯᠠᠬᠤ ᠭᠡᠳ ᠪᠠᠢᠳᠠᠭ᠃ ᠵᠠᠷᠢᠮ ᠲᠣᠬᠢᠶᠠᠯᠳᠤᠯ ᠳ᠋ᠤ᠌ ᠪᠢᠳᠡ ᠪᠡᠶ᠎ᠡ ᠪᠡᠨ ᠬᠠᠢᠷᠠᠯᠠᠬᠤ ᠨᠢ ᠪᠠᠰᠠ ᠮᠣᠩᠭᠣᠯ ᠰᠣᠶᠣᠯ ᠢ᠋ᠶ᠋ᠠᠨ ᠬᠠᠢᠷᠠᠯᠠᠭᠰᠠᠨ ᠶᠠᠪᠤᠳᠠᠯ ᠮᠥᠨ᠃ ᠶᠠᠭᠠᠬᠢᠭᠠᠳ ᠭᠡᠬᠦ ᠪᠡᠷ ᠪᠢᠳᠡ ᠪᠡᠶ᠎ᠡ ᠪᠡᠨ ᠬᠠᠢᠷᠠᠯᠠᠵᠤ ᠪᠠᠢᠬᠤ ᠨᠢ ᠮᠣᠩᠭᠣᠯ ᠬᠥᠮᠦᠨ ᠦ᠌ ᠨᠢᠭᠡᠨ ᠭᠡᠰᠢᠭᠦᠨ ᠢ᠋ ᠬᠠᠢᠷᠠᠯᠠᠵᠤ ᠪᠠᠢᠭ᠎ᠠ ᠶᠠᠪᠤᠳᠠᠯ ᠶᠤᠮ᠃ ᠭᠡᠷ ᠪᠦᠯᠢ ᠪᠡᠨ ᠬᠠᠢᠷᠠᠯᠠᠬᠤ ᠨᠢ ᠮᠣᠩᠭᠣᠯ ᠠᠢᠯ ᠭᠡᠷ ᠦ᠋ᠨ ᠨᠢᠭᠡ ᠶ᠋ᠢ ᠬᠠᠢᠷᠠᠯᠠᠵᠤ ᠪᠠᠢᠭ᠎ᠠ ᠶᠠᠪᠤᠳᠠᠯ ᠶᠤᠮ᠃ ᠦᠷ᠎ᠡ ᠬᠡᠦᠬᠡᠳ ᠢ᠋ᠶ᠋ᠡᠨ ᠬᠠᠢᠷᠠᠯᠠᠵᠤ ᠪᠠᠢᠭ᠎ᠠ ᠨᠢ ᠮᠣᠩᠭᠣᠯ ᠬᠥᠮᠦᠨ ᠦ᠌ ᠬᠣᠢᠴᠢ ᠦᠶ᠎ᠡ ᠶ᠋ᠢᠨ ᠨᠢᠭᠡᠨ ᠢ᠋ ᠬᠠᠢᠷᠠᠯᠠᠵᠤ ᠪᠠᠢᠭ᠎ᠠ ᠶᠠᠪᠤᠳᠠᠯ ᠳᠠᠷᠤᠢ ᠮᠥᠨ᠃ ᠮᠣᠩᠭᠣᠯ ᠰᠣᠶᠣᠯ ᠢ᠋ᠶ᠋ᠠᠨ ᠬᠠᠢᠷᠠᠯᠠᠬᠤ ᠳ᠋ᠤ᠌ ᠥᠪᠡᠷ ᠦ᠋ᠨ ᠪᠡᠶ᠎ᠡ ᠡᠴᠡ ᠪᠡᠨ ᠡᠬᠢᠯᠡᠭᠲᠦᠨ!《ᠪᠡᠶ᠎ᠡ ᠪᠡᠨ ᠵᠠᠰᠠ᠂ ᠭᠡᠷ ᠢ᠋ᠶ᠋ᠡᠨ ᠵᠠᠰᠠ᠂ ᠲᠡᠭᠡᠭᠡᠳ ᠤᠯᠤᠰ ᠢ᠋ᠶ᠋ᠠᠨ ᠵᠠᠰᠠ》 ᠬᠡᠮᠡᠭᠰᠡᠨ ᠡᠵᠡᠨ ᠪᠣᠭᠳᠠ ᠶ᠋ᠢᠨ ᠰᠤᠷᠭᠠᠯ ᠪᠣᠢ ᠶ᠋ᠢ ᠰᠠᠨᠠᠭᠲᠤᠨ!
ᠦᠰᠦᠭ ᠠᠮᠢᠯᠠᠭᠤᠯᠤᠭᠴᠢ᠄ᠳ·ᠢᠳᠰᠢᠩᠬᠣᠷᠯᠣ
ᠬᠢᠨᠠᠭᠴᠢ᠄ ᠣᠳᠬᠠᠨᠰᠣ᠎ᠠ᠂ ᠭᠠᠷᠮ᠎ᠠ᠂ ᠰᠡᠬᠡᠭᠡᠷᠡᠯ᠂
