ᠡᠴᠦᠰ ᠲᠦ᠍ ᠨᠣᠬᠠᠢ ᠲᠡᠵᠢᠭᠡᠨ᠎ᠡ- ᠳ· ᠨᠠᠴᠤᠭᠳᠣᠷᠵᠢЭцэст нохой тэжээнэ-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠴᠦᠰ ᠲᠦ᠍ ᠨᠣᠬᠠᠢ ᠲᠡᠵᠢᠭᠡᠨ᠎ᠡ- ᠳ· ᠨᠠᠴᠤᠭᠳᠣᠷᠵᠢЭцэст нохой тэжээнэ-Д.Нацагдорж

ᠡᠴᠦᠰ ᠲᠦ᠍ ᠨᠣᠬᠠᠢ ᠲᠡᠵᠢᠭᠡᠨ᠎ᠡ- ᠳ· ᠨᠠᠴᠤᠭᠳᠣᠷᠵᠢЭцэст нохой тэжээнэ-Д.Нацагдорж

2024-06-01

300

ᠡᠴᠦᠰ ᠲᠦ᠍ ᠨᠣᠬᠠᠢ ᠲᠡᠵᠢᠭᠡᠨ᠎ᠡ

                   ᠳ· ᠨᠠᠴᠤᠭᠳᠣᠷᠵᠢ 

ᠬᠥᠮᠦᠨ ᠦ᠌ ᠠᠮᠢᠳᠤ ᠮᠡᠨᠳᠦ ᠣᠷᠣᠰᠢᠬᠤ ᠭᠡᠭᠴᠢ ᠶᠠᠭᠤᠲᠠᠢ ᠪᠠᠶᠠᠰᠬᠤᠯᠠᠩᠲᠠᠢ᠂
ᠡᠨᠡ ᠳᠡᠯᠡᠬᠡᠢ ᠶ᠋ᠢᠨ ᠨᠠᠷᠠᠨ ᠳᠣᠣᠷ᠎ᠠ ᠵᠢᠷᠭᠠᠬᠤ ᠭᠡᠭᠴᠢ ᠶᠠᠭᠤᠲᠠᠢ ᠲᠠᠭᠠᠯᠠᠮᠵᠢᠲᠠᠢ᠃

ᠡᠷᠡᠭᠦᠯ ᠰᠠᠢᠬᠠᠨ ᠨᠠᠢᠷ ᠨᠠᠭᠠᠳᠤᠮ ᠢ᠋ ᠥᠩᠭᠡᠷᠡᠭᠡᠬᠦ ᠶᠠᠭᠤᠲᠠᠢ ᠰᠠᠢᠬᠠᠨ᠂
ᠡᠨᠡ ᠪᠡᠶ᠎ᠡ ᠪᠡᠨ ᠲᠣᠷᠳᠠᠨ ᠥᠰᠬᠡᠬᠦ ᠶᠠᠭᠤᠲᠠᠢ ᠵᠢᠷᠭᠠᠯᠠᠩᠲᠠᠢ᠃

ᠣᠳᠣ ᠪᠠᠢᠭᠠᠯᠢ ᠶ᠋ᠢᠨ ᠬᠤᠪᠢᠷᠠᠬᠤ ᠭᠡᠭᠴᠢ ᠶᠠᠭᠤᠲᠠᠢ ᠰᠣᠨᠢᠷᠬᠠᠯᠲᠠᠢ᠂
ᠡᠮᠡᠭᠡᠨ ᠪᠣᠯᠵᠤ ᠥᠲᠡᠯᠬᠦ ᠭᠡᠭᠴᠢ ᠶᠠᠭᠤᠲᠠᠢ ᠲᠦᠷᠭᠡᠨ᠃

ᠬᠣᠣᠷᠲᠤ ᠡᠪᠡᠳᠴᠢᠨ ᠳ᠋ᠦ᠍ ᠠᠯᠲᠠᠨ ᠭᠣᠣᠯ ᠢ᠋ ᠠᠯᠳᠠᠬᠤ ᠭᠡᠭᠴᠢ ᠶᠠᠭᠤᠲᠠᠢ ᠠᠶᠤᠮᠰᠢᠭᠲᠠᠢ᠃
ᠬᠣᠢᠲᠤ ᠲᠠᠯ᠎ᠠ ᠶ᠋ᠢᠨ ᠡᠩᠭᠡᠷ ᠲᠦ᠍ ᠬᠣᠭ ᠤ᠋ᠨ ᠨᠣᠬᠠᠢ ᠶ᠋ᠢ ᠲᠡᠵᠢᠭᠡᠬᠦ ᠭᠡᠭᠴᠢ ᠶᠠᠭᠤᠲᠠᠢ ᠭᠤᠲᠤᠮᠰᠢᠭᠲᠠᠢ᠃

ᠬᠥᠮᠦᠨ ᠦ᠌ ᠪᠡᠶ᠎ᠡ ᠪᠡᠷ ᠨᠣᠬᠠᠢ ᠲᠡᠵᠢᠭᠡᠬᠦ ᠭᠡᠭᠴᠢ
ᠹᠧᠣᠳᠠᠯ ᠤ᠋ᠨ ᠦᠶ᠎ᠡ ᠶ᠋ᠢᠨ ᠪᠠᠩᠵᠠ ᠱᠠᠬᠠᠢ ᠳ᠋ᠤ᠌ ᠵᠤᠯᠭᠠᠭᠠᠯᠭᠠᠬᠤ ᠠ᠋ᠴᠠ ᠶᠠᠭᠤᠨ ᠤ᠋ ᠥᠭᠡᠷ᠎ᠡ ᠠᠵᠢ᠃
           1928 ᠣᠨ
   ᠦᠰᠦᠭ ᠠᠮᠢᠯᠠᠭᠤᠯᠤᠭᠴᠢ᠄ ᠰᠤᠳᠤᠯᠲᠤ
   ᠬᠢᠨᠠᠭᠴᠢ᠄ ᠣᠳᠬᠠᠨᠰᠣ᠎ᠠ