ᠳᠤᠮᠳᠠᠳᠤ ᠶ᠋ᠢᠨ ᠬᠠᠵᠠᠭᠠᠷ ᠡᠪᠡᠰᠦДунддын хазаар өвс

ᠳᠤᠮᠳᠠᠳᠤ ᠶ᠋ᠢᠨ ᠬᠠᠵᠠᠭᠠᠷ ᠡᠪᠡᠰᠦ
ᠦᠶᠡᠲᠦ ᠤᠷᠭᠤᠮᠠᠯ ᠤ᠋ᠨ ᠢᠵᠠᠭᠤᠷ
ᠣᠯᠠᠨ ᠨᠠᠰᠤᠲᠤ ᠡᠪᠡᠰᠦᠯᠢᠭ ᠤᠷᠭᠤᠮᠠᠯ᠃ ᠰᠦᠷᠡᠯ ᠨᠢ ᠬᠡᠳᠦ ᠬᠡᠳᠦ ᠪᠡᠷ ᠪᠤᠲᠠᠯᠠᠵᠤ ᠰᠢᠯᠤᠭᠤᠨ ᠤᠷᠭᠤᠨ᠎ᠠ᠂15—35cmᠥᠨᠳᠥᠷ᠃ ᠨᠠᠪᠴᠢᠨ ᠤ᠋ ᠲᠣᠭᠳᠣᠢ ᠨᠢ ᠭᠢᠯᠦᠭᠡᠷ᠂ ᠦᠰᠦ ᠦᠭᠡᠢ᠂ ᠪᠦᠷ ᠬᠣᠶᠠᠷ ᠦᠶ᠎ᠡ ᠶ᠋ᠢᠨ ᠬᠣᠭᠣᠷᠣᠨᠳᠣᠬᠢ ᠵᠠᠢ ᠠ᠋ᠴᠠ ᠤᠷᠲᠤ; ᠨᠠᠪᠴᠢᠨ ᠤ᠋ ᠬᠡᠯᠡ ᠨᠢ ᠮᠠᠰᠢ ᠣᠬᠣᠷ᠂ ᠬᠥᠪᠡᠭᠡ ᠳ᠋ᠦ᠍ᠨᠢ ᠨᠠᠷᠢᠨ ᠦᠰᠦ ᠲᠡᠢ; ᠨᠠᠪᠴᠢ ᠨᠢ3—7cm ᠤᠷᠲᠤ᠂1—2mm ᠥᠷᠭᠡᠨ᠂ ᠶᠡᠷᠦ ᠳ᠋ᠡᠭᠡᠨ ᠳᠣᠲᠣᠭᠰᠢ ᠬᠤᠮᠢᠷᠠᠨ᠎ᠠ᠂ ᠳᠡᠭᠡᠳᠦ ᠲᠠᠯ᠎ᠠ ᠨᠢ ᠪᠠᠬᠠᠨ ᠠᠷᠵᠠᠭᠠᠷ᠂ ᠠᠷᠤ ᠨᠢ ᠭᠢᠯᠦᠭᠡᠷ᠃ ᠱᠣᠷᠣᠯᠵᠢᠨ ᠬᠡᠯᠪᠡᠷᠢᠲᠦ ᠪᠠᠭ ᠴᠡᠴᠡᠭ ᠨᠢ ᠰᠡᠢᠷᠡᠭ ᠴᠡᠴᠡᠭ ᠲᠡᠢ᠂ ᠰᠠᠷᠪᠠᠢᠵᠤ ᠤᠷᠭᠤᠨ᠎ᠠ᠂5—8cm ᠤᠷᠲᠤ᠂ ᠨᠠᠪᠴᠢᠨ ᠤ᠋ ᠲᠣᠭᠳᠣᠢ ᠠ᠋ᠴᠠ ᠭᠠᠳᠠᠭᠰᠢ ᠰᠤᠨᠵᠤ ᠭᠠᠷᠳᠠᠭ᠂3—5 ᠰᠠᠯᠠᠭ᠎ᠠ ᠲᠠᠢ᠂ ᠤᠭ ᠤ᠋ᠨ ᠬᠡᠰᠡᠭ ᠦ᠋ᠨ ᠰᠠᠯᠠᠭ᠎ᠠ ᠨᠢ3—4cm ᠤᠷᠲᠤ ᠪᠥᠭᠡᠳ ᠳᠠᠬᠢᠨ ᠰᠠᠯᠠᠭᠠᠯᠠᠨ᠎ᠠ; ᠵᠢᠵᠢᠭ ᠲᠦᠷᠦᠭᠦᠦ ᠨᠢ7—9mm ᠤᠷᠲᠤ᠂3—5 ᠴᠡᠴᠡᠭ ᠲᠡᠢ; ᠬᠣᠶᠠᠷ ᠬᠠᠯᠢᠰᠤ ᠨᠢ ᠲᠡᠭᠰᠢ ᠪᠤᠰᠤ᠂ ᠱᠣᠪᠣᠭᠣᠷ ᠦᠵᠦᠭᠦᠷ ᠲᠡᠢ᠂1—3 ᠰᠤᠳᠠᠯ ᠲᠠᠢ; ᠭᠠᠳᠠᠷ ᠬᠡᠪᠡᠭ ᠨᠢ ᠬᠠᠪᠲᠠᠭᠠᠢ ᠲᠡᠪᠡᠨᠡ ᠬᠡᠯᠪᠡᠷᠢ ᠲᠡᠢ᠂ ᠮᠠᠰᠢ ᠵᠢᠵᠢᠭ ᠣᠨᠢ ᠪᠦᠬᠦᠢ ᠦᠵᠦᠭᠦᠷ ᠲᠡᠢ᠂ ᠲᠠᠪᠤᠨ ᠰᠤᠳᠠᠯ ᠲᠠᠢ᠂ ᠭᠣᠣᠯ ᠰᠤᠳᠠᠯ ᠨᠢ ᠦᠵᠦᠭᠦᠷ ᠡᠴᠡ ᠳᠡᠭᠡᠭᠰᠢ ᠴᠤᠬᠤᠢᠨ ᠭᠠᠷᠴᠤ1—2(3)mm ᠤᠷᠲᠤ ᠰᠤᠷ ᠪᠣᠯᠳᠠᠭ; ᠰᠠᠭᠤᠷᠢ ᠲᠠᠪᠠᠭ ᠨᠢ ᠣᠬᠣᠷ ᠦᠰᠦ ᠲᠡᠢ; ᠨᠢᠭᠡᠳᠦᠭᠡᠷ ᠭᠠᠳᠠᠷ ᠬᠡᠪᠡᠭ ᠨᠢ5—6mm ᠤᠷᠲᠤ; ᠳᠣᠲᠣᠷ ᠬᠡᠪᠡᠭ ᠨᠢ ᠭᠠᠳᠠᠷ ᠬᠡᠪᠡᠭ ᠲᠡᠢ ᠪᠡᠨ ᠢᠵᠢᠯ ᠤᠷᠲᠤ ᠪᠤᠶᠤ ᠪᠠᠬᠠᠨ ᠵᠥᠷᠢᠶ᠎ᠡ ᠲᠡᠢ᠂ ᠬᠣᠲᠣᠭᠣᠷ ᠣᠷᠣᠢ ᠲᠠᠢ᠂ ᠠᠷᠵᠠᠭᠠᠷ ᠨᠢᠷᠤᠭᠤ ᠲᠠᠢ᠃
ᠠᠭᠤᠯᠠ ᠶ᠋ᠢᠨ ᠬᠠᠵᠠᠭᠤ᠂ ᠵᠠᠮ ᠤ᠋ᠨ ᠬᠠᠵᠠᠭᠤ ᠪᠠᠷ ᠤᠷᠭᠤᠨ᠎ᠠ᠃
ᠮᠠᠨ ᠤ᠋ ᠤᠯᠤᠰ ᠤ᠋ᠨ ᠥᠪᠥᠷ ᠮᠣᠩᠭᠣᠯ᠂ ᠾᠧᠪᠧᠢ᠂ ᠱᠠᠨ ᠰᠢ᠂ ᠬᠢᠭᠡᠳ ᠪᠠᠷᠠᠭᠤᠨ ᠬᠣᠢᠲᠤ ᠣᠷᠣᠨ ᠳ᠋ᠤ᠌ ᠪᠦᠷ ᠤᠷᠭᠤᠳᠠᠭ᠃
ᠪᠡᠯᠴᠢᠭᠡᠷ ᠡᠪᠡᠰᠦ᠃
ᠬᠢᠲᠠᠳ ᠨᠡᠷ᠎ᠡ᠄中华隐子草
ᠠᠩᠭ᠌ᠯᠢ ᠨᠡᠷ᠎ᠡ᠄Cleistogenes chinensis(Maxim.)Keng
ᠦᠰᠦᠭ ᠠᠮᠢᠯᠠᠭᠤᠯᠤᠭᠴᠢ᠄ ᠤ᠂ ᠰᠡᠴᠡᠨᠲᠦ
ᠬᠢᠨᠠᠭᠴᠢ᠄ ᠲᠤᠶᠠᠭ᠎ᠠ
