ᠡᠬᠡ ᠬᠡᠯᠡ ᠪᠡᠨ ᠬᠦᠨᠳᠦᠳᠬᠡᠪᠡᠯ ᠪᠤᠰᠤᠳ ᠦᠨᠳᠦᠰᠦᠲᠡᠨ ᠦ᠌ ᠬᠦᠨᠳᠦᠳᠬᠡᠯ ᠢ᠋ ᠣᠯᠤᠨ᠎ᠠ
ᠡᠬᠡ ᠬᠡᠯᠡ ᠪᠡᠨ ᠬᠦᠨᠳᠦᠳᠬᠡᠪᠡᠯ ᠪᠤᠰᠤᠳ ᠦᠨᠳᠦᠰᠦᠲᠡᠨ ᠦ᠌ ᠬᠦᠨᠳᠦᠳᠬᠡᠯ ᠢ᠋ ᠣᠯᠤᠨ᠎ᠠ
ᠵᠠ᠂ ᠪᠦᠭᠦᠳᠡᠭᠡᠷ ᠢ᠋ᠶ᠋ᠡᠨ ᠰᠠᠢᠨ ᠪᠠᠢᠨ᠎ᠠ ᠤᠤ? ᠰᠠᠢᠬᠠᠨ ᠨᠠᠮᠤᠷᠵᠢᠵᠤ ᠪᠠᠢᠨ᠎ᠠ ᠤᠤ?
ᠢᠩᠭᠢᠭᠡᠳ ᠳᠤᠯᠠᠭᠠᠨ ᠤ᠋《ᠠᠶᠠᠯᠠᠯ ᠤ᠋ᠨ ᠳᠤᠷᠠᠰᠤᠮᠵᠢ》 ᠬᠦᠪᠦᠷᠡᠵᠦ ᠪᠠᠢᠨ᠎ᠠ᠃ ᠢᠩᠭᠢᠭᠡᠳ ᠡᠬᠡ ᠪᠣᠯᠤᠭᠰᠠᠨ ᠮᠣᠩᠭᠣᠯ ᠬᠡᠯᠡ ᠪᠡᠷ ᠢ᠋ᠶ᠋ᠡᠨ ᠬᠣᠯᠢᠴᠠ ᠦᠭᠡᠢ ᠶᠠᠷᠢᠵᠤ ᠶᠠᠪᠤᠬᠤ ᠳ᠋ᠤ᠌ ᠪᠠᠰᠠ ᠪᠤᠰᠤᠳ ᠣᠯᠠᠨ ᠦᠨᠳᠦᠰᠦᠲᠡᠨ ᠦ᠌ ᠬᠥᠮᠦᠰ ᠦ᠋ᠨ ᠬᠦᠨᠳᠦᠳᠬᠡᠯ ᠢ᠋ ᠣᠯᠳᠠᠭ ᠶᠤᠮ ᠠ᠋!
ᠪᠢ ᠭᠤᠸᠠᠩᠵᠸᠦ ᠳ᠋ᠦ᠍ ᠠᠶᠠᠯᠠᠵᠤ ᠪᠠᠢᠬᠤ ᠳ᠋ᠤ᠌ ᠪᠠᠨ ᠬᠥᠯ ᠪᠥᠮᠪᠥᠭᠡ ᠲᠣᠭᠯᠠᠳᠠᠭ ᠨᠢᠭᠡ ᠠᠬ᠎ᠠ ᠲᠠᠢ ᠠᠭᠤᠯᠵᠠᠭᠠᠳ《ᠪᠢ ᠮᠣᠩᠭᠣᠯ ᠬᠥᠮᠦᠨ》 ᠭᠡᠳᠡᠭ ᠡᠢᠮᠦ ᠲᠠᠮᠢᠷ ᠤ᠋ᠨ ᠬᠤᠪᠴᠠᠰᠤ᠂ ᠮᠠᠨ ᠤ᠋ ᠪᠠᠭ ᠤ᠋ᠨ ᠬᠤᠪᠴᠠᠰᠤ ᠡᠮᠦᠰᠦᠭᠡᠳ ᠶᠠᠪᠤᠵᠤ ᠪᠠᠢᠭᠰᠠᠨ ᠴᠢᠨᠢ᠄《ᠬᠥᠶᠢ᠂ ᠴᠢ ᠮᠣᠩᠭᠣᠯ ᠬᠥᠮᠦᠨ ᠤᠤ?》 ᠶᠡᠬᠡ ᠭᠠᠢᠬᠠᠳᠠᠭ ᠶᠤᠮ᠃《ᠲᠡᠢᠮᠦ ᠠ᠋!》 ᠭᠡᠰᠡᠨ ᠳ᠋ᠦ᠍《ᠠ᠋᠁ ᠴᠢ ᠮᠣᠩᠭᠣᠯ ᠢ᠋ᠶ᠋ᠠᠷ ᠶᠠᠷᠢᠵᠤ ᠴᠢᠳᠠᠨ᠎ᠠ ᠤᠤ?》 ᠲᠡᠭᠡᠭᠡᠳ ᠪᠢ᠄《ᠴᠢᠳᠠᠨ᠎ᠠ!》᠃ ᠠ᠋᠁ ᠶᠠᠷᠢᠭᠰᠠᠨ ᠴᠢᠨᠢ᠄《ᠥ᠂ ᠲᠡᠢᠮᠦ ᠪᠠᠢᠨ᠎ᠠ᠂ ᠲᠡᠭᠡᠪᠡᠯ ᠶᠠᠭᠤ ᠪᠠᠢᠨ᠎ᠠ᠂ ᠠ᠁ ᠴᠢ ᠬᠢᠲᠠᠳ ᠬᠡᠯᠡ ᠪᠡᠷ ᠪᠠᠰᠠ ᠶᠠᠷᠢᠨ᠎ᠠ᠂ ᠠᠩᠭ᠌ᠯᠢ ᠬᠡᠯᠡ ᠪᠡᠷ ᠪᠠᠰᠠ ᠶᠠᠷᠢᠨ᠎ᠠ᠂ ᠴᠢ ᠴᠢᠨᠢ ᠭᠤᠷᠪᠠᠨ ᠬᠡᠯᠡ ᠲᠡᠢ᠂ ᠠ᠂ ᠲᠡᠭᠡᠭᠡᠳ ᠮᠣᠩᠭᠣᠯ ᠬᠥᠮᠦᠨ ᠣᠳᠣ ᠶᠠᠭᠠᠬᠢᠵᠤ ᠪᠠᠢᠨ᠎ᠠ?》᠃ ᠪᠢ᠄《ᠴᠠᠭ ᠤ᠋ᠨ ᠢ᠋ᠶ᠋ᠠᠨ ᠥᠩᠭᠡᠨ ᠳ᠋ᠦ᠍ ᠣᠳᠣ ᠤᠷᠤᠭᠰᠢᠯᠠᠵᠤ ᠪᠠᠢᠨ᠎ᠠ!》 ᠭᠡᠰᠡᠨ ᠴᠢᠨᠢ᠄《ᠠ᠁ ᠨᠢᠭᠡ ᠰᠢᠯᠢᠳᠡᠭ ᠦᠨᠳᠦᠰᠦᠲᠡᠨ ᠦ᠌ ᠡᠷᠬᠢᠮ ᠴᠢᠨᠠᠷ ᠤ᠋ᠨ ᠬᠢᠨᠢ ᠡᠷᠡᠨ ᠵᠠᠭᠤᠨ ᠪᠣᠯᠭᠠᠨ ᠳ᠋ᠠᠬᠢ ᠢᠯᠡᠷᠬᠡᠢᠯᠡᠯ ᠪᠦᠷ ᠠᠳᠠᠯᠢ ᠦᠭᠡᠢ ᠰᠢᠦ᠂ ᠮᠣᠩᠭᠣᠯ ᠬᠥᠮᠦᠨ ᠪᠣᠯ ᠰᠢᠯᠢᠳᠡᠭ ᠰᠢᠦ! ᠴᠢ ᠦᠵᠡ ᠳᠡ᠂ ᠥᠨᠥᠳᠥᠷ ᠪᠦᠬᠦ ᠤᠯᠤᠰ ᠢ᠋ᠶ᠋ᠠᠷ ᠢ᠋ᠶ᠋ᠠᠨ ᠣᠳᠣ〈 ᠮᠣᠩᠭᠣᠯ ᠮᠣᠷᠢᠨ ᠤ᠋ ᠵᠣᠷᠢᠭ ᠰᠠᠨᠠᠭ᠎ᠠ〉 ᠶ᠋ᠢ ᠰᠤᠷᠤᠯᠴᠠᠵᠤ ᠪᠠᠢᠨ᠎ᠠ᠂ ᠬᠡᠳᠦᠢ ᠰᠠᠢᠨ ᠤᠴᠢᠷ ᠤᠤ⁈》᠃
ᠲᠡᠭᠡᠭᠡᠳ ᠪᠢ ᠪᠣᠳᠣᠯ᠎ᠠ᠄ ᠠ᠁ ᠥᠪᠡᠷ ᠦ᠋ᠨ ᠡᠬᠡ ᠬᠡᠯᠡ ᠪᠡᠨ ᠬᠣᠯᠢᠴᠠ ᠦᠭᠡᠢ ᠶᠠᠷᠢᠵᠤ᠂ ᠡᠬᠡ ᠬᠡᠯᠡ ᠪᠡᠨ ᠥᠪᠡᠷ ᠢ᠋ᠶ᠋ᠡᠨ ᠬᠦᠨᠳᠦᠳᠬᠡᠵᠦ ᠶᠠᠪᠤᠪᠠᠯ ᠬᠥᠮᠦᠨ ᠴᠢᠮ᠎ᠠ ᠶ᠋ᠢ ᠬᠦᠨᠳᠦᠳᠬᠡᠨ᠎ᠡ᠃ ᠠ᠂ ᠲᠡᠭᠡᠭᠡᠳ ᠪᠤᠰᠤᠳ ᠦᠨᠳᠦᠰᠦᠲᠡᠨ ᠦ᠌ ᠬᠡᠯᠡ ᠶ᠋ᠢ ᠪᠠᠰᠠ ᠣᠳᠣ ᠰᠠᠢᠨ ᠰᠤᠷᠤᠯᠴᠠᠭᠠᠳ ᠶᠠᠪᠤᠬᠤ ᠶᠤᠮ ᠪᠣᠯ ᠥᠪᠡᠷ ᠦ᠋ᠨ ᠬᠡᠯᠡ ᠰᠣᠶᠣᠯ ᠢ᠋ᠶ᠋ᠠᠨ ᠪᠠᠰᠠ ᠪᠤᠰᠤᠳ ᠲᠤ ᠲᠠᠨᠢᠯᠴᠠᠭᠤᠯᠵᠤ ᠴᠢᠳᠠᠨ᠎ᠠ᠂ ᠡᠨᠡ ᠵᠠᠮ ᠣᠳᠣ ᠢᠩᠭᠢᠵᠦ ᠵᠣᠷᠢᠭᠲᠠᠢ ᠭᠠᠷᠤᠭᠰᠠᠨ᠃
ᠦᠰᠦᠭ ᠠᠮᠢᠯᠠᠭᠤᠯᠤᠭᠴᠢ᠄ ᠮᠥᠩᠬᠡ ᠭᠠᠯ
ᠦᠰᠦᠭ ᠬᠠᠲᠠᠭᠴᠢ᠄ ᠮᠥᠩᠬᠡ ᠭᠠᠯ
ᠬᠢᠨᠠᠭᠴᠢ᠄ ᠳᠠᠪᠰᠢᠯᠳᠤ᠂ ᠠᠯᠲᠠᠨᠴᠢᠮᠡᠭ
