ᠲᠥᠪᠡᠳ ᠡᠮᠨᠡᠯᠭᠡ - ᠳ· ᠨᠠᠴᠤᠭᠳᠣᠷᠵᠢТөвд эмнэлэг-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠥᠪᠡᠳ ᠡᠮᠨᠡᠯᠭᠡ - ᠳ· ᠨᠠᠴᠤᠭᠳᠣᠷᠵᠢТөвд эмнэлэг-Д.Нацагдорж

ᠲᠥᠪᠡᠳ ᠡᠮᠨᠡᠯᠭᠡ - ᠳ· ᠨᠠᠴᠤᠭᠳᠣᠷᠵᠢТөвд эмнэлэг-Д.Нацагдорж

2024-06-02

290

                ᠳ· ᠨᠠᠴᠤᠭᠳᠣᠷᠵᠢ 

ᠲᠦᠮᠡᠨ ᠵᠢᠯ ᠤᠯᠠᠷᠢᠨ ᠥᠩᠭᠡᠷᠡᠪᠡᠴᠦ ᠲᠡᠭᠦᠨ ᠢ᠋ ᠮᠡᠳᠡᠭᠰᠡᠨ ᠦᠭᠡᠢ᠃
ᠮᠢᠩᠭᠠᠨ ᠵᠢᠯ ᠰᠢᠨ᠎ᠡ ᠤᠬᠠᠭᠠᠨ ᠳᠡᠯᠭᠡᠷᠡᠪᠡᠴᠦ ᠲᠡᠭᠦᠨ ᠢ᠋ ᠰᠤᠳᠤᠯᠤᠭᠰᠠᠨ ᠦᠭᠡᠢ᠃
ᠲᠥᠪᠡᠳ ᠣᠷᠣᠨ ᠤ᠋ ᠠᠭᠯᠠᠭ ᠥᠨᠳᠥᠷ ᠠᠭᠤᠯᠠ ᠶ᠋ᠢᠨ ᠳᠤᠮᠳᠠ 
ᠰᠢᠷ᠎ᠠ ᠶ᠋ᠢᠨ ᠱᠠᠰᠢᠨ ᠴᠢᠪ ᠴᠢᠮᠡᠭᠡ ᠦᠭᠡᠢ ᠳᠡᠯᠭᠡᠷᠡᠵᠡᠢ᠃
ᠰᠢᠷ᠎ᠠ ᠳᠡᠪᠡᠯ ᠲᠡᠢ ᠯᠠᠮᠠ ᠵᠠᠬ᠎ᠠ ᠲᠠᠢ ᠬᠥᠮᠦᠨ ᠪᠦᠷᠢ ᠡᠮ ᠪᠠᠷᠢᠨ᠎ᠠ᠃
ᠰᠠᠢᠨ ᠮᠠᠭᠤ ᠰᠢᠨ᠎ᠡ ᠬᠠᠭᠤᠴᠢᠨ ᠶᠠᠮᠠᠷ ᠴᠤ ᠢᠯᠭᠠᠯ ᠦᠭᠡᠢ᠃
ᠲᠠᠪᠤᠨ ᠥᠷᠲᠡᠭᠡᠨ ᠦ᠌ ᠴᠢᠨᠠᠳᠤᠬᠢ ᠡᠪᠡᠳᠴᠢᠲᠡᠢ ᠬᠥᠮᠦᠨ  ᠦ᠌ ᠶᠠᠮᠠᠷ ᠢ᠋ ᠴᠤ ᠮᠡᠳᠡᠭᠡ ᠦᠭᠡᠢ ᠪᠠᠢᠲᠠᠯ᠎ᠠ
ᠳᠠᠩ ᠡᠮ ᠰᠣᠯᠢᠭᠠᠳ ᠥᠭᠴᠦ ᠲᠠᠢᠳᠬᠤᠷᠠᠭᠤᠯᠬᠤ ᠶ᠋ᠢ ᠬᠦᠰᠡᠨ᠎ᠡ᠃
ᠪᠠᠶᠠᠨ ᠮᠠᠬᠠᠪᠣᠳ ᠡᠷᠬᠡᠲᠡᠨ ᠮᠡᠳᠡᠷᠡᠯ ᠶᠠᠮᠠᠷ ᠢ᠋ ᠨᠢ ᠴᠤ ᠦᠵᠡᠭᠡ ᠦᠭᠡᠢ ᠪᠠᠢᠲᠠᠯ᠎ᠠ
ᠪᠠᠷᠢᠴᠠ ᠲᠠᠯᠪᠢᠴᠠ ᠭᠦᠷᠢᠮ ᠨᠣᠮ ᠰᠠᠨᠠᠭᠠᠨ ᠳ᠋ᠤ᠌ ᠣᠷᠣᠭᠰᠠᠨ ᠢ᠋ ᠶᠠᠷᠢᠨ᠎ᠠ᠃
ᠰᠢᠨᠵᠢᠯᠡᠬᠦ ᠤᠬᠠᠭᠠᠨ ᠳᠡᠯᠭᠡᠷᠡᠵᠦ ᠬᠥᠮᠦᠨ ᠦ᠌ ᠣᠶᠤᠨ ᠨᠡᠭᠡᠭᠡᠭᠳᠡᠭᠡ ᠦᠭᠡᠢ ᠭᠠᠵᠠᠷ ᠲᠤ
ᠱᠠᠰᠢᠨ ᠤ᠋ ᠰᠡᠭᠦᠳᠡᠷ ᠬᠠᠷᠠᠩᠭᠤᠢ ᠶ᠋ᠢᠨ ᠲᠦᠭᠴᠢᠯ ᠬᠡᠵᠢᠶᠡᠳᠡ ᠬᠣᠢᠰᠢ ᠲᠠᠲᠠᠨ᠎ᠠ᠃
ᠲᠦᠮᠡᠨ ᠪᠣᠳᠠᠰ ᠤ᠋ᠨ ᠤᠯᠠᠷᠢᠬᠤ ᠬᠤᠪᠢᠰᠬᠤ ᠶ᠋ᠢ ᠦᠨᠡᠨ ᠢ᠋ᠶ᠋ᠡᠷ ᠰᠤᠳᠤᠯᠤᠭᠠᠳᠤᠢ ᠴᠠᠭ ᠲᠤ
ᠲᠥᠪᠡᠳ ᠡᠮᠨᠡᠯᠭᠡ ᠬᠠᠭᠤᠴᠢᠨ ᠠᠷᠭ᠎ᠠ ᠬᠡᠵᠢᠶ᠎ᠡ ᠴᠦ᠍ ᠦᠯᠦ ᠰᠠᠢᠵᠢᠷᠠᠨ᠎ᠠ᠃

             1930 ᠣᠨ
   ᠦᠰᠦᠭ ᠠᠮᠢᠯᠠᠭᠤᠯᠤᠭᠴᠢ᠄ ᠣᠶᠤᠨᠪᠠᠲᠤ
   ᠬᠢᠨᠠᠭᠴᠢ᠄ ᠰᠡᠬᠡᠭᠡᠷᠡᠯ᠂ ᠣᠳᠬᠠᠨᠰᠣ᠎ᠠ