ᠰᠠᠭᠯᠠᠭᠠᠷ ᠬᠠᠵᠠᠭᠠᠷ ᠡᠪᠡᠰᠦСаглагар хазаар өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠭᠯᠠᠭᠠᠷ ᠬᠠᠵᠠᠭᠠᠷ ᠡᠪᠡᠰᠦСаглагар хазаар өвс

ᠰᠠᠭᠯᠠᠭᠠᠷ ᠬᠠᠵᠠᠭᠠᠷ ᠡᠪᠡᠰᠦСаглагар хазаар өвс

2024-06-02

324

ᠰᠠᠭᠯᠠᠭᠠᠷ ᠬᠠᠵᠠᠭᠠᠷ ᠡᠪᠡᠰᠦ

                       ᠦᠶᠡᠲᠦ ᠤᠷᠭᠤᠮᠠᠯ ᠦ᠋ᠨ ᠢᠵᠠᠭᠤᠷ 
        ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠪᠤᠲᠠᠯᠠᠵᠤ ᠰᠢᠯᠤᠭᠤᠨ ᠤᠷᠭᠤᠨ᠎ᠠ᠂ 15—35cm ᠥᠨᠳᠥᠷ᠂ ᠭᠢᠯᠦᠭᠡᠷ᠂ ᠣᠯᠠᠨ ᠦᠶ᠎ᠡ ᠲᠡᠢ᠃ ᠨᠠᠪᠴᠢᠨ ‍ᠤ ᠳᠤᠭᠲᠤᠢ ᠨᠢ ᠦ᠋ ᠰᠢᠭ᠌ ᠦᠰᠦ ᠲᠡᠢ᠂ ᠪᠠᠭ ᠴᠡᠴᠡᠭ ᠬᠦᠷᠲᠡᠯ᠎ᠡ ᠪᠡᠨ ᠳᠠᠪᠬᠤᠷ ᠳᠠᠪᠬᠤᠷ ᠪᠠᠭᠯᠠᠵᠤ ᠪᠤᠢ ;  ᠨᠠᠪᠴᠢ ᠨᠢ ᠬᠠᠪᠲᠠᠭᠠᠢ ᠲᠡᠪᠡᠨᠡ ᠰᠢᠭ᠌ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ 2—6.5cm ᠤᠷᠲᠤ᠂ 2—4mm ᠥᠷᠭᠡᠨ᠂ ᠶᠡᠷᠦ ᠳ᠋ᠡᠭᠡᠨ ᠲᠠᠰᠢᠭᠤᠯᠠᠵᠤ ᠳᠡᠭᠡᠭᠰᠢ ᠪᠡᠨ ᠤᠷᠭᠤᠨ᠎ᠠ᠂ ᠬᠣᠶᠠᠷ ᠲᠠᠯ᠎ᠠ ᠪᠣᠯᠤᠨ ᠬᠥᠪᠡᠭᠡ ᠨᠢ ᠪᠦᠷ ᠠᠷᠵᠠᠭᠠᠷ᠂ ᠶᠡᠷᠦ ᠳ᠋ᠡᠭᠡᠨ ᠲᠡᠭᠰᠢᠬᠡᠨ ᠬᠠᠪᠲᠠᠭᠠᠢ ᠪᠠᠶ᠋ᠢᠵᠤ᠂ ᠬᠠᠶᠠ ᠳᠣᠲᠣᠭᠰᠢ ᠪᠠᠨ ᠬᠤᠮᠢᠷᠠᠨ᠎ᠠ᠃ ᠱᠣᠷᠤᠯᠵᠢᠨ ᠬᠡᠯᠪᠡᠷᠢᠲᠦ ᠪᠠᠭ ᠴᠡᠴᠡᠭ ᠨᠢ ᠨᠡᠯᠢᠶᠡᠳ ᠢᠬᠴᠤ4.5—6.5cm ᠤᠷᠲᠤ᠂ 4—10mm ᠥᠷᠭᠡᠨ᠂ ᠶᠡᠷᠦ ᠳ᠋ᠡᠭᠡᠨ ᠤᠭ ᠦ᠋ᠨ ᠬᠡᠰᠡᠭ ᠨᠢ ᠨᠠᠪᠴᠢᠨ ‍ᠤ ᠳᠤᠭᠲᠤᠢ ᠳᠣᠲᠣᠷ᠎ᠠ ᠪᠠᠶ᠋ᠢᠳᠠᠭ ;  ᠪᠠᠭ ᠴᠡᠴᠡᠭ ᠦ᠋ᠨ ᠰᠠᠯᠠᠭ᠎ᠠ ᠨᠢ ᠭᠠᠭᠴᠠᠭᠠᠷ ᠤᠷᠭᠤᠨ᠎ᠠ᠂ ᠭᠤᠷᠪᠠᠨ ᠢᠷᠮᠡᠭ ᠲᠡᠢ᠂ ᠵᠠᠷᠢᠮ ᠳ᠋ᠠᠭᠠᠨ ᠤᠭ ᠲᠤᠨᠢ ᠲᠣᠰᠬᠤᠭᠤᠷ ᠢᠯᠳᠠᠰᠤ ᠲᠠᠢ ;  ᠵᠢᠵᠢᠭ ᠲᠦᠷᠦᠭᠦᠦ ᠨᠢ ᠨᠣᠭᠣᠪᠲᠤᠷ ᠪᠤᠶᠤ ᠪᠣᠷᠣᠪᠲᠤᠷ᠂ 8—13mm ᠤᠷᠲᠤ᠂ 3—7 ᠴᠡᠴᠡᠭ ᠲᠡᠢ ;  ᠬᠠᠯᠢᠰᠤ ᠨᠢ ᠨᠢᠮᠭᠡᠨ᠂ ᠬᠠᠪᠲᠠᠭᠠᠢ ᠲᠡᠪᠡᠨᠡ ᠰᠢᠭ᠌ ᠪᠤᠶᠤ ᠤᠷᠲᠤᠯᠵᠢᠨ ᠳᠤᠭᠤᠷᠢᠭ᠂ 1—5 ᠰᠤᠳᠠᠯ ᠲᠠᠢ᠂ ᠦᠵᠦᠭᠦᠷ ᠨᠢ ᠵᠢᠵᠢᠭ᠂ ᠤᠨᠢ ᠲᠠᠢ ᠪᠠ ᠤᠨᠢ ᠠ᠋ᠴᠠ ᠨᠢ 0.5—1.5mm ᠤᠷᠲᠤ ᠰᠤᠷ ᠤᠷᠭᠤᠨ᠎ᠠ᠂ ᠭᠠᠳᠠᠷ ᠬᠡᠪᠡᠭ ᠦ᠋ᠨ ᠬᠥᠪᠡᠭᠡ ᠣᠷᠴᠢᠮ ᠪᠣᠯᠤᠨ ᠰᠠᠭᠤᠷᠢ ᠲᠠᠪᠠᠭ ᠨᠢ ᠪᠦᠷ ᠦᠰᠦ ᠲᠡᠢ ;  ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠢᠵᠢᠯ ᠤᠷᠲᠤ᠂ ᠦᠵᠦᠭᠦᠷ ᠲᠤᠨᠢ ᠵᠢᠵᠢᠭ ᠤᠨᠢ ᠲᠠᠢ ;  ᠲᠣᠭᠤᠰᠤᠪᠴᠢ ᠨᠢ2mm ᠣᠷᠴᠢᠮ ᠤᠷᠲᠤ᠃
       ᠭᠠᠩ ᠬᠠᠭᠤᠷᠠᠢ ᠠᠭᠤᠯᠠ ᠶ᠋ᠢᠨ ᠬᠠᠵᠠᠭᠤ᠂ ᠬᠡᠭᠡᠷ᠎ᠡ ᠲᠠᠯ᠎ᠠ ᠳ᠋ᠤ ᠤᠷᠭᠤᠨ᠎ᠠ᠃
        ᠮᠠᠨ ‍ᠤ ᠤᠯᠤᠰ ᠦ᠋ᠨ ᠥᠪᠥᠷ ᠮᠣᠩᠭᠣᠯ᠂ ᠾᠧᠪᠧᠢ᠂ ᠱᠠᠨᠰᠢ ᠬᠢᠭᠡᠳ ᠵᠡᠭᠦᠨ ᠬᠣᠶ᠋ᠢᠲᠤ ᠣᠷᠣᠨ ᠳ᠋ᠤ ᠤᠷᠭᠤᠳᠠᠭ᠃
         ᠪᠡᠯᠴᠢᠭᠡᠷ ᠡᠪᠡᠰᠦ ᠮᠥᠨ᠃

          ᠬᠢᠲᠠᠳ ᠨᠡᠷ᠎ᠡ᠄多叶隐子草
          ᠠᠩᠭ᠌ᠯᠢ ᠨᠡᠷ᠎ᠡ᠄ Cleistogenes polyphylla Keng ex Keng f. et L. Liou

                   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
                     ᠬᠢᠨᠠᠭᠴᠢ᠄ ᠲᠤᠶᠠᠭ᠎ᠠ