ᠠᠵᠢᠯᠴᠢᠨ ᠤ᠋ ᠪᠡᠶ᠎ᠡ- ᠳ· ᠨᠠᠴᠤᠭᠳᠣᠷᠵᠢАжилчны бие-Д.Нацагдорж
ᠳ· ᠨᠠᠴᠤᠭᠳᠣᠷᠵᠢ
ᠠᠵᠤ ᠦᠢᠯᠡᠳᠪᠦᠷᠢ ᠭᠡᠭᠴᠢ
ᠤᠯᠤᠰ ᠤ᠋ᠨ ᠲᠤᠯᠭᠠᠭᠤᠷᠢ ᠪᠠᠢᠨ᠎ᠠ᠃
ᠠᠵᠢᠯᠴᠢᠨ ᠠᠷᠠᠳ ᠭᠡᠭᠴᠢ
ᠲᠡᠭᠦᠨ ᠢ᠋ ᠪᠦᠲᠦᠭᠡᠬᠦ ᠬᠦᠴᠦ ᠠ᠋᠃
ᠴᠢᠭᠢᠷᠠᠭ ᠡᠷᠡᠭᠦᠯ ᠪᠡᠶ᠎ᠡ ᠲᠡᠢ
ᠴᠢᠳᠠᠯ ᠲᠠᠢ ᠢᠳᠡᠪᠬᠢᠲᠡᠢ ᠠᠵᠢᠯᠴᠢᠨ
ᠲᠦᠷᠭᠡᠨ ᠲᠦᠷᠭᠡᠨ ᠦᠢᠯᠡᠳᠪᠦᠷᠢᠯᠡᠵᠦ
ᠲᠦᠮᠡᠨ ᠵᠦᠢᠯ ᠢ᠋ ᠪᠦᠲᠦᠭᠡᠨ᠎ᠡ᠃
ᠡᠮᠭᠡᠭ ᠡᠪᠡᠳᠴᠢᠨ ᠲᠡᠢ ᠪᠣᠯᠤᠭᠠᠳ
ᠡᠷ᠎ᠡ ᠴᠢᠳᠠᠯ ᠦᠭᠡᠢ ᠠᠵᠢᠯᠴᠢᠨ
ᠥᠪᠡᠷ ᠢ᠋ ᠪᠡᠨ ᠲᠡᠵᠢᠭᠡᠵᠦ ᠴᠢᠳᠠᠬᠤ ᠦᠭᠡᠢ᠂
ᠤᠯᠤᠰ ᠲᠠᠭᠠᠨ ᠲᠤᠰᠠᠯᠠᠵᠤ ᠴᠢᠳᠠᠬᠤ ᠦᠭᠡᠢ᠃
ᠡᠨᠡ ᠲᠥᠷᠥ ᠳ᠋ᠦ᠍ ᠪᠣᠯ
ᠠᠵᠢᠯᠴᠢᠨ ᠭᠡᠭᠴᠢ ᠬᠡᠷᠡᠭ ᠲᠡᠢ᠃
ᠠᠵᠢᠯᠴᠢᠨ ᠬᠥᠮᠦᠨ ᠳ᠋ᠦ᠍ ᠪᠣᠯᠪᠠᠯ
ᠡᠷᠡᠭᠦᠯ ᠭᠡᠭᠴᠢ ᠬᠡᠷᠡᠭ ᠲᠡᠢ᠃
ᠨᠢᠭᠡ ᠡᠪᠡᠳᠴᠢᠨ ᠬᠠᠯᠳᠠᠪᠠᠯ
ᠢᠳᠡᠷᠰᠢᠭ ᠪᠡᠶ᠎ᠡ ᠨᠢ ᠭᠡᠮᠲᠦᠭᠡᠳ
ᠲᠦᠮᠡᠨ ᠲᠥᠭᠥᠷᠢᠭ ᠦ᠋ᠨ ᠬᠦᠴᠦ ᠨᠢ
ᠲᠡᠭᠦᠪᠡᠷ ᠨᠢᠭᠡᠮᠦᠰᠦᠨ ᠮᠥᠬᠥᠨ᠎ᠡ᠃
ᠡᠷᠡᠭᠦᠯ ᠡᠩᠬᠡ ᠪᠣᠯᠪᠠᠯ
ᠡᠳᠦᠷ ᠪᠦᠷᠢ ᠴᠢᠭᠢᠷᠠᠭ᠃
ᠭᠠᠷ ᠬᠥᠳᠡᠯᠬᠦ ᠳᠣᠳᠣᠮ
ᠣᠯᠵᠠ ᠠᠰᠢᠭ ᠢ᠋ ᠬᠤᠷᠢᠶᠠᠨ᠎ᠠ᠃
ᠪᠡᠶ᠎ᠡ ᠶ᠋ᠢᠨ ᠬᠦᠴᠦ ᠶ᠋ᠢ ᠦᠨᠡᠯᠡᠬᠦ ᠭᠡᠭᠴᠢ
ᠠᠵᠢᠯᠴᠢᠨ ᠠᠷᠠᠳ ᠤ᠋ᠨ ᠬᠡᠷᠡᠭ᠃
ᠡᠮᠭᠡᠭ ᠡᠪᠡᠳᠴᠢᠲᠡᠢ ᠪᠣᠯ
ᠶᠠᠭᠠᠬᠢᠵᠤ ᠠᠵᠢᠯ ᠬᠢᠬᠦ ᠪᠣᠢ᠃
ᠡᠯᠳᠡᠪ ᠡᠪᠡᠳᠴᠢᠨ ᠡᠴᠡ ᠰᠡᠷᠭᠡᠢᠯᠡᠵᠦ
ᠢᠳᠡᠷ ᠪᠡᠶ᠎ᠡ ᠪᠡᠨ ᠬᠠᠮᠠᠭᠠᠯᠠᠨ
ᠪᠣᠯᠪᠠᠰᠤᠨ ᠡᠮᠨᠡᠯᠭᠡ ᠶ᠋ᠢ ᠰᠢᠲᠦᠵᠦ
ᠡᠭᠦᠷᠢᠳᠡ ᠡᠷᠡᠭᠦᠯ ᠶᠠᠪᠤ᠃
1930 ᠣᠨ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠣᠳᠬᠠᠨᠰᠣ᠎ᠠ
