ᠮᠢᠨᠦ ᠡᠵᠢ ᠰᠡᠬᠡᠭᠡᠲᠡᠨ ᠭᠠᠢᠬᠠᠯᠲᠠᠢ ᠰᠣᠷᠢᠨᠵᠢᠨ - ᠳ· ᠨᠠᠴᠤᠭᠳᠣᠷᠵᠢ ᠣᠬᠣᠷ ᠰᠢᠯᠦᠭ Д.Нацагдорж
ᠮᠢᠨᠦ ᠡᠵᠢ ᠰᠡᠬᠡᠭᠡᠲᠡᠨ ᠭᠠᠢᠬᠠᠯᠲᠠᠢ ᠰᠣᠷᠢᠨᠵᠢᠨ
ᠮᠢᠨᠦ ᠡᠵᠢ
ᠮᠣᠩᠭᠣᠯ ᠤ᠋ᠨ ᠦᠵᠡᠰᠬᠦᠯᠡᠩᠲᠦ ᠰᠠᠷᠠᠨ ᠭᠤᠸ᠎ᠠ ᠨᠠᠮᠠᠶ᠋ᠢ ᠲᠥᠷᠥᠭᠦᠯᠦᠭᠰᠡᠨ ᠡᠵᠢ
ᠢᠷᠠᠭᠤ ᠰᠠᠢᠬᠠᠨ ᠡᠭᠡᠰᠢᠭ ᠢ᠋ᠶ᠋ᠡᠷ ᠢ᠋ᠶ᠋ᠡᠨ ᠪᠥᠩ ᠪᠦᠩ ᠪᠦᠪᠡᠢᠯᠡᠭᠰᠡᠨ ᠡᠵᠢ
ᠵᠥᠭᠡᠯᠡᠨ ᠴᠠᠭᠠᠨ ᠭᠠᠷ ᠢ᠋ᠶ᠋ᠠᠷ ᠢ᠋ᠶ᠋ᠠᠨ ᠬᠥᠳᠡᠯᠭᠡᠨ ᠥᠰᠬᠡᠭᠰᠡᠨ ᠡᠵᠢ
ᠵᠦᠢᠲᠡᠢ ᠤᠷᠠᠨ ᠦᠭᠡᠰ ᠢ᠋ᠶ᠋ᠡᠷ ᠢ᠋ᠶ᠋ᠡᠨ ᠰᠤᠷᠭᠠᠨ ᠬᠥᠮᠦᠵᠢᠭᠦᠯᠦᠭᠰᠡᠨ ᠡᠵᠢ᠃
ᠰᠡᠬᠡᠭᠡᠲᠡᠨ
ᠵᠣᠷᠢᠭᠲᠤ ᠮᠣᠩᠭᠣᠯ ᠤ᠋ᠨ ᠠᠴᠢ ᠨᠠᠷ ᠲᠦᠮᠡᠨ ᠲᠦᠮᠡᠨ ᠦᠷᠡᠰ
ᠵᠣᠯᠪᠣᠭᠠᠲᠤ ᠬᠥᠪᠡᠭᠦᠳ ᠥᠬᠢᠳ ᠴᠣᠭ ᠵᠠᠯᠢ ᠲᠡᠭᠦᠰ
ᠬᠦᠨᠳᠦᠲᠦ ᠨᠡᠷ᠎ᠡ ᠪᠡᠨ ᠳᠠᠭᠤᠳᠠᠭᠤᠯᠤᠭᠰᠠᠭᠠᠷ ᠬᠣᠢᠴᠢ ᠶ᠋ᠢ ᠵᠠᠯᠭᠠᠮᠵᠢᠯᠠᠬᠤ ᠵᠠᠯᠠᠭᠤᠰ
ᠬᠥᠳᠡᠭᠡ ᠶ᠋ᠢᠨ ᠠᠭᠤᠯᠠ ᠲᠠᠯ᠎ᠠ ᠪᠠᠷ ᠰᠣᠶᠣᠯ ᠢ᠋ ᠲᠠᠷᠢᠬᠤ ᠬᠥᠮᠦᠰ᠃
ᠭᠠᠢᠬᠠᠯᠲᠠᠢ
ᠬᠠᠷ᠎ᠠ ᠮᠠᠯᠠᠭ᠎ᠠ ᠲᠠᠢ ᠵᠠᠯᠠᠭᠤ ᠡᠬᠡᠨᠡᠷ ᠦ᠋ᠨ
ᠦᠵᠡᠰᠬᠦᠯᠡᠩ ᠢ᠋ ᠪᠢ ᠶᠡᠬᠡᠳᠡ ᠮᠠᠭᠲᠠᠨ᠎ᠠ᠃
ᠬᠠᠯᠵᠠᠨ ᠲᠣᠯᠣᠭᠠᠢ ᠲᠠᠢ ᠲᠡᠭᠦᠨ ᠦ᠌ ᠨᠥᠬᠥᠷ ᠦ᠋ᠨ
ᠠᠷᠭ᠎ᠠ ᠶ᠋ᠢ ᠪᠢ ᠪᠠᠰᠠ ᠭᠠᠢᠬᠠᠨ᠎ᠠ᠃
ᠰᠣᠷᠢᠨᠵᠢᠨ
ᠴᠠᠭᠠᠨ ᠲᠤᠭᠤᠷᠭᠠᠨ ᠤ᠋ ᠬᠠᠵᠠᠭᠤ ᠳ᠋ᠤ᠌
ᠤᠯᠠᠭᠠᠨ ᠮᠠᠯᠠᠭᠠᠢ ᠲᠤᠶᠠᠭᠠᠷᠠᠬᠤ ᠪᠥᠭᠡᠳ
ᠤᠯᠠᠭᠠᠨ ᠮᠠᠯᠠᠭᠠᠢ ᠶ᠋ᠢᠨ ᠳᠣᠭᠤᠤᠷ
ᠬᠠᠰ ᠤ᠋ᠨ ᠴᠢᠷᠠᠢ ᠶ᠋ᠢ ᠭᠡᠷᠡᠯᠲᠦᠭᠦᠯᠦᠭᠴᠢ
ᠴᠡᠪᠡᠷᠬᠡᠨ ᠲᠥᠷᠥᠭᠰᠡᠨ ᠵᠠᠯᠠᠭᠤ ᠥᠬᠢᠨ
ᠮᠢᠨᠦ ᠰᠡᠳᠬᠢᠯ ᠢ᠋ ᠪᠤᠯᠢᠶᠠᠨ᠎ᠠ
ᠦᠰᠦᠭ ᠠᠮᠢᠯᠠᠭᠤᠯᠤᠭᠴᠢ᠄ ᠰᠤᠳᠤᠯᠲᠤ
ᠬᠢᠨᠠᠭᠴᠢ᠄ ᠭᠠᠷᠮ᠎ᠠ᠂ ᠣᠳᠬᠠᠨᠰᠣ᠎ᠠ
