ᠰᠢᠨ᠎ᠡ ᠮᠣᠩᠭᠣᠯ - ᠳ· ᠨᠠᠴᠤᠭᠳᠣᠷᠵᠢШинэ монгол-Д.Нацагдорж ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠢᠨ᠎ᠡ ᠮᠣᠩᠭᠣᠯ - ᠳ· ᠨᠠᠴᠤᠭᠳᠣᠷᠵᠢШинэ монгол-Д.Нацагдорж

ᠰᠢᠨ᠎ᠡ ᠮᠣᠩᠭᠣᠯ - ᠳ· ᠨᠠᠴᠤᠭᠳᠣᠷᠵᠢШинэ монгол-Д.Нацагдорж

2024-05-31

315

ᠰᠢᠨ᠎ᠡ ᠮᠣᠩᠭᠣᠯ

            ᠳ· ᠨᠠᠴᠤᠭᠳᠣᠷᠵᠢ 

ᠮᠢᠩᠭᠠᠨ ᠵᠢᠯ ᠦ᠋ᠨ ᠵᠣᠪᠠᠯᠠᠩ ᠤ᠋ᠨ ᠬᠦᠯᠢᠶᠡᠰᠦ ᠶ᠋ᠢ ᠲᠠᠢᠯᠵᠤ 
ᠵᠢᠷᠭᠠᠯ ᠤ᠋ᠨ ᠲᠠᠯᠠᠪᠠᠢ ᠳ᠋ᠤ᠌ ᠪᠠᠶᠠᠷ ᠤ᠋ᠨ ᠴᠤᠤᠷᠢᠶ᠎ᠠ ᠶ᠋ᠢ ᠲᠠᠲᠠᠭᠤᠯᠤᠭᠰᠠᠨ 
ᠲᠦᠮᠡᠨ ᠵᠦᠢᠯ ᠦ᠋ᠨ ᠭᠠᠰᠠᠯᠠᠩ ᠤ᠋ᠨ ᠬᠦᠨᠳᠦ ᠶ᠋ᠢ ᠠᠷᠢᠯᠭᠠᠵᠤ᠃
ᠬᠥᠭᠵᠢᠯ ᠦ᠋ᠨ ᠵᠠᠮ ᠳ᠋ᠤ᠌ ᠬᠥᠮᠦᠨ ᠪᠦᠬᠦᠨ ᠢ᠋ ᠵᠢᠷᠭᠠᠭᠤᠯᠤᠭᠰᠠᠨ 
ᠬᠠᠲᠠᠭᠤ ᠳᠣᠭᠰᠢᠨ ᠪᠣᠭᠣᠯ ᠤ᠋ᠨ ᠭᠢᠨᠵᠢ ᠶ᠋ᠢ ᠲᠠᠰᠤᠯᠵᠤ 
ᠬᠠᠯᠠᠮᠵᠢᠲᠤ ᠶᠣᠰᠣ ᠦᠨᠡᠨ ᠰᠢᠳᠤᠷᠭᠤ ᠶ᠋ᠢ ᠵᠣᠬᠢᠶᠠᠭᠰᠠᠨ 
ᠰᠢᠨ᠎ᠡ ᠮᠣᠩᠭᠣᠯ ᠬᠤᠪᠢᠰᠬᠠᠯᠲᠤ ᠮᠣᠩᠭᠣᠯ ᠳ᠋ᠤ᠌ 
ᠰᠢᠨᠠᠯᠬᠤ ᠭᠠᠰᠠᠯᠬᠤ ᠠᠶᠤᠯ ᠦᠭᠡᠢ᠃
ᠡᠨᠡ ᠮᠣᠩᠭᠣᠯ ᠡᠨᠡᠷᠢᠯᠲᠦ ᠮᠣᠩᠭᠣᠯ ᠳ᠋ᠤ᠌
ᠡᠷᠡᠭᠦᠦ ᠰᠢᠭᠦᠯᠲᠡ ᠳᠠᠷᠤᠯᠠᠯ ᠳᠣᠷᠣᠮᠵᠢᠯᠠᠯ ᠦᠭᠡᠢ᠃
ᠡᠩᠬᠡ ᠠᠮᠤᠭᠤᠯᠠᠩ ᠤ᠋ᠨ ᠣᠷᠳᠣᠨ ᠳ᠋ᠤ᠌ ᠬᠥᠮᠦᠨ ᠪᠦᠬᠦᠨ ᠴᠡᠩᠭᠡᠯ ᠲᠡᠢ᠃
ᠡᠷᠬᠡ ᠵᠢᠷᠭᠠᠯ ᠤ᠋ᠨ ᠪᠠᠢᠳᠠᠯ ᠳ᠋ᠤ᠌ ᠬᠡᠨ ᠴᠦ᠍ ᠭᠡᠰᠡᠨ ᠴᠢᠯᠥᠭᠡ ᠲᠡᠢ᠃
ᠡᠷᠳᠡᠮ ᠰᠣᠶᠣᠯ ᠨᠢ ᠡᠳᠦᠷ ᠳᠣᠳᠣᠮ ᠥᠷᠨᠢᠨ ᠬᠥᠭᠵᠢᠵᠦ
ᠡᠷ᠎ᠡ ᠴᠢᠷᠡᠭ ᠨᠢ ᠬᠣᠨᠣᠭ ᠳᠣᠳᠣᠮ ᠪᠡᠬᠢᠵᠢᠨ ᠵᠤᠵᠠᠭᠠᠷᠠᠵᠤ
ᠶᠢᠷᠲᠢᠨᠴᠦ ᠳ᠋ᠠᠬᠢᠨ ᠤ᠋ ᠳᠡᠭᠡᠳᠦ ᠱᠠᠲᠤᠨ ᠳ᠋ᠤ᠌ ᠵᠡᠷᠭᠡᠴᠡᠨ ᠵᠣᠭᠰᠣᠭᠰᠠᠨ
ᠢᠷᠦᠭᠡᠯᠲᠦ ᠲᠥᠷᠥ ᠵᠢᠷᠭᠠᠯᠠᠩᠲᠤ ᠣᠷᠣᠨ ᠢ᠋ᠶ᠋ᠠᠨ ᠬᠠᠮᠠᠭᠠᠯᠠᠨ ᠴᠢᠳᠠᠭᠰᠠᠨ
ᠲᠦᠮᠡᠨ ᠲᠦᠮᠡᠨ ᠪᠠᠭᠠᠲᠤᠷ ᠴᠡᠭᠡᠵᠢ ᠶ᠋ᠢ ᠲᠡᠨᠢᠢᠯᠭᠡᠭᠰᠡᠨ
ᠲᠥᠷᠥ ᠶ᠋ᠢᠨ ᠰᠢᠳᠤᠷᠭᠤ ᠤᠳᠤᠷᠢᠳᠤᠭᠴᠢ ᠨᠠᠷ ᠢ᠋ᠶ᠋ᠠᠨ ᠰᠣᠩᠭᠣᠵᠤ ᠳᠡᠪᠰᠢᠭᠦᠯᠦᠭᠰᠡᠨ
ᠬᠠᠯᠳᠠᠬᠤ ᠳᠠᠢᠰᠤᠨ ᠠ᠋ᠴᠠ ᠬᠠᠮᠠᠭᠠᠯᠠᠨ ᠲᠤᠰᠠᠯᠠᠭᠰᠠᠨ
ᠬᠠᠢᠷᠠᠲᠤ ᠨᠥᠬᠥᠷ ᠬᠠᠯᠠᠭᠤᠨ ᠬᠠᠨᠢ ᠲᠠᠢ ᠭᠠᠷ ᠪᠠᠷᠢᠯᠴᠠᠭᠰᠠᠨ
ᠰᠢᠨ᠎ᠡ ᠮᠣᠩᠭᠣᠯ ᠬᠤᠪᠢᠰᠬᠠᠯᠲᠤ ᠮᠣᠩᠭᠣᠯ ᠪᠦᠷᠢᠨ ᠲᠡᠭᠦᠯᠳᠡᠷ ᠮᠣᠩᠭᠣᠯ
ᠰᠢᠨᠵᠢᠯᠡᠬᠦ ᠤᠬᠠᠭᠠᠨ ᠢ᠋ ᠰᠢᠲᠦᠵᠦ ᠤᠯᠠᠭᠠᠨ ᠲᠤᠭ ᠢ᠋ ᠡᠷᠭᠦᠭᠰᠡᠨ ᠮᠣᠩᠭᠣᠯ᠃

                1935 ᠣᠨ

    ᠦᠰᠦᠭ ᠠᠮᠢᠯᠠᠭᠤᠯᠤᠭᠴᠢ᠄ ᠣᠶᠤᠨᠪᠠᠲᠤ
    ᠬᠢᠨᠠᠭᠴᠢ᠄ ᠰᠡᠬᠡᠭᠡᠷᠡᠯ᠂ ᠣᠳᠬᠠᠨᠰᠣ᠎ᠠ