ᠬᠤᠪᠢᠰᠬᠠᠯ ᠤ᠋ᠨ ᠳᠠᠢᠰᠤᠨ ᠰᠢᠷ᠎ᠠ ᠬᠠᠷ᠎ᠠ ᠬᠠᠷᠭᠢᠰ ᠬᠥᠮᠦᠨ ᠦ᠌ ᠳᠠᠢᠰᠤᠨ ᠳᠣᠲᠣᠭᠤᠷ ᠭᠠᠳᠠᠭᠤᠷ ᠡᠪᠡᠳᠴᠢᠨ- ᠳ· ᠨᠠᠴᠤᠭᠳᠣᠷᠵᠢД.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠤᠪᠢᠰᠬᠠᠯ ᠤ᠋ᠨ ᠳᠠᠢᠰᠤᠨ ᠰᠢᠷ᠎ᠠ ᠬᠠᠷ᠎ᠠ ᠬᠠᠷᠭᠢᠰ ᠬᠥᠮᠦᠨ ᠦ᠌ ᠳᠠᠢᠰᠤᠨ ᠳᠣᠲᠣᠭᠤᠷ ᠭᠠᠳᠠᠭᠤᠷ ᠡᠪᠡᠳᠴᠢᠨ- ᠳ· ᠨᠠᠴᠤᠭᠳᠣᠷᠵᠢД.Нацагдорж

ᠬᠤᠪᠢᠰᠬᠠᠯ ᠤ᠋ᠨ ᠳᠠᠢᠰᠤᠨ ᠰᠢᠷ᠎ᠠ ᠬᠠᠷ᠎ᠠ ᠬᠠᠷᠭᠢᠰ ᠬᠥᠮᠦᠨ ᠦ᠌ ᠳᠠᠢᠰᠤᠨ ᠳᠣᠲᠣᠭᠤᠷ ᠭᠠᠳᠠᠭᠤᠷ ᠡᠪᠡᠳᠴᠢᠨ- ᠳ· ᠨᠠᠴᠤᠭᠳᠣᠷᠵᠢД.Нацагдорж

2024-06-02

311

                  ᠳ· ᠨᠠᠴᠤᠭᠳᠣᠷᠵᠢ 

ᠡᠬᠡ ᠪᠣᠯᠤᠭᠰᠠᠨ ᠵᠢᠷᠭᠤᠭᠠᠨ ᠵᠦᠢᠯ ᠬᠠᠮᠤᠭ ᠠᠮᠢᠲᠠᠨ ᠭᠡᠵᠦ ᠥᠭᠦᠯᠡᠭᠡᠳ 
ᠡᠪᠡᠳᠴᠢᠨ ᠡᠮᠭᠡᠭ ᠢ᠋ ᠬᠡᠩᠭᠡᠷᠭᠡ ᠴᠠᠩ ᠢ᠋ᠶ᠋ᠠᠷ ᠬᠠᠭᠤᠷᠤᠭᠴᠢ ᠬᠡᠨ ᠪᠣᠢ? 
ᠡᠵᠡᠨ ᠪᠣᠭᠳᠠ ᠭᠡᠵᠦ ᠣᠯᠠᠨ ᠲᠦᠮᠡᠨ ᠢ᠋ ᠮᠡᠬᠡᠯᠡᠨ ᠳᠠᠷᠤᠯᠠᠭᠠᠳ 
ᠡᠩᠬᠡ ᠠᠮᠤᠷ ᠢ᠋ᠶ᠋ᠠᠷ ᠦᠯᠦ ᠪᠠᠶ᠋ᠢᠯᠭᠠᠭᠴᠢ ᠬᠡᠨ ᠪᠣᠢ? 
          ᠡᠨᠡ ᠬᠣᠶᠠᠷ ᠪᠣᠯ ᠰᠢᠷ᠎ᠠ ᠬᠠᠷ᠎ᠠ ᠬᠠᠷᠭᠢᠰ ᠮᠥᠨ᠃
ᠡᠰᠡᠨ ᠠᠮᠤᠭᠤᠯᠠᠩ ᠪᠡᠶ᠎ᠡ ᠶ᠋ᠢ ᠪᠠᠢᠨ ᠪᠠᠢᠭᠰᠠᠭᠠᠷ ᠬᠣᠣᠷᠯᠠᠭᠠᠳ 
ᠡᠷᠡᠯᠡᠬᠦ ᠭᠠᠰᠠᠯᠬᠤ ᠳᠠᠭᠤ ᠶ᠋ᠢ ᠣᠭᠲᠠᠷᠭᠤᠢ ᠲᠤᠯᠲᠠᠯ᠎ᠠ ᠳᠠᠭᠤᠷᠢᠰᠬᠠᠭᠴᠢ ᠬᠡᠨ ᠪᠣᠢ?
ᠡᠨᠡ ᠡᠳᠦᠷ ᠶᠠᠪᠤᠭᠰᠠᠭᠠᠷ ᠪᠠᠢᠲᠠᠯ᠎ᠠ ᠮᠠᠷᠭᠠᠰᠢ ᠡᠳᠦᠷ ᠦᠬᠦᠭᠦᠯᠦᠭᠡᠳ᠃
ᠡᠷᠦᠬᠡ ᠭᠡᠷ ᠢ᠋ ᠡᠮᠭᠡᠨᠢᠯ ᠵᠣᠪᠠᠯᠠᠩ ᠳ᠋ᠤ᠌ ᠤᠴᠠᠷᠠᠭᠤᠯᠤᠭᠴᠢ ᠬᠡᠨ ᠪᠣᠢ?
          ᠡᠨᠡ ᠬᠣᠶᠠᠷ ᠪᠣᠯ ᠡᠮᠭᠡᠭ ᠲᠠᠬᠤᠯ ᠭᠡᠭᠴᠢ ᠮᠥᠨ᠃
ᠲᠥᠷᠥ ᠤᠯᠤᠰ ᠢ᠋ ᠳᠦᠢᠪᠡᠭᠡᠭᠴᠢ᠂ ᠬᠠᠷᠭᠢᠰ ᠡᠵᠡᠷᠬᠡᠭ ᠣᠯᠠᠨ
ᠲᠡᠭᠦᠨ ᠢ᠋ ᠵᠠᠨᠤᠵᠤ ᠬᠡᠵᠢᠶ᠎ᠡ ᠴᠦ᠍ ᠶᠡᠷᠦ ᠪᠠᠷᠠᠰᠢ ᠦᠭᠡᠢ᠃
ᠲᠦᠮᠡᠨ ᠢ᠋ ᠡᠨᠡᠯᠭᠡᠭᠴᠢ ᠡᠪᠡᠳᠴᠢᠨ ᠲᠠᠬᠤᠯ ᠦᠯᠡᠮᠵᠢ
ᠲᠡᠭᠦᠨ ᠢ᠋ ᠪᠠᠰᠤᠵᠤ ᠣᠷᠬᠢᠵᠤ ᠣᠭᠲᠣ ᠪᠣᠯᠣᠰᠢ ᠦᠭᠡᠢ᠃
         ᠡᠨᠡ ᠬᠣᠶᠠᠷ ᠦᠭᠡ ᠶ᠋ᠢ ᠡᠭᠦᠷᠢᠳᠡ ᠦᠯᠦ ᠮᠡᠳᠡᠨ᠎ᠡ ᠤᠤ᠃
ᠬᠠᠷᠭᠢᠰ ᠡᠵᠡᠷᠬᠡᠭ ᠢ᠋ ᠠᠷᠠᠳ ᠲᠦᠮᠡᠨ ᠨᠢᠭᠡᠨᠲᠡ ᠲᠠᠨᠢᠨ᠎ᠠ᠃ 
ᠬᠤᠲᠠᠭᠠᠨ ᠵᠠᠰᠠᠭᠯᠠᠬᠤ ᠶ᠋ᠢ ᠬᠤᠪᠢᠰᠬᠠᠯᠲᠤ ᠬᠠᠤᠯᠢ ᠡᠷᠬᠢᠯᠡᠨ᠎ᠡ᠂
ᠡᠪᠡᠳᠴᠢᠨ ᠲᠠᠬᠤᠯ ᠢ᠋ ᠡᠷᠡᠭᠦᠯ ᠢ᠋ ᠬᠠᠮᠠᠭᠠᠯᠠᠬᠤ ᠠᠨᠠᠭᠠᠨ᠎ᠠ᠂
ᠡᠭᠦᠨ ᠢ᠋ ᠰᠢᠲᠦᠪᠡᠯ ᠦᠶ᠎ᠡ ᠶ᠋ᠢᠨ ᠦᠶ᠎ᠡ ᠳ᠋ᠦ᠍ ᠴᠥᠮ ᠪᠠᠶᠠᠷᠲᠠᠢ᠂
        ᠡᠨᠡ ᠬᠣᠶᠠᠷ ᠦᠭᠡ ᠶ᠋ᠢ ᠰᠠᠨᠠᠭᠠᠨ ᠳ᠋ᠠᠭᠠᠨ ᠬᠠᠳᠠᠭᠠᠯᠠᠨ᠎ᠠ ᠤᠤ᠃

   ᠦᠰᠦᠭ ᠠᠮᠢᠯᠠᠭᠤᠯᠤᠭᠴᠢ᠄ ᠣᠶᠤᠨᠪᠠᠲᠤ
   ᠬᠢᠨᠠᠭᠴᠢ᠄ ᠰᠡᠬᠡᠭᠡᠷᠡᠯ᠂ ᠣᠳᠬᠠᠨᠰᠣ᠎ᠠ