ᠵᠦᠩᠭᠠᠷ ᠬᠠᠵᠠᠭᠠᠷ ᠡᠪᠡᠰᠦЗөнгар хазаар өвс ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠩᠭᠠᠷ ᠬᠠᠵᠠᠭᠠᠷ ᠡᠪᠡᠰᠦЗөнгар хазаар өвс

ᠵᠦᠩᠭᠠᠷ ᠬᠠᠵᠠᠭᠠᠷ ᠡᠪᠡᠰᠦЗөнгар хазаар өвс

2024-06-01

303

ᠵᠦᠩᠭᠠᠷ ᠬᠠᠵᠠᠭᠠᠷ ᠡᠪᠡᠰᠦ

              ᠦᠶᠡᠲᠦ ᠤᠷᠭᠤᠮᠠᠯ ᠦ᠋ᠨ ᠢᠵᠠᠭᠤᠷ 

      ᠢᠬᠴᠤ ᠪᠣᠳᠠᠯᠠᠵᠤ ᠤᠷᠭᠤᠬᠤ ᠣᠯᠠᠨ ᠨᠠᠰᠤᠲᠠᠢ ᠡᠪᠡᠰᠦᠯᠢᠭ ᠤᠷᠭᠤᠮᠠᠯ᠃ ᠰᠦᠷᠡᠯ ᠨᠢ12—40cm ᠥᠨᠳᠥᠷ᠂ ᠣᠯᠠᠨ ᠦᠶ᠎ᠡ ᠲᠡᠢ᠂ ᠦᠰᠦ ᠦᠭᠡᠢ᠃ ᠨᠠᠪᠴᠢᠨ ‍ᠤ ᠲᠤᠭᠲᠤᠢ ᠨᠢ ᠦᠶ᠎ᠡ ᠶ᠋ᠢᠨ ᠵᠠᠢ ᠠ᠋ᠴᠠ ᠤᠷᠲᠤ᠂ ᠡᠰᠡᠬᠦᠯ᠎ᠡ ᠡᠰᠢᠨ ‍ᠦ ᠳᠤᠮᠳᠠ ᠬᠡᠰᠡᠭ ᠦ᠋ᠨ ᠨᠠᠪᠴᠢᠨ ‍ᠤ ᠲᠤᠭᠲᠤᠢ ᠨᠢ ᠪᠠᠬᠠᠨ ᠣᠬᠣᠷ᠂ ᠦᠰᠦ ᠦᠭᠡᠢ᠂ ᠵᠥᠪᠬᠡᠨ ᠠᠮᠠᠰᠠᠷ ᠲᠤᠨᠢ ᠲᠠᠷᠠᠮᠠᠭ ᠤᠷᠲᠤ ᠦᠰᠦ ᠲᠡᠢ᠃ ᠨᠠᠪᠴᠢ ᠨᠢ2—10cm ᠤᠷᠲᠤ᠂1.5—2.5mm ᠥᠷᠭᠡᠨ᠂ ᠶᠡᠬᠡᠩᠬᠢ ᠳ᠋ᠡᠭᠡᠨ ᠲᠡᠭᠰᠢᠬᠡᠨ ᠬᠠᠪᠲᠠᠭᠠᠢ᠂ ᠬᠠᠶᠠ ᠳᠣᠷᠣᠭᠰᠢ ᠬᠤᠮᠢᠷᠠᠨ᠎ᠠ᠂ ᠳᠡᠭᠡᠳᠦ ᠲᠠᠯ᠎ᠠ ᠪᠣᠯᠤᠨ ᠬᠥᠪᠡᠭᠡ ᠨᠢ ᠠᠷᠵᠠᠭᠠᠷ᠂ ᠠᠷᠤ ᠨᠢ ᠭᠥᠯᠢᠭᠡᠷ ᠰᠢᠬᠠᠭᠤ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠠᠷᠪᠠᠶ᠋ᠢᠵᠤ ᠤᠷᠭᠤᠨ᠎ᠠ᠂2.5—8.5cm ᠤᠷᠲᠤ; ᠵᠢᠵᠢᠭ ᠲᠦᠷᠦᠭᠦᠦ ᠨᠢ4—8mm ᠤᠷᠲᠤ3—8 ᠴᠡᠴᠡᠭ ᠲᠠᠢ᠂ ᠪᠣᠯᠪᠠᠰᠤᠷᠠᠪᠠᠯ ᠪᠣᠷᠣᠪᠲᠤᠷ ᠪᠣᠯᠳᠠᠭ; ᠬᠠᠯᠢᠰᠤ ᠨᠢ ᠲᠣᠷᠭᠠᠨ ᠬᠠᠯᠢᠰᠤᠯᠢᠭ᠂ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠱᠣᠪᠬᠣ ᠦᠵᠦᠭᠦᠷ ᠲᠡᠢ᠂ ᠨᠢᠭᠡ ᠰᠤᠳᠠᠯ ᠲᠠᠢ᠂2—4mm ᠤᠷᠲᠤ; ᠭᠠᠳᠠᠷ ᠬᠡᠪᠡᠭ ᠨᠢ ᠥᠨᠳᠡᠭᠡᠯᠵᠢᠨ ᠬᠠᠪᠲᠠᠭᠠᠢ ᠲᠡᠪᠡᠨᠡ ᠬᠡᠯᠪᠡᠷᠢ ᠲᠡᠢ᠂ ᠨᠢᠮᠭᠡᠨ᠂ ᠳᠡᠭᠡᠳᠦ ᠬᠡᠰᠡᠭ ᠲᠡᠭᠡᠨ ᠥᠷᠭᠡᠨ ᠲᠣᠷᠭᠠᠨ ᠬᠠᠯᠢᠰᠤᠯᠢᠭ ᠬᠥᠪᠡᠭᠡ ᠲᠠᠢ᠂ ᠶᠡᠷᠦ ᠳ᠋ᠡᠭᠡᠨ ᠲᠠᠷᠠᠮᠠᠭ ᠤᠷᠲᠤ ᠦᠰᠦ ᠪᠦᠬᠦᠢ ᠲᠠᠪᠤᠨ ᠰᠤᠳᠠᠯ ᠲᠠᠢ᠂ ᠦᠵᠦᠭᠦᠷ ᠲᠤᠨᠢ ᠰᠤᠷ ᠦᠭᠡᠢ ᠪᠤᠶᠤ ᠵᠢᠵᠢᠭ ᠱᠣᠪᠬᠣ ᠦᠵᠦᠭᠦᠷ ᠲᠠᠢ; ᠰᠠᠭᠤᠷᠢ ᠲᠠᠪᠠᠭ ᠨᠢ ᠲᠠᠷᠠᠮᠠᠭ ᠣᠬᠣᠷ ᠦᠰᠦ ᠲᠡᠢ; ᠨᠢᠭᠡᠳᠦᠭᠡᠷ ᠭᠠᠳᠠᠷ ᠬᠡᠪᠡᠭ ᠨᠢ3—4mm ᠤᠷᠲᠤ; ᠳᠣᠲᠣᠷ ᠬᠡᠪᠡᠭ ᠨᠢ3—3.5mm ᠤᠷᠲᠤ᠂ ᠠᠷᠤ ᠨᠢᠷᠤᠭᠤ ᠶ᠋ᠢᠨ ᠳᠣᠣᠷᠠᠳᠤ ᠬᠡᠰᠡᠭ ᠲᠤᠨᠢ ᠤᠷᠲᠤ ᠨᠠᠷᠢᠨ ᠦᠰᠦ ᠲᠡᠢ᠂ ᠳᠡᠭᠡᠳᠦ ᠬᠡᠰᠢᠭ ᠲᠤᠨᠢ ᠣᠬᠣᠷ ᠨᠠᠷᠢᠨ ᠦᠰᠦ ᠲᠡᠢ ᠪᠤᠶᠤ ᠠᠷᠵᠠᠭᠠᠷ; ᠲᠣᠭᠣᠰᠤᠪᠴᠢ ᠨᠢ ᠰᠢᠷ᠎ᠠ ᠪᠤᠶᠤ ᠪᠣᠷᠣ᠂1.2—1.6mm ᠤᠷᠲᠤ᠃ ᠠᠮᠤ ᠵᠢᠮᠢᠰ ᠨᠢ1.5mm ᠣᠷᠴᠢᠮ ᠤᠷᠲᠤ᠃
    ᠭᠠᠩ ᠬᠠᠭᠤᠷᠠᠢ ᠬᠡᠭᠡᠷ᠎ᠡ ᠲᠠᠯ᠎ᠠ ᠳ᠋ᠤ ᠤᠷᠭᠤᠨ᠎ᠠ᠃
     ᠮᠠᠨ ‍ᠤ ᠤᠯᠤᠰ ᠦ᠋ᠨ ᠥᠪᠥᠷ ᠮᠣᠩᠭᠣᠯ᠂ ᠱᠠᠨᠰᠢ ᠵᠡᠷᠭᠡ ᠮᠤᠵᠢ ᠣᠷᠣᠨ ᠳ᠋ᠤ ᠤᠷᠭᠤᠳᠠᠭ᠃ ᠪᠡᠯᠴᠢᠭᠡᠷ ᠡᠪᠡᠰᠦ ᠮᠥᠨ᠃

    ᠬᠢᠲᠠᠳ ᠨᠡᠷ᠎ᠡ᠄无忙隐子䓍
    ᠠᠩᠭ᠌ᠯᠢ ᠨᠡᠷ᠎ᠡ᠄ CIeitogenes songorica(Roshev.)OhWi

    ᠦᠰᠦᠭ ᠠᠮᠢᠯᠠᠭᠤᠯᠤᠭᠴᠢ᠄ ᠣᠶᠤᠨᠪᠠᠲᠤ
    ᠬᠢᠨᠠᠭᠴᠢ᠄ ᠲᠤᠶᠠᠭ᠎ᠠ