ᠬᠥᠭᠡᠷᠦᠬᠦᠨ ᠳᠡᠯᠡᠬᠡᠢ-ᠠᠨᠤХөөрхөн дэлхий-Ану ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠡᠷᠦᠬᠦᠨ ᠳᠡᠯᠡᠬᠡᠢ-ᠠᠨᠤХөөрхөн дэлхий-Ану

ᠬᠥᠭᠡᠷᠦᠬᠦᠨ ᠳᠡᠯᠡᠬᠡᠢ-ᠠᠨᠤХөөрхөн дэлхий-Ану

2024-06-01

583

ᠬᠥᠭᠡᠷᠦᠬᠦᠨ ᠳᠡᠯᠡᠬᠡᠢ

ᠥᠭᠡᠳᠡᠰᠦᠬᠡᠨ ᠪᠠᠮᠪᠤᠷᠰᠢ ᠮᠢᠨᠢ   
ᠥᠩᠬᠥᠷᠢᠵᠦ ᠡᠷᠬᠡᠯᠡᠬᠦ ᠨᠢ ᠬᠥᠭᠡᠷᠦᠬᠦᠨ᠂
ᠥᠯᠥᠭᠡᠢ ᠲᠡᠢ ᠪᠢᠴᠢᠬᠠᠨ ᠳᠡᠭᠦᠦ ᠮᠢᠨᠢ   
ᠥᠭᠡᠳᠡ ᠡᠴᠡ ᠢᠨᠢᠶᠡᠬᠦ ᠨᠢ ᠬᠥᠭᠡᠷᠦᠬᠦᠨ᠃
ᠡᠩᠬᠦᠷᠡᠢᠯᠡᠵᠦ ᠨᠠᠮ᠎ᠠ ᠶ᠋ᠢ ᠥᠰᠬᠡᠭᠰᠡᠨ   
ᠡᠵᠢ ᠶ᠋ᠢᠨ ᠪᠦᠪᠡᠢ ᠶ᠋ᠢᠨ ᠳᠠᠭᠤᠤ ᠬᠥᠭᠡᠷᠦᠬᠦᠨ᠂
ᠠᠷᠭᠠᠳᠠᠵᠤ ᠨᠠᠮ᠎ᠠ ᠶ᠋ᠢ ᠦᠬᠦᠭᠡᠷᠲᠦᠭᠰᠡᠨ
ᠠᠪᠤ ᠶ᠋ᠢᠨ ᠴᠠᠭᠠᠨ ᠰᠡᠳᠬᠢᠯ ᠬᠥᠭᠡᠷᠦᠬᠦᠨ᠃
ᠥᠪᠡᠷ ᠢ᠋ᠶ᠋ᠡᠨ ᠪᠢ ᠠᠮᠢᠳᠤᠷᠠᠳᠠᠭ ᠪᠣᠯᠬᠣᠷ   
ᠥᠩᠭᠡᠲᠦ ᠴᠡᠩᠬᠡᠷ ᠳᠡᠯᠡᠬᠡᠢ ᠮᠢᠨᠢ ᠬᠥᠭᠡᠷᠦᠬᠦᠨ᠂
ᠨᠠᠳᠠ ᠳ᠋ᠤ᠌ ᠴᠡᠴᠡᠭᠡᠰ ᠢ᠋ ᠥᠭᠭᠦᠭᠰᠡᠨ ᠪᠣᠯᠬᠣᠷ   
ᠨᠠᠷᠠᠨ ᠤ᠋ ᠲᠤᠶᠠᠭ᠎ᠠ ᠲᠠᠢ ᠬᠥᠭᠡᠷᠦᠬᠦᠨ ᠳᠡᠯᠡᠬᠡᠢ᠃
ᠠᠩᠭᠠᠬᠠᠢ ᠪᠠᠭ᠎ᠠ ᠳ᠋ᠤ᠌ ᠪᠠᠨ ᠦᠶᠡᠷᠬᠡᠭᠰᠡᠨ
ᠠᠩᠭᠢ ᠶ᠋ᠢᠨ ᠨᠠᠢᠵᠠ ᠨᠤᠭᠤᠳ ᠮᠢᠨᠢ ᠬᠥᠭᠡᠷᠦᠬᠦᠨ᠂
ᠠᠯᠳᠠᠷᠠᠢᠬᠠᠨ ᠪᠣᠳᠣᠯ ᠢ᠋ ᠲᠡᠳᠬᠦᠭᠰᠡᠨ
ᠠᠴᠢᠲᠤ ᠪᠠᠭᠰᠢ ᠮᠢᠨᠢ ᠬᠥᠭᠡᠷᠦᠬᠦᠨ᠃
ᠥᠪᠡᠷ ᠢ᠋ᠶ᠋ᠡᠨ ᠪᠢ ᠠᠮᠢᠳᠤᠷᠠᠳᠠᠭ ᠪᠣᠯᠬᠣᠷ
ᠥᠩᠭᠡᠲᠦ ᠴᠡᠩᠬᠡᠷ ᠳᠡᠯᠡᠬᠡᠢ ᠮᠢᠨᠢ ᠬᠥᠭᠡᠷᠦᠬᠦᠨ᠂
ᠨᠠᠳᠠ ᠳ᠋ᠤ᠌ ᠴᠡᠴᠡᠭᠡᠰ ᠢ᠋ ᠥᠭᠭᠦᠭᠰᠡᠨ ᠪᠣᠯᠬᠣᠷ
ᠨᠠᠷᠠᠨ ᠤ᠋ ᠲᠤᠶᠠᠭ᠎ᠠ ᠲᠠᠢ ᠬᠥᠭᠡᠷᠦᠬᠦᠨ ᠳᠡᠯᠡᠬᠡᠢ᠃
ᠡᠨᠡᠷᠢᠯ ᠦ᠋ᠨ ᠳᠠᠭᠤᠤ ᠠᠶᠠᠯᠤᠭᠰᠠᠨ
ᠡᠩᠬᠡ ᠶ᠋ᠢᠨ ᠥᠷᠭᠥᠭᠡ ᠳᠡᠯᠡᠬᠡᠢ ᠮᠢᠨᠢ ᠬᠥᠭᠡᠷᠦᠬᠦᠨ᠂
ᠡᠷᠳᠡᠨᠢ ᠶ᠋ᠢᠨ ᠭᠡᠭᠡ ᠪᠡᠨ ᠰᠠᠴᠤᠷᠠᠭᠤᠯᠤᠭᠰᠠᠨ
ᠮᠢᠨᠦ ᠳᠡᠯᠡᠬᠡᠢ ᠬᠥᠭᠡᠷᠦᠬᠦᠨ᠃
ᠥᠪᠡᠷ ᠢ᠋ᠶ᠋ᠡᠨ ᠪᠢ ᠠᠮᠢᠳᠤᠷᠠᠳᠠᠭ ᠪᠣᠯᠬᠣᠷ
ᠥᠩᠭᠡᠲᠦ ᠴᠡᠩᠬᠡᠷ ᠳᠡᠯᠡᠬᠡᠢ ᠮᠢᠨᠢ ᠬᠥᠭᠡᠷᠦᠬᠦᠨ᠂
ᠨᠠᠳᠠ ᠳ᠋ᠤ᠌ ᠴᠡᠴᠡᠭᠡᠰ ᠢ᠋ ᠥᠭᠭᠦᠭᠰᠡᠨ ᠪᠣᠯᠬᠣᠷ
ᠨᠠᠷᠠᠨ ᠤ᠋ ᠲᠤᠶᠠᠭ᠎ᠠ ᠲᠠᠢ ᠬᠥᠭᠡᠷᠦᠬᠦᠨ ᠳᠡᠯᠡᠬᠡᠢ᠃
ᠥᠪᠡᠷ ᠢ᠋ᠶ᠋ᠡᠨ ᠪᠢ ᠠᠮᠢᠳᠤᠷᠠᠳᠠᠭ ᠪᠣᠯᠬᠣᠷ
ᠥᠩᠭᠡᠲᠦ ᠴᠡᠩᠬᠡᠷ ᠳᠡᠯᠡᠬᠡᠢ ᠮᠢᠨᠢ ᠬᠥᠭᠡᠷᠦᠬᠦᠨ᠂
ᠨᠠᠳᠠ ᠳ᠋ᠤ᠌ ᠴᠡᠴᠡᠭᠡᠰ ᠢ᠋ ᠥᠭᠭᠦᠭᠰᠡᠨ ᠪᠣᠯᠬᠣᠷ
ᠨᠠᠷᠠᠨ ᠤ᠋ ᠲᠤᠶᠠᠭ᠎ᠠ ᠲᠠᠢ ᠬᠥᠭᠡᠷᠦᠬᠦᠨ ᠳᠡᠯᠡᠬᠡᠢ᠃
ᠬᠥᠭᠡᠷᠦᠬᠦᠨ ᠳᠡᠯᠡᠬᠡᠢ
ᠬᠥᠭᠵᠢᠯᠲᠡᠢ ᠳᠡᠯᠡᠬᠡᠢ
ᠮᠢᠨᠦ ᠳᠡᠯᠡᠬᠡᠢ
ᠮᠥᠩᠬᠡ ᠶ᠋ᠢᠨ ᠳᠡᠯᠡᠬᠡᠢ᠃
ᠬᠥᠭᠡᠷᠦᠬᠦᠨ ᠳᠡᠯᠡᠬᠡᠢ
ᠬᠥᠭᠵᠢᠯ ᠲᠡᠢ ᠳᠡᠯᠡᠬᠡᠢ
ᠮᠢᠨᠦ ᠳᠡᠯᠡᠬᠡᠢ
ᠮᠥᠩᠬᠡ ᠶ᠋ᠢᠨ ᠳᠡᠯᠡᠬᠡᠢ᠃
      ※ ᠶᠥ᠋ᠤ᠌ᠲ᠋ᠥ᠋ᠪ ᠨᠣᠮ ᠤ᠋ᠨ ᠰᠠᠩ2022 ᠣᠨ
   ᠦᠰᠦᠭ ᠠᠮᠢᠯᠠᠭᠤᠯᠤᠨ ᠬᠠᠳᠠᠭᠴᠢ᠄ ᠵᠡᠷᠮᠦᠳ ᠸ· ᠥᠯᠵᠡᠢ
   ᠬᠢᠨᠠᠭᠴᠢ᠄ ᠢᠷᠡᠭᠡᠳᠦᠢ᠂ ᠰᠣᠶᠣᠯ᠂ ᠾᠦᠩ ᠸᠧᠢ