ᠠᠯᠢᠪᠠ ᠦᠵᠡᠯ ᠪᠣᠯ ᠰᠣᠯᠣᠩᠭ᠎ᠠ – ᠶᠣᠨᠳᠣᠨ ᠤ ᠪᠢᠯᠢᠭ᠌ - ᠪᠠᠭᠠᠲᠤᠷ Аливаа үзэл бол солонго - Ёндоны Билиг - Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠢᠪᠠ ᠦᠵᠡᠯ ᠪᠣᠯ ᠰᠣᠯᠣᠩᠭ᠎ᠠ – ᠶᠣᠨᠳᠣᠨ ᠤ ᠪᠢᠯᠢᠭ᠌ - ᠪᠠᠭᠠᠲᠤᠷ Аливаа үзэл бол солонго - Ёндоны Билиг - Баатар

ᠠᠯᠢᠪᠠ ᠦᠵᠡᠯ ᠪᠣᠯ ᠰᠣᠯᠣᠩᠭ᠎ᠠ – ᠶᠣᠨᠳᠣᠨ ᠤ ᠪᠢᠯᠢᠭ᠌ - ᠪᠠᠭᠠᠲᠤᠷ Аливаа үзэл бол солонго - Ёндоны Билиг - Баатар

2024-05-30

216

ᠠᠯᠢᠪᠠ ᠦᠵᠡᠯ ᠪᠣᠯ ᠰᠣᠯᠣᠩᠭ᠎ᠠ

 
 ᠬᠥᠮᠦᠨ ᠲᠥᠷᠥᠯᠬᠢᠲᠡᠨ ᠦ᠌ ᠲᠡᠦᠬᠡᠨ ᠳ᠋ᠦ᠍ ᠶᠡᠷᠦ  
 ᠬᠥᠮᠦᠰ ᠪᠦᠭᠦᠳᠡ ᠦᠵᠡᠯ ᠳ᠋ᠦ᠍ ᠠᠪᠲᠠᠭᠳᠠᠳᠠᠭ 
 ᠰᠢᠨᠤᠯ ᠳᠡᠩᠳᠡᠭᠦᠦ ᠬᠥᠭᠡᠰᠦᠷᠡᠨ ᠬᠡᠲᠦᠷᠡᠪᠡᠰᠦ 
 ᠱᠣᠷᠣᠩ ᠤ᠋ᠨ ᠡᠭᠦᠳᠡ ᠶ᠋ᠢ ᠡᠷᠬᠡᠪᠰᠢ ᠲᠠᠲᠠᠮᠤ 
 ᠬᠠᠮᠢᠭ᠎ᠠ ᠬᠥᠮᠦᠰ ᠪᠠᠢᠪᠠᠯ ᠲᠡᠨᠳᠡ ᠲᠡᠢᠨ ᠪᠠᠢᠨ᠎ᠠ 
 ᠬᠠᠮᠢᠭ᠎ᠠ ᠲᠡᠢᠨ ᠪᠠᠢᠪᠠᠯ ᠲᠡᠨᠳᠡ ᠥᠰᠢᠶ᠎ᠡ  
 ᠬᠥᠮᠦᠰ ᠣᠷᠣᠩᠨᠠᠭᠰᠠᠨ ᠭᠠᠵᠠᠷ ᠦᠵᠡᠯ ᠪᠣᠢ ᠳᠠ 
 ᠦᠵᠡᠯ ᠯᠡ ᠣᠷᠣᠰᠢᠪᠠᠯ ᠵᠥᠷᠢᠶ᠎ᠡ ᠭᠠᠷᠳᠠᠭ 
 ᠡᠯᠳᠡᠪ ᠬᠡᠯᠪᠡᠷᠢ ᠶ᠋ᠢᠨ ᠦᠵᠡᠯ ᠬᠤᠳᠬᠤᠯᠠᠭᠳᠠᠪᠠᠯ 
 ᠶᠠᠩᠵᠤ ᠶ᠋ᠢᠨ ᠪᠤᠳᠤᠯᠢᠶᠠᠨ ᠵᠠᠪᠠᠯ ᠡᠭᠦᠰᠳᠡᠭ 
 ᠡᠭᠡᠳᠡᠷᠡᠭᠡᠨ ᠦ᠌ ᠮᠠᠨᠠᠨ ᠳᠤᠮᠳᠠᠭᠤᠷ ᠪᠤᠳᠤᠯᠢᠪᠠᠯ  
 ᠡᠭᠳᠡᠭᠦᠲᠡᠢ ᠵᠢᠭᠰᠢᠯ ᠬᠣᠷᠣᠰᠤᠯ ᠬᠣᠣᠰᠯᠠᠮᠤᠢ 
 ᠥᠪᠡᠷ ᠥᠪᠡᠷᠰᠡᠳ ᠦ᠋ᠨ ᠦᠵᠡᠯ ᠢ᠋ ᠰᠠᠬᠢᠪᠠᠯ 
 ᠦᠨᠡᠨ ᠬᠤᠳᠠᠯ ᠤ᠋ᠨ ᠮᠥᠷᠭᠥᠯᠳᠦᠭᠡᠨ ᠰᠢᠲᠠᠳᠠᠭ 
 ᠠᠮᠢᠳᠤᠷᠠᠯ ᠦᠬᠦᠯ ᠭᠠᠯ ᠤᠰᠤ ᠰᠢᠭ᠋ ᠬᠠᠷᠰᠢᠵᠤ 
 ᠠᠯᠢ ᠪᠠᠢᠭᠰᠠᠨ ᠭᠤᠨᠢᠭᠲᠤ ᠲᠡᠦᠬᠡ ᠡᠬᠢᠯᠡᠳᠡᠭ 
 ᠵᠥᠪᠬᠡᠨ ᠪᠤᠷᠬᠠᠨ ᠤ᠋ ᠵᠥᠪ ᠲᠥᠪ ᠦᠨᠡᠨ 
 ᠵᠦᠢᠷᠯᠡᠰᠢ ᠦᠭᠡᠢ ᠠᠭᠤᠰᠤᠯᠴᠠᠪᠠᠰᠤ ᠪᠦᠲᠦᠨ 
 ᠦᠨᠳᠦᠰᠦ ᠰᠣᠶᠣᠯ ᠢ᠋ᠶ᠋ᠠᠨ ᠬᠠᠢᠷᠠᠯᠠᠬᠤ ᠰᠢᠢᠳᠦᠯ 
 ᠦᠨᠡᠨᠳᠡᠭᠡᠨ ᠰᠠᠶᠢ ᠠᠤᠭ᠎ᠠ ᠲᠠᠩᠭᠠᠷᠢᠭ ᠶᠤᠮ 
 ᠡᠪ ᠵᠣᠬᠢᠴᠠᠯ ᠢᠪᠡᠭᠡᠯ ᠢ᠋ ᠳᠡᠭᠡᠳᠦᠯᠡᠪᠡᠰᠦ ᠯᠡ 
 ᠡᠨᠡᠬᠡᠨ ᠶᠢᠷᠲᠢᠨᠴᠦ ᠰᠠᠶᠢ ᠵᠢᠩᠬᠢᠨᠢ ᠲᠣᠭᠲᠠᠳᠠᠭ 
 ᠡᠭᠦᠨᠴᠡ ᠪᠤᠰᠤᠳ ᠠᠯᠢᠪᠠ ᠶᠠᠭᠤᠮᠠᠰ ᠪᠦᠷ ᠴᠤ᠌ 
 ᠡᠴᠦᠰ ᠦ᠋ᠨ ᠡᠴᠦᠰ ᠡᠪᠳᠡᠷᠡᠨ ᠰᠥᠨᠥᠳᠡᠭ ᠠ᠋ 
 ᠰᠡᠳᠬᠢᠯ ᠰᠢᠳᠢᠲᠦ ᠲᠡᠩᠭᠡᠯᠢᠭ ᠪᠦᠲᠦᠭᠡᠪᠡᠰᠦ 
 ᠰᠠᠨᠰᠠᠷᠯᠢᠭ ᠣᠶᠣᠯᠢᠭ ᠦᠢᠯᠡᠰ ᠰᠠᠶᠢ ᠪᠦᠲᠦᠮᠦᠢ     

                   2024᠂ 5᠂ 4᠃  ᠵᠠᠯᠠᠭᠤᠰ ᠤ᠋ᠨ ᠪᠠᠶᠠᠷ᠃    

                      ᠦᠦᠷ ᠦ᠋ᠨ ᠮᠥᠴᠡ ᠳ᠋ᠦ᠍ ᠪᠦᠲᠦᠭᠡᠪᠡᠢ᠃ 
                               ᠬᠥᠬᠡᠬᠣᠲᠠᠨ᠎ᠠ ᠃