ᠡᠵᠢ ᠬᠠᠢᠷᠬᠠᠨ ᠠᠭᠤᠯᠠ ᠶᠢᠨ ᠳᠣᠮᠣᠭЭэж хайрхан уулын домог ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠵᠢ ᠬᠠᠢᠷᠬᠠᠨ ᠠᠭᠤᠯᠠ ᠶᠢᠨ ᠳᠣᠮᠣᠭЭэж хайрхан уулын домог

ᠡᠵᠢ ᠬᠠᠢᠷᠬᠠᠨ ᠠᠭᠤᠯᠠ ᠶᠢᠨ ᠳᠣᠮᠣᠭЭэж хайрхан уулын домог

ᠠᠩᠭᠢᠯᠠᠯ:ᠳᠣᠮᠣᠭ ᠦᠯᠢᠭᠡᠷ
2024-06-01

650

ᠡᠵᠢ ᠬᠠᠢᠷᠬᠠᠨ ᠠᠭᠤᠯᠠ ᠶ᠋ᠢᠨ ᠳᠣᠮᠣᠭ

       ᠳᠣᠮᠣᠭ ᠦᠯᠢᠭᠡᠷ  
 ᠬᠠᠷᠠᠴᠠ ᠠᠷᠠᠳ ᠠ᠋ᠴᠠ ᠲᠥᠷᠥᠭᠰᠡᠨ ᠨᠢᠭᠡᠨ ᠥᠬᠢᠨ ᠥᠰᠴᠦ ᠲᠣᠮᠣᠷᠠᠭᠠᠳ ᠭᠤᠸ᠎ᠠ ᠦᠵᠡᠰᠬᠦᠯᠡᠩ ᠢ᠋ᠶ᠋ᠡᠷ ᠬᠠᠪᠢ ᠣᠢᠷ᠎ᠠ ᠳ᠋ᠤ᠌ ᠪᠠᠨ ᠱᠠᠭᠰᠢᠭᠳᠠᠬᠤ ᠪᠣᠯᠵᠠᠢ᠃ ᠪᠢᠷ᠎ᠠ ᠴᠢᠳᠠᠯ ᠰᠠᠢᠨ ᠲᠠᠢ ᠬᠠᠭᠠᠳ ᠨᠣᠶᠠᠳ ᠶᠡᠬᠡᠰ ᠳᠡᠭᠡᠳᠦᠰ ᠰᠦᠢ ᠪᠡᠯᠡᠭ ᠲᠠᠯᠪᠢᠶ᠎ᠠ ᠭᠡᠵᠦ ᠰᠡᠦᠬᠡ ᠲᠡᠷᠭᠡ ᠪᠡᠷ ᠭᠡᠷ ᠲᠦ᠍ ᠪᠡᠨ ᠠᠪᠴᠢᠷᠠᠵᠠᠢ᠃ ᠡᠬᠢᠨ ᠦ᠌ ᠨᠣᠶᠠᠨ ᠠᠵᠢᠶ᠎ᠠ ᠪᠣᠭᠳᠠ ᠡᠩ ᠦᠭᠡᠢ ᠰᠠᠢᠬᠠᠨ ᠵᠠᠩ ᠭᠠᠷᠭᠠᠵᠤ ᠡᠭᠡᠯ ᠦᠭᠡᠢ ᠬᠦᠨᠳᠦᠳᠬᠡᠯ ᠦᠵᠡᠭᠦᠯᠦᠭᠰᠡᠨ ᠴᠦ᠍ ᠡᠷᠭᠢᠬᠦ ᠬᠣᠷᠸ᠎ᠠ ᠶ᠋ᠢᠨ ᠵᠢᠮ᠎ᠡ ᠪᠡᠷ ᠲᠣᠯᠣᠭᠠᠢ ᠳ᠋ᠤ᠌ ᠨᠢ ᠪᠤᠭᠤᠷᠤᠯ ᠣᠷᠣᠭᠰᠠᠨ ᠢ᠋ ᠪᠦᠰᠡᠭᠦᠢ ᠠᠵᠢᠶᠠᠷᠠᠭᠠᠳ ᠭᠣᠯᠣᠴᠢᠬᠠᠵᠠᠢ᠃ ᠳᠠᠷᠠᠭ᠎ᠠ ᠨᠢ ᠨᠣᠶᠠᠨ ᠪᠤᠷᠬᠠᠨ ᠪᠤᠭᠤᠳᠠᠢ ᠪᠦᠰᠡᠭᠦᠢ ᠶ᠋ᠢ ᠭᠡᠷ ᠲᠦ᠍ ᠪᠡᠨ ᠵᠠᠯᠠᠬᠤ ᠳ᠋ᠤ᠌ ᠪᠠᠨ ᠨᠢᠭᠡᠨᠲᠡ ᠡᠪᠦᠭᠡᠨ ᠠᠵᠢᠶ᠎ᠠ ᠶ᠋ᠢ ᠭᠣᠯᠣᠭᠰᠠᠨ ᠶᠤᠮ ᠴᠢᠨᠢ ᠨᠠᠳᠠ ᠲᠠᠢ ᠰᠠᠭᠤᠬᠤ ᠨᠢ ᠭᠠᠷᠴᠠᠭ᠎ᠠ ᠦᠭᠡᠢ ᠭᠡᠳ ᠶᠡᠬᠡᠷᠬᠡᠦ ᠵᠠᠩ ᠭᠠᠷᠭᠠᠵᠤ ᠬᠠᠳᠠᠨ ᠬᠠᠢᠷᠬᠠᠨ ᠳ᠋ᠤ᠌ ᠠᠭᠤᠯᠵᠠᠶ᠎ᠠ ᠬᠦᠯᠢᠶᠡᠵᠦ ᠪᠠᠢ ᠭᠡᠳ ᠢᠯᠴᠢ ᠢᠯᠡᠭᠡᠬᠦ ᠳ᠋ᠦ᠍ ᠪᠦᠰᠡᠭᠦᠢ ᠡᠨᠡ ᠶᠡᠬᠡᠰ ᠳᠡᠭᠡᠳᠦᠰ ᠢᠩᠭᠢᠭᠡᠳ ᠯᠡ ᠨᠢᠭᠡ ᠵᠢᠪᠡᠭᠦᠨ ᠰᠢᠦ ᠵᠠ ᠶᠠᠷᠰᠢᠭ ᠪᠤᠴᠠᠶ᠎ᠠ ᠭᠡᠳ ᠵᠠᠮ ᠳᠠᠭᠠᠤ ᠠᠭᠤᠯᠠ ᠶ᠋ᠢᠨ ᠬᠣᠷᠮᠣᠢ ᠳ᠋ᠤ᠌ ᠬᠣᠶᠠᠷ ᠬᠥᠯ ᠢ᠋ᠶ᠋ᠡᠨ ᠨᠤᠭᠤᠯᠤᠨ ᠬᠡᠪᠲᠡᠲᠡᠯ᠎ᠡ ᠵᠦᠭᠦᠷᠮᠡᠭᠯᠡᠴᠢᠬᠡᠵᠦ ᠭᠡᠨ᠎ᠡ᠃ ᠡᠨᠡ ᠵᠠᠭᠤᠷ᠎ᠠ ᠪᠤᠷᠬᠠᠨ ᠪᠤᠭᠤᠳᠠᠢ ᠶ᠋ᠢᠨ ᠢᠯᠴᠢ ᠨᠠᠷ ᠢᠷᠡᠭᠡᠳ ᠪᠦᠰᠡᠭᠦᠢ ᠶ᠋ᠢ ᠪᠦᠷᠢᠮᠦᠰᠦᠨ ᠠᠯᠳᠠᠴᠢᠬᠠᠵᠤ ᠮᠡᠳᠡᠨ᠎ᠡ ᠭᠡᠳ ᠡᠯᠡᠰᠦ ᠪᠡᠷ ᠬᠣᠷᠮᠣᠢ ᠶ᠋ᠢ ᠨᠢ ᠳᠠᠷᠤᠵᠤ ᠣᠷᠬᠢᠵᠤ ᠭᠡᠨ᠎ᠡ ᠢᠩᠭᠢᠭᠡᠳ ᠪᠦᠰᠡᠭᠦᠢ ᠡᠨᠳᠡ ᠪᠡᠨ ᠡᠭᠦᠷᠢᠳᠡ ᠦᠯᠡᠳᠡᠵᠦ ᠡᠵᠢ ᠬᠠᠢᠷᠬᠠᠨ ᠠᠭᠤᠯᠠ ᠡᠭᠦᠰᠦᠭᠰᠡᠨ ᠶᠦᠮ ᠭᠡᠳᠡᠭ᠃ 
    ᠦᠰᠦᠭ ᠠᠮᠢᠯᠠᠭᠤᠯᠤᠨ ᠬᠠᠲᠠᠭᠴᠢ᠄ ᠯᠢᠩᠬᠤᠸᠠᠴᠡᠴᠡᠭ 
 ᠬᠢᠨᠠᠭᠴᠢ᠄ ᠤᠳᠬᠠᠨᠴᠡᠴᠡᠭ