ᠢᠨᠠᠭ - ᠳ· ᠨᠠᠴᠤᠭᠳᠣᠷᠵᠢЯнаг-Д.Нацагдорж
ᠢᠨᠠᠭ
ᠳ· ᠨᠠᠴᠤᠭᠳᠣᠷᠵᠢ
ᠠᠭᠤᠯᠠ ᠤᠰᠤ ᠨᠢ ᠲᠡᠭᠰᠢ ᠪᠣᠯ
ᠵᠢᠭᠦᠷᠲᠡᠨ ᠳᠣᠩᠭᠣᠳᠬᠤ ᠨᠢ ᠢᠷᠠᠭᠤ᠂
ᠤᠭ ᠰᠡᠳᠬᠢᠯ ᠨᠢᠭᠡ ᠪᠣᠯ
ᠦᠭᠡ ᠬᠡᠯᠡ ᠨᠠᠢᠷᠠᠮᠳᠠᠭᠤ᠃
ᠰᠡᠳᠬᠢᠯ ᠦ᠋ᠨ ᠠᠮᠠᠷᠠᠭ ᠭᠡᠭᠴᠢ ᠨᠢ
ᠰᠢᠵᠢᠷ ᠠᠯᠲᠠᠨ ᠠ᠋ᠴᠠ ᠦᠨ᠎ᠡ ᠲᠡᠢ ᠶᠦᠮ᠃
ᠰᠢᠯᠢᠵᠦ ᠲᠡᠭᠦᠨ ᠢ᠋ ᠠᠪᠬᠤ ᠨᠢ
ᠬᠢᠮᠳᠠ ᠦᠭᠡᠢ ᠬᠡᠷᠡᠭ ᠳᠡ᠃
ᠦᠨᠡᠨ ᠰᠡᠳᠬᠢᠯ ᠭᠡᠭᠴᠢ
ᠡᠨᠡ ᠶᠢᠷᠲᠢᠨᠴᠦ ᠳ᠋ᠦ᠍ ᠬᠣᠪᠣᠷ ᠶᠤᠮ᠃
ᠤᠴᠠᠷᠠᠵᠤ ᠲᠡᠭᠦᠨ ᠢ᠋ ᠣᠯᠬᠤ ᠨᠢ
ᠣᠷᠴᠢᠯᠠᠩ ᠳᠡᠭᠡᠷ᠎ᠡ ᠴᠤᠬᠠᠭ ᠶᠤᠮ᠃
ᠨᠡᠢᠯᠡᠭᠰᠡᠨ ᠬᠣᠶᠠᠷ ᠰᠡᠳᠬᠢᠯ ᠨᠢ
ᠮᠢᠩᠭᠠᠨ ᠯᠠᠩ ᠤ᠋ᠨ ᠠᠯᠲᠠ ᠰᠢᠭ᠋᠂
ᠵᠠᠢ ᠦᠭᠡᠢ ᠬᠠᠲᠠᠭᠤ ᠨᠢᠭᠲᠠ ᠳ᠋ᠤᠨᠢ
ᠵᠡᠭᠦᠦ ᠶ᠋ᠢᠨ ᠦᠵᠦᠭᠦᠷ ᠣᠷᠣᠬᠤ ᠦᠭᠡᠢ᠂
ᠢᠨᠠᠭ ᠠᠮᠠᠷᠠᠭ ᠭᠡᠭᠴᠢ ᠨᠢ
ᠡᠮᠵᠡᠭ ᠭᠡᠳᠡᠭ ᠨᠢ ᠶᠠᠭᠠᠬᠢᠬᠤ ᠠᠷᠭ᠎ᠠ ᠦᠭᠡᠢ᠃
ᠶᠠᠯᠢ ᠦᠭᠡᠢ ᠪᠢᠴᠢᠬᠠᠨ ᠭᠦᠨᠳᠡᠪᠡᠯ
ᠡᠮᠲᠡᠷᠡᠵᠦ ᠡᠪᠳᠡᠷᠡᠬᠦ ᠨᠢ ᠬᠢᠯᠪᠠᠷᠬᠠᠨ᠃
ᠦᠰᠦᠭ ᠠᠮᠢᠯᠠᠭᠤᠯᠤᠭᠴᠢ᠄ ᠴᠠᠬᠠᠷ ᠪᠠᠲᠤ
ᠬᠢᠨᠠᠭᠴᠢ᠄ ᠰᠡᠬᠡᠭᠡᠷᠡᠯ᠂ ᠣᠳᠬᠠᠨᠰᠣ᠎ᠠ
