ᠬᠣᠶᠠᠷ ᠢᠰᠢᠭᠡ - ᠳ· ᠨᠠᠴᠤᠭᠳᠣᠷᠵᠢХоёр ишиг-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠶᠠᠷ ᠢᠰᠢᠭᠡ - ᠳ· ᠨᠠᠴᠤᠭᠳᠣᠷᠵᠢХоёр ишиг-Д.Нацагдорж

ᠬᠣᠶᠠᠷ ᠢᠰᠢᠭᠡ - ᠳ· ᠨᠠᠴᠤᠭᠳᠣᠷᠵᠢХоёр ишиг-Д.Нацагдорж

2024-06-01

302

ᠬᠣᠶᠠᠷ ᠢᠰᠢᠭᠡ

        ᠳ· ᠨᠠᠴᠤᠭᠳᠣᠷᠵᠢ 

ᠬᠠᠪᠤᠷ ᠤ᠋ᠨ ᠨᠠᠷᠠ ᠰᠢᠷᠠᠯᠠᠭᠠᠳ 
ᠡᠪᠦᠯᠵᠢᠶᠡᠨ ᠦ᠌ ᠳᠣᠲᠣᠷ᠎ᠠ ᠪᠦᠯᠢᠶᠡᠨ ᠳᠤᠯᠠᠭᠠᠨ᠃
ᠬᠣᠲᠠ ᠶ᠋ᠢᠨ ᠳᠤᠮᠳᠠ ᠬᠣᠨᠢ ᠢᠮᠠᠭ᠎ᠠ ᠮᠠᠢᠯᠠᠯᠳᠤᠭᠠᠳ 
ᠬᠣᠶᠠᠷ ᠢᠰᠢᠭᠡ ᠵᠡᠯ᠎ᠡ ᠶ᠋ᠢᠨ ᠬᠠᠵᠠᠭᠤ ᠳ᠋ᠤ᠌ ᠮᠥᠷᠭᠥᠯᠳᠦᠨ ᠨᠠᠭᠠᠳᠤᠨ᠎ᠠ᠃
ᠠᠯᠠᠭ ᠢᠮᠠᠭᠠᠨ ᠤ᠋ ᠢᠰᠢᠭᠡ ᠬᠣᠷᠢᠨ ᠬᠣᠨᠣᠭ ᠲᠠᠢ 
ᠰᠠᠷᠠᠯ ᠢᠮᠠᠭᠠᠨ ᠤ᠋ ᠢᠰᠢᠭᠡ ᠨᠢᠭᠡ ᠰᠠᠷ᠎ᠠ ᠲᠠᠢ᠂
ᠬᠣᠶᠠᠭᠤᠯᠠ ᠪᠠᠨ ᠨᠢᠯᠬ᠎ᠠ ᠪᠣᠯᠣᠳ ᠪᠡᠰᠡᠷᠡᠭ᠃
ᠡᠪᠡᠷ ᠨᠢ ᠤᠷᠭᠤᠭ᠎ᠠ ᠦᠭᠡᠢ ᠪᠣᠯᠪᠠᠴᠤ 
ᠮᠠᠩᠨᠠᠢ ᠳᠡᠭᠡᠷ᠎ᠡ ᠪᠡᠨ ᠥᠴᠦᠬᠡᠨ ᠲᠣᠪᠣᠢᠵᠠᠢ᠃
ᠠᠯᠠᠭ ᠢᠮᠠᠭᠠᠨ ᠤ᠋ ᠢᠰᠢᠭᠡ ᠬᠣᠯᠠ ᠠ᠋ᠴᠠ
ᠬᠤᠷᠳᠤᠨ ᠬᠤᠷᠳᠤᠨ ᠭᠦᠶᠦᠨ ᠢᠷᠡᠵᠦ
ᠮᠥᠷᠭᠥᠨ ᠭᠡᠳᠡᠷᠭᠦ ᠪᠤᠴᠠᠨ᠎ᠠ᠃
ᠰᠠᠷᠠᠯ ᠢᠮᠠᠭᠠᠨ ᠤ᠋ ᠢᠰᠢᠭᠡ ᠳᠣᠣᠷ᠎ᠠ ᠪᠠᠨ
ᠰᠢᠯᠵᠢᠨ ᠵᠣᠭᠰᠣᠵᠤ ᠬᠦᠯᠢᠶᠡᠯ᠎ᠡ᠃
ᠬᠡᠳᠦᠨᠲᠡ ᠮᠥᠷᠭᠥᠯᠳᠦᠨ ᠰᠤᠷᠭᠠᠭᠤᠯᠢ ᠬᠢᠭᠡᠳ
ᠬᠣᠶᠠᠭᠤᠯᠠ ᠪᠠᠨ ᠵᠡᠷᠭᠡᠴᠡᠨ ᠬᠠᠷᠠᠢᠯᠳᠤᠨ ᠬᠣᠲᠠ ᠳ᠋ᠤ᠌ ᠣᠷᠣᠵᠤ
ᠲᠤᠰ ᠲᠤᠰ ᠤ᠋ᠨ ᠡᠬᠡ ᠶ᠋ᠢ ᠡᠷᠢᠨ᠎ᠡ᠃
ᠬᠣᠶᠠᠷ ᠢᠮᠠᠭ᠎ᠠ ᠤᠭᠲᠤᠨ ᠮᠠᠢᠯᠠᠵᠤ
ᠬᠦᠯᠢᠶᠡᠨ ᠠᠪᠬᠤ ᠪᠥᠭᠡᠳ
ᠬᠣᠶᠠᠷ ᠢᠰᠢᠭᠡ ᠰᠥᠭᠥᠳᠦᠨ ᠬᠥᠬᠥᠬᠦ ᠨᠢ ᠬᠥᠭᠡᠷᠦᠬᠦᠨ᠃

    ᠦᠰᠦᠭ ᠠᠮᠢᠯᠠᠭᠤᠯᠤᠭᠴᠢ᠄ ᠭᠠᠷᠮ ‍ᠠ᠋
    ᠬᠢᠨᠠᠭᠴᠢ᠄ ᠰᠡᠬᠡᠭᠡᠷᠡᠯ᠂ ᠤᠳᠬᠠᠰᠣ᠎ᠠ