ᠶᠡᠬᠡ ᠬᠠᠢᠷ᠎ᠠ ᠶᠢᠨ ᠭᠡᠷᠡᠯ ᠢᠪᠡᠭᠡᠯ – ᠶᠣᠨᠳᠣᠨ ᠤ ᠪᠢᠯᠢᠭ᠌ - ᠪᠠᠭᠠᠲᠤᠷ Их хайрын гэрэл ивээл - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠡᠬᠡ ᠬᠠᠢᠷ᠎ᠠ ᠶᠢᠨ ᠭᠡᠷᠡᠯ ᠢᠪᠡᠭᠡᠯ – ᠶᠣᠨᠳᠣᠨ ᠤ ᠪᠢᠯᠢᠭ᠌ - ᠪᠠᠭᠠᠲᠤᠷ Их хайрын гэрэл ивээл - Ёндоны Билиг - Баатар

ᠶᠡᠬᠡ ᠬᠠᠢᠷ᠎ᠠ ᠶᠢᠨ ᠭᠡᠷᠡᠯ ᠢᠪᠡᠭᠡᠯ – ᠶᠣᠨᠳᠣᠨ ᠤ ᠪᠢᠯᠢᠭ᠌ - ᠪᠠᠭᠠᠲᠤᠷ Их хайрын гэрэл ивээл - Ёндоны Билиг - Баатар

2024-05-31

297

ᠶᠡᠬᠡ ᠬᠠᠢᠷ᠎ᠠ ᠶᠢᠨ ᠭᠡᠷᠡᠯ ᠢᠪᠡᠭᠡᠯ


             —  ᠬᠦᠨᠳᠦᠲᠦ ᠪᠠᠭᠰᠢᠨᠠᠷ ᠵᠢᠴᠢ ᠪᠠᠭ᠎ᠠ᠂ 
                 ᠳᠤᠮᠳᠠᠳᠤ᠂ ᠶᠡᠬᠡ ᠰᠤᠷᠭᠠᠭᠤᠯᠢ ᠶ᠋ᠢᠨ 
                 ᠬᠠᠮᠲᠤ ᠰᠤᠷᠤᠭᠴᠢᠳ ᠲᠠᠭᠠᠨ ᠪᠠᠷᠢᠮᠤ 

 ᠡᠷᠳᠡᠮᠲᠦ ᠮᠡᠷᠭᠡᠨ ᠡᠨᠡᠷᠢᠩᠭᠦᠢ ᠪᠠᠭᠰᠢᠨᠠᠷ ᠮᠢᠨᠢ 
 ᠡᠯᠢᠭᠡᠨ ᠳᠣᠲᠣᠨᠣ ᠶ᠋ᠢᠨ ᠬᠠᠮᠲᠤ ᠨᠥᠬᠥᠳ ᠮᠢᠨᠢ 
 ᠨᠢᠭᠡᠨ ᠲᠣᠭᠣᠨᠣᠨ ᠳᠣᠣᠷ᠎ᠠ ᠬᠤᠷᠠᠯᠳᠤᠭᠰᠠᠨ 
 ᠨᠢᠭᠡᠨ ᠲᠣᠭᠣᠭᠠᠨ ᠠ᠋ᠴᠠ ᠱᠥᠯᠥ ᠤᠤᠭᠤᠭᠰᠠᠨ 
 ᠰᠥᠨᠢ ᠶ᠋ᠢᠨ ᠣᠳᠣᠳ ᠢ᠋ ᠬᠠᠮᠲᠤ ᠲᠣᠭᠠᠯᠠᠭᠰᠠᠨ 
 ᠰᠦᠨ ᠨᠣᠮ ᠠᠮᠲᠠ ᠶ᠋ᠢ ᠴᠣᠭ ᠵᠠᠯᠭᠢᠯᠠᠭᠰᠠᠨ 
 ᠰᠥᠬᠥᠷᠡᠰᠢ ᠦᠭᠡᠢ ᠨᠠᠨᠳᠢᠨ ᠪᠠᠲᠤ ᠵᠢᠷᠤᠮᠲᠤ 
 ᠰᠥᠨᠥᠰᠢ ᠦᠭᠡᠢ ᠡᠷᠡᠮᠡᠬᠡᠢ ᠮᠥᠩ ᠵᠣᠷᠢᠭᠲᠤ 
 ᠮᠢᠨᠦ ᠬᠠᠢᠷᠠᠲᠠᠢ ᠦᠶ᠎ᠡ ᠦᠶ᠎ᠡ ᠶ᠋ᠢᠨ 
 ᠮᠢᠲᠠᠷᠠᠰᠢ ᠦᠭᠡᠢ ᠣᠮᠣᠭᠯᠠᠩ ᠳᠠᠢᠴᠢᠨ 
 ᠬᠠᠭᠠᠨ ᠬᠠᠲᠤᠨ ᠮᠡᠲᠦ ᠬᠠᠮᠲᠤ ᠰᠤᠷᠤᠭᠴᠢᠳ 
 ᠬᠠᠯᠲᠤᠷᠢᠰᠢ ᠦᠭᠡᠢ ᠵᠠᠮ ᠨᠢᠭᠡᠲᠡᠳ ᠮᠢᠨᠢ 
 ᠪᠤᠭᠤᠷᠤᠯᠬᠠᠨ ᠭᠡᠭᠡᠯᠢᠭ ᠪᠤᠶᠠᠨᠲᠤ ᠪᠠᠭᠰᠢᠨᠠᠷ ᠢᠶᠡᠨ 
 ᠪᠤᠮᠠᠨ ᠭᠠᠯᠪᠠ ᠶ᠋ᠢᠨ ᠲᠤᠷᠰᠢ ᠬᠦᠨᠳᠦᠯᠡᠶ᠎ᠡ 
 ᠪᠤᠷᠬᠠᠨ ᠱᠠᠭᠵᠠᠮᠤᠨᠢ ᠰᠢᠭ᠋ ᠯᠡ ᠳᠡᠭᠡᠳᠦᠯᠡᠶ᠎ᠡ 
 ᠪᠣᠰᠤᠭ᠎ᠠ ᠦᠰᠦᠭ ᠲᠡᠢ ᠪᠡᠨ ᠰᠢᠲᠦᠶ᠎ᠡ 
 ᠬᠣᠶᠠᠷ ᠮᠥᠷᠦᠨ ᠡᠴᠡ ᠴᠢᠨᠢ ᠳᠡᠭᠡᠭᠰᠢ ᠪᠡᠨ 
 ᠥᠨᠳᠥᠷ ᠦ᠋ᠨ ᠥᠨᠳᠥᠷ ᠲᠦ᠍ ᠡᠷᠭᠦᠭᠰᠡᠨ ᠰᠢᠦ 
 ᠬᠣᠶᠠᠷ ᠭᠠᠷ ᠢ᠋ ᠴᠢᠨᠢ ᠰᠠᠨᠰᠠᠷ ᠤ᠋ᠨ ᠵᠤᠯᠠᠢ ᠲᠠᠢ 
 ᠦᠯᠡᠮᠵᠢ ᠬᠠᠢᠷ᠎ᠠ ᠪᠠᠷ ᠵᠣᠯᠭᠠᠭᠤᠯᠤᠭᠰᠠᠨ ᠰᠢᠦ 
 ᠬᠡᠳᠦᠢ ᠥᠨᠳᠥᠷ ᠲᠦ᠍ ᠨᠢᠰᠦᠯ᠎ᠡ ᠴᠤ᠌ ᠭᠡᠰᠡᠨ 
 ᠬᠡᠨ ᠦ᠌ ᠠᠴᠢ ᠪᠠᠷ ᠳᠡᠭᠦᠯᠢᠭᠰᠡᠨ ᠢ᠋ᠶ᠋ᠡᠨ ᠪᠣᠳᠣ 
 ᠨᠢᠭᠡᠨ ᠲᠥᠷᠥᠯ ᠦ᠋ᠨ ᠡᠴᠢᠭᠡ ᠡᠬᠡ ᠡᠴᠡ 
 ᠠᠷᠪᠠᠨ ᠲᠥᠷᠥᠯ ᠦ᠋ᠨ ᠪᠠᠭᠰᠢ ᠭᠡᠳᠡᠭ ᠪᠢᠯᠢᠤ 
 ᠠᠮᠢ ᠪᠡᠶ᠎ᠡ ᠨᠡᠷ᠎ᠡ ᠶ᠋ᠢ ᠠᠪᠤ ᠡᠵᠢ ᠥᠭᠭᠦᠨ 
 ᠠᠰᠢᠳᠠ ᠡᠷᠳᠡᠮ ᠨᠣᠮ ᠢ᠋ ᠪᠠᠭᠰᠢ ᠬᠠᠢᠷᠠᠯᠠᠨᠠᠮ 
 ᠪᠠᠭᠰᠢ ᠶ᠋ᠢᠨ ᠠᠭᠠᠷ ᠠ᠋ᠴᠠ ᠬᠠᠯᠢᠨ ᠳᠠᠪᠠᠪᠠᠴᠤ 
 ᠪᠠᠷᠳᠠᠮᠨᠠᠯ ᠤ᠋ᠨ ᠰᠣᠯᠣᠩᠭ᠎ᠠ ᠳ᠋ᠤ᠌ ᠪᠤᠤ ᠱᠤᠩᠪᠠ 
 ᠥᠩᠭᠡᠲᠦ ᠬᠣᠷᠸ᠎ᠠ ᠶ᠋ᠢᠨ ᠲᠤᠢᠯᠠᠭᠠᠨ ᠳ᠋ᠤ᠌ 
 ᠦᠨᠡᠭᠡᠨ ᠰᠢᠮᠨᠤᠰ ᠠᠷᠪᠢᠨ ᠪᠣᠢ ᠰᠢᠦ ᠳᠡ 
 ᠢᠪᠡᠭᠡᠯᠲᠦ ᠢᠲᠡᠭᠡᠯᠲᠦ ᠪᠠᠭᠰᠢ ᠶ᠋ᠢᠨ ᠰᠤᠷᠭᠠᠯ 
 ᠢᠷᠡᠬᠦ ᠲᠦᠭᠰᠢᠭᠦᠷᠢ ᠶ᠋ᠢ ᠡᠷᠡᠰ ᠵᠠᠢᠯᠠᠭᠤᠯᠳᠠᠭ 
 ᠢᠷᠡᠭᠡᠳᠦᠢ ᠵᠠᠮ ᠤ᠋ᠨ ᠭᠠᠯᠲᠤ ᠴᠠᠮᠬᠠᠭ ᠪᠣᠯᠪᠠᠰᠤ 
 ᠶᠠᠷᠢᠶᠠᠨ ᠦᠭᠡᠢ ᠭᠡᠭᠡᠨ ᠪᠠᠭᠰᠢᠨᠠᠷ ᠶᠤᠮ᠃
 ᠲᠠ ᠬᠡᠴᠦᠨᠡᠨ ᠠᠯᠤᠰ ᠶᠠᠪᠤᠬᠤ ᠳᠣᠳᠣᠮ ᠢ᠋ᠶ᠋ᠠᠨ 
 ᠲᠡᠷᠢᠭᠦᠨ ᠳᠡᠭᠡᠷ᠎ᠡ ᠲᠠᠨᠢ ᠪᠠᠭᠰᠢ ᠶ᠋ᠢᠨ ᠭᠡᠭᠡ 
 ᠠᠯᠲᠠᠨ ᠨᠠᠷᠠᠨ ᠮᠡᠲᠦ ᠳᠠᠭᠠᠵᠤ ᠪᠠᠢᠳᠠᠭ ᠢ᠋ 
 ᠠᠯᠬᠤᠮ ᠪᠦᠷᠢ ᠳ᠋ᠡᠭᠡᠨ ᠪᠠᠢᠩᠭᠤ ᠰᠠᠨᠠᠭᠠᠷᠠᠢ 
 ᠪᠠᠭᠰᠢᠨᠠᠷ ᠤ᠋ᠨ ᠭᠡᠷᠡᠯ ᠨᠥᠬᠥᠳ ᠦ᠋ᠨ ᠬᠠᠢᠷ᠎ᠠ 
 ᠪᠠᠷᠲᠠᠭᠠᠲᠤ ᠲᠤᠶᠠᠭᠠᠲᠤ ᠣᠷᠭᠢᠯ ᠳ᠋ᠤ᠌ ᠬᠦᠷᠭᠡᠮᠦᠢ 
 ᠮᠤᠩᠬᠠᠭ ᠮᠡᠬᠦᠰ ᠪᠢ ᠡᠩᠬᠡ ᠮᠥᠩᠬᠡᠳᠡ ᠪᠡᠨ 
 ᠮᠤᠨᠳᠠᠭ ᠪᠠᠭᠰᠢᠨᠠᠷ ᠡᠷᠬᠢᠮ ᠨᠥᠬᠥᠳ ᠢ᠋ᠶ᠋ᠡᠨ ᠯᠡ 
 ᠮᠣᠩᠭᠣᠯ ᠤ᠋ᠨ ᠢ᠋ᠶ᠋ᠠᠨ ᠢᠪᠡᠭᠡᠯ ᠬᠠᠢᠷ᠎ᠠ ᠭᠡᠮᠡᠨ 
 ᠮᠣᠬᠣᠰᠢ ᠦᠭᠡᠢ ᠢᠳᠡᠭᠡᠨ ᠳᠡᠭᠡᠳᠦᠯᠡᠨᠡᠮ ᠠ᠋ 
 ᠪᠠᠭᠰᠢᠨᠠᠷ ᠨᠥᠬᠥᠳ ᠦ᠋ᠨ ᠬᠠᠢᠷ᠎ᠠ ᠢᠪᠡᠭᠡᠯ 
 ᠪᠠᠷᠰ ᠰᠢᠭ᠋ ᠨᠠᠮ᠎ᠠ ᠶ᠋ᠢ ᠠᠷᠠᠯ ᠤ᠋ᠨ ᠱᠠᠷ ᠰᠢᠭ᠋ 
 ᠲᠡᠭᠷᠢ ᠶ᠋ᠢᠨ ᠲᠤᠯᠭᠠᠭᠤᠷᠢ ᠰᠢᠭ᠋ ᠪᠣᠯᠭᠠᠭᠰᠠᠨ ᠶᠤᠮ 
 ᠲᠡᠨᠡᠭ ᠪᠢ ᠲᠡᠭᠡᠵᠦ ᠭᠡᠨᠡᠲᠡᠢ ᠤᠬᠠᠭᠠᠷᠠᠭᠰᠠᠨ ᠶᠤᠮ 
 ᠠᠴᠢ ᠶ᠋ᠢᠨ ᠲᠠᠨᠢ ᠬᠠᠷᠢᠭᠤ ᠶ᠋ᠢ ᠣᠯᠳᠣᠢ ᠪᠢ 
 ᠠᠷᠪᠠᠨ ᠲᠥᠷᠥᠯ ᠢ᠋ᠶ᠋ᠡᠷ ᠢ᠋ᠶ᠋ᠡᠨ ᠬᠠᠷᠢᠭᠤᠯᠤᠮᠤᠢ 
 ᠠᠬᠢᠭᠠᠳ ᠲᠦᠮᠡᠨᠲᠡ ᠪᠤᠮᠠᠨᠲᠠ ᠲᠥᠷᠥᠭᠡᠳ 
 ᠢᠯᠭᠤᠭᠰᠠᠨ ᠰᠢᠯᠦᠭ ᠢ᠋ᠶ᠋ᠡᠷ ᠢ᠋ᠶ᠋ᠡᠨ ᠮᠠᠭᠲᠠᠮᠤᠢ 
   ᠁  ᠁  ᠁

             2024᠂4᠂28᠃ ᠦᠳᠡ ᠬᠣᠢᠨ᠎ᠠ᠃ 

              ᠬᠥᠬᠡᠬᠣᠲᠠ ᠠ᠋ᠴᠠ ᠣᠷᠳᠣᠰ ᠬᠦᠷᠬᠦ 
              ᠭᠠᠯᠲᠤ ᠲᠡᠷᠭᠡᠨ ᠳᠡᠭᠡᠷ᠎ᠡ ᠪᠦᠲᠦᠭᠡᠪᠡᠢ᠃