ᠬᠠᠭᠤᠴᠢᠨ ᠮᠣᠩᠭᠣᠯ - ᠳ· ᠨᠠᠴᠤᠭᠳᠣᠷᠵᠢХуучин монгол-Д.Нацагдорж
ᠬᠠᠭᠤᠴᠢᠨ ᠮᠣᠩᠭᠣᠯ
ᠳ· ᠨᠠᠴᠤᠭᠳᠣᠷᠵᠢ
ᠬᠠᠭᠤᠴᠢᠨ ᠮᠣᠩᠭᠣᠯ ᠤ᠋ᠨ ᠬᠠᠷᠠᠩᠭᠤᠢ ᠴᠠᠭ ᠲᠤ᠌
ᠠᠷᠠᠳ ᠪᠦᠬᠦᠨ ᠵᠣᠪᠠᠯᠠᠩ ᠤ᠋ᠨ ᠳᠠᠯᠠᠢ ᠶ᠋ᠢ ᠭᠠᠲᠤᠯᠵᠠᠢ
ᠬᠠᠭᠤᠴᠢᠨ ᠮᠣᠩᠭᠣᠯ ᠤ᠋ᠨ ᠬᠠᠷᠭᠢᠰ ᠦᠶ᠎ᠡ ᠳ᠋ᠦ᠍
ᠬᠥᠮᠦᠨ ᠪᠦᠬᠦᠨ ᠭᠠᠰᠠᠯᠠᠩ ᠤ᠋ᠨ ᠣᠷᠣᠨ ᠳ᠋ᠤ᠌ ᠲᠥᠷᠥᠵᠡᠢ᠃
ᠬᠠᠭᠤᠴᠢᠨ ᠮᠣᠩᠭᠣᠯ ᠤ᠋ᠨ ᠪᠦᠳᠦᠭᠦᠯᠢᠭ ᠮᠤᠩᠬᠠᠭ ᠦᠶ᠎ᠡ ᠳ᠋ᠦ᠍
ᠮᠣᠩᠭᠣᠯᠴᠤᠳ ᠳᠠᠶᠠᠭᠠᠷ ᠬᠠᠷᠠᠩᠭᠤᠢ ᠶ᠋ᠢ ᠲᠠᠮᠲᠠᠷᠢᠵᠠᠢ᠃
ᠬᠠᠤᠯᠢ ᠶᠣᠰᠣᠨ ᠤ᠋ ᠳᠦᠷᠢᠮ ᠵᠢᠷᠤᠮ ᠦᠭᠡᠢ
ᠬᠡᠭᠡᠯᠢ ᠬᠠᠬᠤᠤᠯᠢ ᠳ᠋ᠤ᠌ ᠬᠡᠮᠵᠢᠶ᠎ᠡ ᠬᠢᠵᠠᠭᠠᠷ ᠦᠭᠡᠢ
ᠶᠠᠳᠠᠷᠠᠭᠰᠠᠨ ᠠᠷᠠᠳ ᠤ᠋ᠨ ᠬᠣᠩᠭᠣᠨ ᠤ᠋ ᠮᠢᠬ᠎ᠠ ᠰᠢᠯᠪᠤᠷᠠᠵᠤ
ᠵᠦᠳᠡᠷᠡᠭᠰᠡᠨ ᠲᠦᠮᠡᠨ ᠦ᠌ ᠬᠠᠴᠠᠷ ᠤ᠋ᠨ ᠶᠠᠰᠤ ᠬᠡᠮᠬᠡᠷᠡᠵᠦ
ᠠᠯᠪᠠᠨ ᠲᠠᠲᠠᠪᠤᠷᠢ ᠠᠷᠠᠳ ᠪᠦᠬᠦᠨ ᠦ᠌ ᠮᠢᠬ᠎ᠠ ᠶ᠋ᠢ ᠱᠤᠯᠤᠭᠰᠠᠨ
ᠠᠪᠯᠢᠭᠠᠴᠢ ᠨᠣᠶᠠᠳ ᠬᠤᠲᠤᠭᠲᠤ ᠬᠤᠪᠢᠯᠭᠠᠳ ᠴᠡᠩᠭᠡᠭᠰᠡᠨ
ᠠᠵᠤ ᠠᠬᠤᠢ ᠳᠣᠷᠣᠢᠲᠠᠵᠤ ᠪᠠᠭᠤᠷᠠᠭᠰᠠᠨ
ᠠᠮᠢᠳᠤᠷᠠᠯ ᠬᠥᠮᠦᠵᠢᠯ ᠪᠠᠯᠠᠷᠠᠵᠤ ᠮᠠᠭᠤᠳᠠᠭᠰᠠᠨ
ᠭᠡᠭᠡᠨ ᠰᠣᠶᠣᠯ ᠲᠤᠩᠭᠠᠯᠠᠭ ᠵᠠᠮ ᠦᠭᠡᠢ
ᠡᠷᠳᠡᠮ ᠪᠢᠴᠢᠭ ᠡᠯᠳᠡᠪ ᠤᠬᠠᠭᠠᠨ ᠦᠭᠡᠢ
ᠲᠦᠷᠢᠮᠡᠬᠡᠢ ᠶᠣᠰᠣ ᠲᠦᠮᠡᠨ ᠵᠦᠢᠯ ᠢ᠋ᠶ᠋ᠡᠷ ᠳᠦᠭᠦᠷᠦᠭᠰᠡᠨ
ᠵᠣᠪᠠᠯᠠᠩ ᠵᠦᠳᠡᠭᠦᠷᠢ ᠭᠠᠰᠠᠯᠠᠩ ᠭᠠᠮᠰᠢᠭ ᠢ᠋ᠶ᠋ᠠᠷ
ᠶᠢᠷᠲᠢᠨᠴᠦ ᠶ᠋ᠢᠨ ᠨᠢᠳᠦᠨ ᠳ᠋ᠦ᠍ ᠰᠢᠪᠰᠢᠭ ᠪᠣᠯᠤᠭᠰᠠᠨ
ᠬᠠᠭᠤᠴᠢᠨ ᠮᠣᠩᠭᠣᠯ ᠹᠧᠣᠳᠠᠯ ᠤ᠋ᠨ ᠮᠣᠩᠭᠣᠯ
ᠪᠣᠳᠢᠰᠠᠳ᠋ᠸ᠎ᠠ ᠶ᠋ᠢᠨ ᠱᠠᠰᠢᠨ ᠳ᠋ᠤ᠌ ᠬᠡᠲᠦᠷᠬᠡᠢ ᠠᠪᠲᠠᠭᠳᠠᠵᠤ
ᠪᠦᠳᠦᠭᠦᠯᠢᠭ ᠶᠣᠰᠣᠨ ᠳ᠋ᠤ᠌ ᠨᠡᠪᠲᠡᠷᠬᠡᠢ ᠳᠠᠷᠤᠭᠳᠠᠵᠤ ᠪᠠᠢᠯ᠎ᠠ᠃
1935 ᠣᠨ
ᠦᠰᠦᠭ ᠠᠮᠢᠯᠠᠭᠤᠯᠤᠭᠴᠢ᠄ ᠣᠶᠤᠨᠪᠠᠲᠤ
ᠬᠢᠨᠠᠭᠴᠢ᠄ ᠰᠡᠬᠡᠭᠡᠷᠡᠯ᠂ ᠣᠳᠬᠠᠨᠰᠣ᠎ᠠ
