ᠬᠤᠯᠠᠨ ᠪᠢᠳᠡ ᠬᠣᠶᠠᠷ-ᠥᠭᠦᠯᠡᠯᠭᠡ-ᠰ ∙ ᠡᠷᠳᠡᠨᠢС.Эрдэнэ. Хулан бид хоёр. Өгүүллэг
ᠬᠤᠯᠠᠨ ᠪᠢᠳᠡ ᠬᠣᠶᠠᠷ
ᠰ ∙ ᠡᠷᠳᠡᠨᠢ
ᠠᠷᠪᠠᠨ ᠳᠣᠯᠣᠭᠠᠨ ᠨᠠᠰᠤ ᠴᠤ᠌ ᠳᠠ᠃ ᠬᠥᠭᠡᠷᠦᠬᠦᠢ᠂ ᠵᠠᠢᠯᠠᠭᠤᠯ᠃ ᠪᠢ ᠲᠡᠭᠡᠬᠦ ᠳ᠋ᠦ᠍ ᠥᠪᠡᠷ ᠢ᠋ ᠪᠡᠨ ᠡᠷ᠎ᠡ ᠬᠥᠮᠦᠨ ᠳ᠋ᠦ᠍ ᠲᠣᠭᠠᠴᠠᠵᠤ ᠶᠠᠪᠤᠵᠠᠢ᠃ ᠭᠡᠲᠡᠯ᠎ᠡ ᠲᠡᠷᠡ ᠵᠤᠨ ᠶᠣᠰᠣᠲᠠᠢ ᠱᠠᠯᠴᠢᠭᠠᠷ ᠡᠷ᠎ᠡ ᠪᠣᠯᠬᠤ ᠪᠠᠨ ᠮᠡᠳᠡᠭᠰᠡᠨ ᠶᠦᠮ᠃ ᠳᠣᠯᠣᠳᠤᠭᠠᠷ ᠰᠠᠷ᠎ᠠ ᠶ᠋ᠢᠨ ᠨᠢᠭᠡᠨ ᠡᠳᠦᠷ ᠪᠢ ᠨᠤᠲᠤᠭ ᠤ᠋ᠨ ᠢ᠋ᠶ᠋ᠠᠨ ᠴᠢᠩᠭᠢᠰ ᠬᠠᠭᠠᠨ ᠪᠣᠯᠤᠨ ᠲᠡᠭᠦᠨ ᠦ᠌ ᠵᠠᠯᠠᠭᠤ ᠭᠡᠷᠭᠡᠢ ᠶ᠋ᠢᠨ ᠬᠠᠮᠲᠤ ᠰᠤᠮᠤ ᠶ᠋ᠢᠨ ᠢ᠋ᠶ᠋ᠡᠨ ᠨᠠᠭᠠᠳᠤᠮ ᠳ᠋ᠤ᠌ ᠣᠴᠢᠬᠤ ᠪᠠᠷ ᠡᠷᠲᠡᠯᠡᠨ ᠮᠣᠷᠳᠠᠯ᠎ᠠ᠃ ᠲᠡᠷᠡ ᠴᠢᠩᠭᠢᠰ ᠬᠠᠭᠠᠨ ᠭᠡᠳᠡᠭ ᠮᠠᠨᠢ ᠶᠡᠷᠦ ᠳ᠋ᠡᠭᠡᠨ ᠯᠡ ᠰᠢᠷ᠎ᠠ ᠴᠡᠮᠪᠡ ᠶᠦᠮ ᠰᠢᠦ ᠳᠡ᠃ ᠪᠢ ᠲᠡᠭᠦᠨ ᠳ᠋ᠦ᠍ ᠡᠢᠮᠦ ᠲᠣᠭᠰᠢᠨ ᠰᠦᠷ ᠲᠡᠢ ᠬᠣᠴᠢ ᠥᠭᠭᠦᠭᠰᠡᠨ ᠪᠣᠯᠪᠠᠴᠤ ᠬᠥᠮᠦᠨ ᠳ᠋ᠦ᠍ ᠬᠡᠯᠡᠳᠡᠭ ᠦᠭᠡᠢ ᠪᠠᠢᠯ᠎ᠠ᠃ ᠬᠤᠷᠳᠤᠨ ᠮᠣᠷᠢ ᠤᠶᠠᠬᠤ ᠳ᠋ᠤ᠌ ᠨᠢ ᠪᠢ ᠲᠡᠭᠦᠨ ᠳ᠋ᠦ᠍ ᠲᠤᠰᠠᠯᠠᠯᠴᠠᠭᠰᠠᠨ ᠶᠤᠮ᠃ ᠲᠡᠭᠡᠬᠦ ᠳ᠋ᠦ᠍ ᠨᠠᠳᠠ ᠰᠢᠭ᠋ ᠵᠣᠯᠳᠣᠷᠣᠢ ᠠᠮᠢᠲᠠᠨ ᠰᠠᠯᠬᠢᠨ ᠵᠡᠭᠡᠷᠳᠡ᠂ ᠴᠠᠬᠢᠯᠭᠠᠨ ᠬᠡᠭᠡᠷ ᠭᠡᠬᠦ ᠮᠡᠲᠦ ᠦᠯᠢᠭᠡᠷ ᠳᠣᠮᠣᠭ ᠤ᠋ᠨ ᠨᠡᠷ᠎ᠡ ᠲᠡᠢ ᠲᠡᠷᠡ ᠰᠦᠷᠡᠬᠡᠢ ᠬᠦᠯᠦᠭ ᠮᠣᠷᠢᠳ ᠢ᠋ ᠨᠢ ᠦᠳᠡᠰᠢ ᠶ᠋ᠢᠨ ᠴᠢᠭᠢᠭ ᠪᠠᠭᠤᠭᠰᠠᠨ ᠬᠣᠢᠨ᠎ᠠ ᠬᠡᠭᠡᠷ᠎ᠡ ᠠᠪᠠᠴᠢᠵᠤ ᠢᠳᠡᠭᠡᠰᠢᠯᠡᠭᠦᠯᠬᠦ᠂ ᠥᠷᠯᠥᠭᠡ ᠦᠷ ᠢ᠋ᠶ᠋ᠡᠷ ᠴᠢᠯᠡᠢ ᠶ᠋ᠢ ᠨᠢ ᠭᠠᠷᠭᠠᠬᠤ᠂ ᠡᠳᠦᠷ ᠤᠰᠤᠯᠠᠬᠤ ᠵᠡᠷᠭᠡ ᠬᠠᠷ᠎ᠠ ᠪᠣᠷᠣ ᠠᠵᠢᠯ ᠬᠢᠬᠦ ᠡᠴᠡ ᠥᠭᠡᠷ᠎ᠡ ᠶᠠᠮᠠᠷ ᠲᠤᠰᠠ ᠬᠦᠷᠭᠡᠬᠦ ᠪᠢᠯᠡ᠃
ᠰᠢᠷ᠎ᠠ ᠴᠡᠮᠪᠡ ᠭᠡᠭᠴᠢ ᠭᠤᠴᠢ ᠡᠷᠭᠢᠮ᠎ᠡ ᠨᠠᠰᠤᠲᠠᠢ᠂ ᠢᠷᠪᠢᠰ ᠦ᠋ᠨ ᠬᠢ ᠰᠢᠭ ᠵᠣᠲᠣᠭᠣᠷ ᠰᠢᠷ᠎ᠠ ᠨᠢᠳᠦ ᠲᠡᠢ᠂ ᠪᠤᠷᠵᠢᠭᠢᠷ ᠬᠦᠷᠡᠩ ᠦᠰᠦ ᠲᠡᠢ᠂ ᠳᠤᠮᠳᠠᠭᠤᠷ ᠢ᠋ᠶ᠋ᠠᠨ ᠬᠣᠪᠢᠯᠲᠤᠭᠰᠠᠨ ᠤᠷᠲᠤ ᠡᠷᠡᠦ ᠲᠡᠢ ᠪᠥᠭᠡᠳ майгавтар ᠮᠠᠢᠭᠤᠪᠲᠤᠷ ᠪᠣᠭᠣᠨᠢᠬᠠᠨ ᠬᠥᠯ ᠢ᠋ᠶ᠋ᠡᠨ ᠪᠠᠲᠤ ᠭᠢᠰᠬᠢᠵᠦ ᠨᠢᠳᠤᠷᠭ᠎ᠠ ᠪᠠᠨ ᠦᠷᠭᠦᠯᠵᠢ ᠵᠠᠩᠭᠢᠳᠴᠤ ᠶᠠᠪᠤᠳᠠᠭ ᠬᠥᠮᠦᠨ᠃ ᠰᠢᠷ᠎ᠠ ᠨᠢᠳᠦ ᠨᠢ ᠤᠷᠢᠨ ᠵᠥᠭᠡᠯᠡᠨ ᠬᠠᠷᠠᠴᠠ ᠲᠠᠢ ᠪᠠᠢᠬᠤ ᠶ᠋ᠢ ᠪᠢ ᠶᠡᠷᠦ ᠦᠵᠡᠭᠰᠡᠨ ᠦᠭᠡᠢ᠃ ᠨᠢᠰᠤᠬᠠᠢ ᠵᠢᠭᠠᠯ ᠤ᠋ᠳ ᠪᠣᠯ ᠲᠡᠭᠦᠨ ᠦ᠌ ᠬᠠᠷᠠᠴᠠᠨ ᠠ᠋ᠴᠠ ᠠᠶᠤᠵᠤ ᠬᠤᠯᠤᠭᠠᠨ᠎ᠠ ᠮᠥᠷᠥ ᠪᠡᠨ ᠬᠠᠪᠴᠢᠵᠤ᠂ ᠮᠣᠳᠣᠨ ᠥᠮᠥᠳᠥ ᠡᠮᠦᠰᠦᠭᠰᠡᠨ ᠶᠦᠮ ᠰᠢᠭ ᠬᠥᠳᠡᠯᠬᠦ ᠦᠭᠡᠢ ᠪᠣᠯᠤᠨ᠎ᠠ᠃ ᠴᠡᠮᠪᠡ ᠠᠳᠤᠭᠤ ᠮᠠᠯ᠂ ᠠᠯᠲᠠ ᠮᠥᠩᠭᠥ ᠪᠡᠷ ᠪᠠᠶᠠᠨ ᠪᠥᠭᠡᠳ ᠮᠣᠷᠢ ᠠᠷᠠᠯᠵᠢᠬᠤ дон туссанᠲᠤᠩ ᠲᠤᠰᠤᠭᠰᠠᠨ ᠬᠥᠮᠦᠨ᠃ ᠬᠠᠪᠤᠷ ᠨᠣᠭᠣᠭ᠎ᠠ ᠴᠤᠬᠤᠢᠩᠭᠤᠲᠠ ᠬᠡᠳᠦᠨ ᠮᠣᠷᠢ ᠰᠠᠢᠨ ᠡᠮᠡᠭᠡᠯ ᠲᠣᠬᠣᠵᠤ᠂ ᠰᠠᠢᠬᠠᠨ ᠬᠤᠪᠴᠠᠰᠤ ᠡᠮᠦᠰᠦᠭᠡᠳ ᠯᠡ ᠬᠤᠢ ᠰᠠᠯᠬᠢ ᠮᠡᠲᠦ ᠠᠷᠢᠯᠵᠤ ᠥᠭᠭᠦᠨ᠎ᠡ᠃ ᠲᠡᠭᠡᠭᠡᠳ ᠭᠡᠷᠯᠡᠨ ᠪᠠᠶᠠᠨ-ᠤᠯᠠᠭᠠᠨ᠂ ᠭᠠᠯ ᠰᠢᠷ᠎ᠠ ᠪᠦᠷ ᠳᠠᠷᠢᠭᠠᠩᠭ᠎ᠠ ᠬᠦᠷᠲᠡᠯ᠎ᠡ ᠳᠣᠩᠰᠢᠭᠤᠴᠢᠯᠠᠭᠠᠳ ᠢᠳᠡ ᠵᠤᠨ ᠪᠣᠯᠤᠭᠰᠠᠨ ᠬᠣᠢᠨ᠎ᠠ ᠰᠠᠢᠨ ᠰᠠᠢᠨ ᠮᠣᠷᠢᠳ ᠢ᠋ ᠬᠠᠲᠠᠷᠢ ᠵᠢᠷᠣᠭ᠎ᠠ᠂ ᠥᠩᠭᠡ ᠵᠢᠰᠦ ᠪᠡᠷ ᠨᠢ ᠢᠵᠢᠯᠢᠰᠡᠭᠦᠯᠵᠦ ᠬᠥᠲᠥᠯᠦᠭᠡᠳ᠂ ᠠᠭᠤᠯᠠ ᠶ᠋ᠢᠨ ᠪᠠᠯ ᠢ᠋ᠶ᠋ᠠᠷ ᠲᠣᠭᠣᠰᠣ ᠲᠠᠲᠠᠭᠤᠯᠵᠤ ᠤᠷᠲᠤ ᠶ᠋ᠢᠨ ᠳᠠᠭᠤᠤ ᠤᠶᠠᠩᠭᠠᠯᠠᠭᠤᠯᠤᠭᠰᠠᠭᠠᠷ ᠪᠤᠴᠠᠵᠤ ᠢᠷᠡᠨ᠎ᠡ᠃ ᠰᠢᠷ᠎ᠠ ᠴᠡᠮᠪᠡ ᠶ᠋ᠢᠨ ᠢᠳᠡ ᠬᠠᠪᠤ ᠡᠢᠮᠦ ᠯᠡ ᠪᠠᠢᠯ᠎ᠠ᠃ ᠮᠠᠨ ᠤ᠋ ᠨᠤᠲᠤᠭ ᠤ᠋ᠨ ᠬᠢᠨ ᠦ᠌ ᠵᠠᠷᠢᠮ ᠨᠢ ᠲᠡᠭᠦᠨ ᠢ᠋ ᠴᠠᠭᠠᠨ ᠣᠮᠣᠭᠲᠠᠢ᠂ ᠬᠡᠢᠮᠣᠷᠢ ᠲᠠᠢ᠂ ᠰᠠᠢᠨ ᠡᠷ᠎ᠡ ᠭᠡᠬᠦ ᠪᠣᠯᠪᠠᠴᠤ ᠣᠯᠠᠩᠬᠢ ᠨᠢ ᠤᠩᠭᠢᠷᠠᠭᠠᠨ ᠰᠠᠭᠰᠠᠭᠤ᠂ ᠣᠯᠢᠭ ᠦᠭᠡᠢ ᠬᠥᠮᠦᠨ ᠭᠡᠯᠴᠡᠳᠡᠭ ᠪᠢᠯᠡ᠃ ᠬᠠᠷᠢᠨ ᠪᠢ ᠪᠣᠯ ᠲᠡᠭᠦᠨ ᠢ᠋ ᠴᠢᠩᠭᠢᠰ ᠬᠠᠭᠠᠨ ᠰᠢᠭ᠋ ᠯᠡ ᠬᠥᠮᠦᠨ ᠭᠡᠵᠦ ᠪᠣᠳᠣᠨ᠎ᠠ᠃ ᠪᠢᠳᠡ ᠦᠷ ᠴᠡᠦᠷ ᠢ᠋ᠶ᠋ᠡᠷ ᠡᠮᠦᠨ᠎ᠡ ᠵᠦᠭ ᠳᠠᠪᠬᠢᠵᠤ ᠶᠠᠪᠤᠯ᠎ᠠ᠃ ᠰᠤᠮᠤ ᠶ᠋ᠢᠨ ᠲᠥᠪ ᠬᠦᠷᠲᠡᠯ᠎ᠡ ᠬᠣᠶᠠᠷ ᠥᠷᠲᠡᠭᠡ ᠭᠠᠵᠠᠷ᠂ ᠵᠠᠮ ᠶᠡᠬᠡ ᠪᠠᠷᠲᠠᠭ᠎ᠠ ᠲᠠᠢ᠃ ᠵᠢᠷᠢᠮᠳᠦ ᠶ᠋ᠢᠨ ᠳᠠᠪᠠᠭ᠎ᠠ ᠭᠡᠵᠦ ᠨᠢᠭᠡ ᠶᠡᠬᠡ ᠳᠠᠪᠠᠭ᠎ᠠ ᠪᠣᠢ᠃ ᠨᠠᠷᠠ ᠴᠤᠬᠤᠢᠬᠤ ᠶ᠋ᠢᠨ ᠠᠯᠲᠠ ᠳ᠋ᠤ᠌ ᠴᠢᠩᠭᠢᠰ ᠴᠠᠭᠠᠨ ᠲᠣᠬᠣᠢ ᠶ᠋ᠢᠨ ᠠᠢᠯ ᠢ᠋ᠶ᠋ᠠᠷ ᠪᠠᠭᠤᠵᠤ ᠳᠥᠷᠥᠭᠡ ᠴᠢᠩᠭᠠᠯᠠᠨ᠎ᠠ ᠭᠡᠵᠦ ᠪᠢᠳᠡ ᠬᠣᠶᠠᠷ ᠢ᠋ ᠣᠷᠬᠢᠭᠠᠳ ᠵᠢᠯᠢᠢᠵᠦ ᠣᠳᠪᠠ᠃ ᠲᠡᠭᠡᠩᠭᠦᠲᠡ ᠪᠢ ᠳᠣᠲᠣᠷ᠎ᠠ ᠪᠠᠨ ᠭᠡᠨᠡᠳᠲᠡ ᠪᠠᠶᠠᠷ ᠲᠠᠢ ᠪᠣᠯᠤᠯ᠎ᠠ᠃ ᠠᠷᠪᠠᠨ ᠳᠣᠯᠣᠭᠠᠨ ᠨᠠᠰᠤᠨ ᠳ᠋ᠤ᠌᠂ ᠦᠭᠡᠢ ᠳᠡ ᠯᠡ ᠡᠷ᠎ᠡ ᠬᠥᠮᠦᠨ ᠦ᠌ ᠦᠨᠦᠷ ᠣᠷᠣᠭᠰᠠᠨ ᠪᠠᠢᠬᠤ ᠰᠢᠦ ᠳᠡ᠃ ᠰᠢᠷ᠎ᠠ ᠴᠡᠮᠪᠡ ᠶ᠋ᠢᠨ ᠡᠬᠡᠨᠡᠷ ᠢ᠋ ᠬᠤᠯᠠᠨ ᠭᠡᠨ᠎ᠡ᠃ ᠬᠤᠯᠠᠨ ᠬᠣᠯᠠ ᠶ᠋ᠢᠨ ᠨᠤᠲᠤᠭ ᠠ᠋ᠴᠠ ᠬᠠᠳᠠᠮ ᠳ᠋ᠤ᠌ ᠢᠷᠡᠭᠰᠡᠨ᠂ ᠰᠠᠷ᠎ᠠ ᠰᠢᠭ᠋ ᠰᠠᠢᠬᠠᠨ᠂ ᠰᠠᠯᠬᠢ ᠰᠢᠭ᠋ ᠲᠣᠭᠲᠠᠪᠤᠷᠢ ᠦᠭᠡᠢ ᠠᠮᠢᠲᠠᠨ ᠪᠢᠯᠡ᠃
ᠠᠬ᠎ᠠ ᠶ᠋ᠢ ᠪᠡᠨ ᠳᠠᠭᠠᠵᠤ ᠠᠢᠮᠠᠭ ᠤᠷᠤᠭᠤ ᠬᠣᠶᠠᠷ ᠵᠢᠯ ᠬᠢᠷᠢ ᠲᠡᠢ ᠶᠠᠪᠤᠭᠠᠳ ᠡᠨᠡ ᠬᠠᠪᠤᠷ ᠨᠤᠲᠤᠭ ᠲᠤ᠌ ᠪᠠᠨ ᠪᠤᠴᠠᠵᠤ ᠢᠷᠡᠬᠦ ᠳ᠋ᠦ᠍ ᠮᠢᠨᠢ ᠰᠢᠷ᠎ᠠ ᠴᠡᠮᠪᠡ ᠡᠢᠮᠦ ᠵᠠᠯᠠᠭᠤ ᠰᠠᠢᠬᠠᠨ ᠡᠬᠡᠨᠡᠷ ᠠᠪᠤᠭᠰᠠᠨ ᠪᠠᠢᠯ᠎ᠠ᠃ ᠴᠡᠮᠪᠡ ᠡᠬᠡᠨᠡᠷ ᠢ᠋ᠶ᠋ᠡᠨ ᠦᠷᠭᠦᠯᠵᠢ ᠵᠠᠨᠴᠢᠵᠤ᠂ ᠦᠷ ᠰᠥᠨᠢ ᠪᠡᠷ ᠴᠢᠷᠠᠯᠠᠭᠤᠯᠵᠤ ᠪᠠᠢᠳᠠᠭ ᠭᠡᠵᠦ ᠮᠠᠨ ᠤ᠋ ᠨᠤᠲᠤᠭ ᠤ᠋ᠨ ᠬᠢᠨ ᠶᠠᠷᠢᠯᠴᠠᠵᠤ ᠪᠠᠢᠯ᠎ᠠ᠃ ᠭᠡᠪᠡᠴᠦ ᠪᠢ ᠲᠡᠢᠨ ᠬᠦ᠌ ᠴᠣᠢᠵᠣᠩ ᠪᠠᠭᠤᠯᠭᠠᠵᠤ ᠪᠠᠢᠬᠤ ᠶ᠋ᠢ ᠨᠢ ᠦᠵᠡᠭᠰᠡᠨ ᠦᠭᠡᠢ᠃
ᠵᠠ ᠲᠡᠭᠡᠭᠡᠳ ᠴᠢᠩᠭᠢᠰ ᠬᠠᠭᠠᠨ ᠪᠠᠷ᠎ᠠ ᠰᠤᠷᠠᠭ ᠦᠭᠡᠢ ᠪᠣᠯᠵᠠᠢ᠃ ᠪᠢ ᠨᠠᠭᠠᠳᠤᠮ ᠳ᠋ᠤ᠌ ᠤᠷᠤᠯᠳᠤᠭᠤᠯᠬᠤ ᠪᠠᠷ ᠰᠣᠢᠭᠰᠠᠨ ᠳᠥᠷᠪᠡᠨ ᠰᠠᠢᠬᠠᠨ ᠮᠣᠷᠢ ᠶ᠋ᠢ ᠨᠢ ᠬᠥᠲᠥᠯᠦᠭᠡᠳ ᠬᠤᠯᠠᠨ ᠬᠡᠦᠬᠡᠨ ᠦ᠌ ᠳᠡᠷᠭᠡᠳᠡ ᠴᠣᠭᠭᠢᠭᠤᠯᠵᠤ ᠶᠠᠪᠤᠯ᠎ᠠ᠃ ᠥᠷᠯᠥᠭᠡᠨ ᠦ᠌ ᠰᠡᠷᠢᠭᠦᠨ ᠳ᠋ᠦ᠍ ээгсэн эргүүлээдᠡᠭᠡᠭᠰᠡᠨ ᠡᠷᠭᠢᠭᠦᠯᠦᠭᠡᠳ ᠵᠢᠷᠢᠮ ᠦ᠋ᠨ ᠳᠠᠪᠠᠭ᠎ᠠ ᠳᠠᠪᠠᠭᠠᠷᠠᠢ ᠭᠡᠵᠦ «ᠬᠠᠭᠠᠨ» ᠪᠢᠳᠡᠨ ᠳ᠋ᠦ᠍ ᠲᠤᠰᠢᠶᠠᠭᠰᠠᠨ ᠶᠤᠮ᠃
ᠪᠢ ᠬᠤᠯᠠᠨ ᠬᠡᠦᠬᠡᠨ ᠢ᠋ ᠬᠤᠯᠠᠭᠠᠢ ᠨᠢᠳᠦ ᠪᠡᠷ ᠱᠣᠬᠣᠭᠣᠷᠬᠠᠨ ᠬᠠᠷᠠᠵᠤ ᠶᠡᠷᠦ ᠪᠢᠰᠢ ᠶ᠋ᠢᠨ ᠪᠠᠶᠠᠷ ᠬᠥᠷᠲᠡᠢ ᠶᠠᠪᠤᠪᠠ᠃ ᠢᠩᠭᠢᠭᠡᠳ ᠯᠡ ᠳᠠᠪᠬᠢᠭᠠᠳ ᠪᠠᠢᠪᠠᠯ ᠬᠠᠮᠢᠭ᠎ᠠ ᠴᠤ᠌ ᠬᠦᠷᠴᠦ ᠪᠣᠯᠤᠮᠠᠷ ᠰᠠᠨᠠᠭᠳᠠᠨ᠎ᠠ᠃
ᠴᠡᠯᠮᠡᠭ ᠲᠩᠷᠢ ᠳ᠋ᠦ᠍ ᠨᠠᠷᠠ ᠮᠠᠨᠳᠤᠵᠤ᠂ ᠰᠠᠯᠬᠢᠨ ᠡᠮᠦᠨ᠎ᠡ ᠡᠴᠡ ᠰᠡᠷᠴᠢᠭᠢᠨᠡᠭᠡᠳ ᠠᠭᠤᠯᠠ ᠶ᠋ᠢᠨ ᠡᠩ ᠳ᠋ᠦ᠍ ᠪᠡᠨ ᠰᠡᠭᠦᠳᠡᠷ ᠲᠣᠰᠴᠤ ᠪᠠᠢᠬᠤ ᠳ᠋ᠤ᠌᠂ ᠥᠷᠥᠨ᠎ᠡ ᠠᠭᠤᠯᠠ ᠶ᠋ᠢᠨ ᠤᠯᠠᠪᠤᠷ ᠲᠤᠶᠠᠭ᠎ᠠ ᠲᠤᠰᠴᠠᠢ᠃ ᠨᠤᠭᠤ ᠭᠠᠵᠠᠷ ᠤ᠋ᠨ ᠰᠢᠭᠦᠳᠡᠷᠢ ᠳ᠋ᠦ᠍ ᠨᠣᠭᠣᠭ᠎ᠠ ᠬᠥᠯ ᠳ᠋ᠦ᠍ ᠰᠢᠷ ᠰᠢᠷ ᠬᠢᠵᠦ᠂ ᠤᠷᠳᠤᠬᠢ ᠵᠠᠮ ᠳᠡᠭᠡᠷ᠎ᠡ ᠡᠴᠡ ᠪᠣᠯᠵᠣᠮᠣᠷ ᠰᠢᠪᠠᠭᠤ ᠪᠠᠢᠨ ᠪᠠᠢᠨ ᠨᠢᠰᠦᠨ᠎ᠡ᠃ ᠬᠤᠯᠠᠨ ᠬᠡᠦᠬᠡᠨ ᠤᠯᠠᠭᠠᠨ ᠰᠠᠪᠢᠬᠢᠨ ᠭᠤᠲᠤᠯ ᠡᠮᠦᠰᠴᠦ᠂ ᠵᠢᠵᠢᠭᠬᠡᠨ ᠬᠥᠯ ᠦ᠋ᠨ ᠢ᠋ᠶ᠋ᠡᠨ ᠥᠯᠮᠡᠢ ᠶ᠋ᠢ ᠬᠣᠲᠣᠢᠯᠭᠠᠵᠤ жийжүү ᠵᠢᠵᠡᠦ ᠳᠥᠷᠥᠭᠡ ᠵᠢᠭᠢᠵᠦ ᠂ ᠬᠥᠬᠡ ᠲᠣᠷᠭᠠᠨ ᠲᠡᠷᠯᠢᠭ ᠦ᠋ᠨ ᠢ᠋ᠶ᠋ᠡᠨ ᠬᠣᠷᠮᠣᠢ ᠶ᠋ᠢ ᠡᠪᠦᠳᠦᠭᠡᠨ ᠡᠴᠡ ᠪᠡᠨ ᠳᠡᠭᠡᠭᠰᠢ ᠴᠤ᠌ᠭᠯᠠᠷᠠᠭᠤᠯᠵᠤ᠂ ᠲᠣᠷᠭᠠᠨ ᠣᠢᠮᠣᠰᠤᠨ ᠤ᠋ ᠴᠠᠭᠠᠨ᠎ᠠ ᠲᠤᠶᠠᠭᠠᠷᠠᠵᠤ ᠪᠠᠢᠭ᠎ᠠ ᠴᠢᠭᠢᠷᠠᠭ ᠪᠤᠯᠴᠢᠩ ᠢ᠋ ᠪᠡᠨ ᠴᠢᠩᠭᠠᠬᠠᠨ ᠣᠷᠢᠶᠠᠭᠠᠳ᠂ ᠪᠣᠷᠵᠢᠭᠢᠨ ᠬᠢᠴᠡ ᠲᠡᠢ ᠡᠮᠡᠭᠡᠯ ᠳᠡᠭᠡᠷ᠎ᠡ ᠶᠠᠩᠵᠤᠲᠠᠢᠬᠠᠨ ᠰᠠᠭᠤᠵᠤ᠂ ᠰᠢᠷ᠎ᠠ ᠳᠤᠷᠳᠤᠩ ᠪᠦᠰᠡ ᠡᠪᠯᠢᠭᠬᠡᠨ ᠣᠷᠢᠶᠠᠭᠰᠠᠨ ᠨᠠᠷᠢᠬᠠᠨ ᠪᠡᠯᠬᠡᠭᠦᠰᠦ ᠪᠡᠨ ᠵᠢᠷᠣᠭ᠎ᠠ ᠬᠦᠷᠡᠩ ᠢ᠋ᠶ᠋ᠡᠨ ᠶᠠᠪᠤᠳᠠᠯ ᠤ᠋ᠨ ᠠᠶᠠᠰ ᠢ᠋ᠶ᠋ᠠᠷ ᠦᠯᠦ ᠮᠡᠳᠡᠭ ᠨᠠᠬᠢᠯᠵᠠᠭᠤᠯᠤᠨ ᠶᠠᠪᠤᠨ᠎ᠠ᠃
ᠮᠠᠩᠨᠠᠢ ᠳᠡᠭᠡᠷ᠎ᠡ ᠪᠡᠨ ᠰᠠᠷ᠎ᠠ ᠲᠠᠢ ᠵᠢᠷᠣᠭ᠎ᠠ ᠬᠦᠷᠡᠩ ᠮᠣᠷᠢ ᠮᠥᠩᠭᠥᠨ ᠲᠣᠪᠣᠷᠤᠤᠲᠤ ᠬᠠᠵᠠᠭᠠᠷ ᠤ᠋ᠨ ᠢ᠋ᠶ᠋ᠠᠨ ᠠᠮᠠᠭᠠᠢ ᠶ᠋ᠢ ᠰᠣᠶᠣᠭᠠᠨ ᠳ᠋ᠤ᠌ ᠪᠠᠨ ᠡᠯᠭᠦᠵᠦ ᠬᠠᠵᠠᠭᠠᠷ ᠳᠠᠷᠤᠨ ᠲᠡᠮᠡᠦᠯᠬᠦ ᠳ᠋ᠦ᠍ ᠦᠰᠦ ᠨᠢ ᠢᠯᠡᠪᠦᠷᠴᠢᠭᠰᠡᠨ ᠲᠡᠭᠰᠢᠬᠡᠨ ᠵᠣᠣ ᠨᠢ ᠦᠯᠦ ᠮᠡᠳᠡᠭ ᠵᠢᠷᠪᠢᠯᠵᠡᠬᠦ ᠶ᠋ᠢ ᠦᠵᠡᠪᠡᠯ ᠠᠶᠠᠭ᠎ᠠ ᠲᠠᠢ ᠤᠰᠤ ᠲᠠᠯᠪᠢᠭᠰᠠᠨ ᠴᠤ᠌ ᠠᠰᠬᠠᠷᠠᠮᠠᠷ ᠦᠭᠡᠢ᠂ ᠮᠣᠷᠢ ᠡᠵᠡᠨ ᠬᠣᠶᠠᠷ ᠤ᠋ᠨ ᠡᠨᠡ ᠪᠠᠢᠳᠠᠯ ᠳ᠋ᠤ᠌ ᠬᠥᠭᠵᠢᠮ ᠦ᠋ᠨ ᠬᠥᠭ ᠲᠠᠭᠠᠷᠠᠬᠤ ᠮᠡᠲᠦ ᠰᠡᠳᠬᠢᠯ ᠳ᠋ᠦ᠍ ᠮᠠᠰᠢ ᠲᠠᠭᠠᠯᠠᠮᠵᠢᠲᠠᠢ᠃
ᠬᠠᠷᠢᠨ᠂ ᠮᠢᠨᠦ ᠡᠮᠦᠰᠦᠭᠰᠡᠨ ᠬᠤᠪᠴᠠᠰᠤ ᠭᠡᠪᠡᠯ᠂ ᠡᠮᠵᠢᠶᠡᠷᠢ ᠨᠢ ᠰᠡᠮᠡᠷᠡᠭᠰᠡᠨ ᠨᠣᠭᠣᠭᠠᠨ ᠵᠢᠭᠦᠨᠢ ᠲᠡᠷᠯᠢᠭ᠂ ᠡᠪᠦᠳᠦᠭ ᠳᠡᠭᠡᠷ᠎ᠡ ᠪᠡᠨ ᠵᠤᠤᠪᠠᠩ ᠨᠥᠬᠥᠭᠡᠰᠦ ᠲᠡᠢ ᠴᠡᠷᠢᠭ ᠥᠮᠥᠳᠥ᠂ ᠬᠤᠭᠤᠷᠬᠠᠢ ᠰᠠᠷᠠᠪᠴᠢ ᠲᠠᠢ ᠬᠠᠭᠤᠴᠢᠨ ᠮᠠᠭᠤ ᠮᠠᠯᠠᠭᠠᠢ᠂ ᠤᠨᠤᠭᠰᠠᠨ ᠮᠣᠷᠢ ᠭᠡᠪᠡᠯ᠂ ᠴᠢᠩᠭᠢᠰ ᠬᠠᠭᠠᠨ ᠤ᠋ ᠠᠳᠤᠭᠤᠨ ᠰᠦᠷᠦᠭ ᠦ᠋ᠨ ᠠᠳᠠᠭ᠂ ᠠᠭᠠᠰᠢ ᠮᠠᠭᠤ ᠲᠠᠢ ᠠᠯᠠᠭ ᠦᠷᠢᠶ᠎ᠡ ᠪᠠᠢᠯ᠎ᠠ᠃
ᠬᠤᠯᠠᠨ᠂ ᠠᠭᠤᠯᠠ ᠶ᠋ᠢᠨ ᠣᠷᠣᠢ ᠬᠠᠷᠠᠵᠤ ᠤᠶᠠᠩᠭᠠᠲᠤ ᠳᠠᠭᠤᠤ ᠠᠶᠠᠯᠵᠤ ᠶᠠᠪᠤᠭᠰᠠᠨ ᠢ᠋ᠶ᠋ᠠᠨ ᠨᠠᠮᠠᠶ᠋ᠢ ᠨᠢᠳᠦᠨ ᠦ᠌ ᠪᠡᠨ ᠪᠤᠯᠤᠩ ᠢ᠋ᠶ᠋ᠠᠷ ᠬᠠᠷᠠᠵᠤ ᠳᠣᠭᠣᠭᠢᠲᠠᠢᠬᠠᠨ ᠢᠨᠢᠶᠡᠮᠰᠦᠭᠯᠡᠭᠡᠳ᠂ ᠰᠠᠮᠫᠢᠯ ᠠ᠋ ᠴᠢ ᠳᠠᠭᠤᠯᠠᠭᠠᠴᠢ ᠭᠡᠬᠦ ᠳ᠋ᠦ᠍ ᠮᠢᠨᠦ ᠴᠢᠷᠠᠢ ᠶᠠᠭᠠᠬᠢᠬᠤ ᠢᠭᠢᠬᠦ ᠶ᠋ᠢᠨ ᠵᠠᠪ ᠦᠭᠡᠢ ᠤᠯᠠᠭ᠎ᠠ ᠪᠤᠲᠠᠷᠠᠭᠠᠲᠠᠬᠠᠯᠠ᠃ ᠥᠨᠥᠴᠢᠨ ᠬᠥᠮᠦᠨ ᠳᠠᠭᠤᠯᠠᠭᠠᠴᠢ ᠭᠡᠭᠴᠢ ᠪᠡᠷ ᠪᠢ ᠲᠦᠷᠦᠭᠦᠬᠡᠨ ᠳ᠋ᠦ᠍ ᠪᠠᠨ ᠯᠠ ᠵᠡᠬᠡᠭᠰᠡᠨ ᠬᠣᠭᠣᠯᠠᠢ ᠲᠠᠢ ᠪᠠᠢᠵᠠᠢ᠃ ᠠᠳᠤᠭᠤ ᠮᠠᠯ ᠳ᠋ᠤ᠌ ᠶᠠᠪᠤᠬᠤ ᠳ᠋ᠤ᠌ ᠪᠠᠨ ᠳᠠᠭᠤᠤ ᠠᠶᠠᠯᠵᠤ ᠬᠠᠳᠠᠨ ᠤ᠋ ᠴᠤᠤᠷᠢᠶ᠎ᠠ ᠴᠢᠩᠨᠠᠳᠠᠭ ᠡᠪᠡᠳᠴᠢᠲᠡᠢ ᠶᠤᠮᠰᠠᠨ᠃ ᠪᠢ ᠰᠦᠨ ᠳ᠋ᠦ᠍ ᠪᠡᠨ ᠴᠠᠳᠤᠭᠰᠠᠨ ᠲᠤᠭᠤᠯ ᠰᠢᠭ᠋ ᠬᠡᠯᠡ ᠪᠡᠨ ᠳᠣᠯᠢᠶᠠᠵᠤ᠂ ᠡᠬᠢᠯᠡᠭᠡᠳ ᠲᠤᠩ ᠣᠩᠭᠢ ᠪᠠᠨ ᠮᠠᠭᠤ ᠲᠠᠢ ᠪᠠᠷ «ᠠᠷᠤ ᠬᠢᠩᠭᠠᠨ ᠠᠭᠤᠯᠠᠨ ᠳᠡᠭᠡᠷ᠎ᠡ ᠨᠢ ᠭᠠᠷᠤᠭᠠᠳ ᠬᠠᠷᠠᠬᠤ ᠳ᠋ᠤ᠌» ᠭᠡᠳᠡᠭ ᠢ᠋ ᠳᠠᠭᠤᠯᠠᠯ᠎ᠠ᠃ ᠬᠤᠯᠠᠨ ᠨᠠᠮᠠᠶ᠋ᠢ ᠢᠩᠭᠢᠵᠦ ᠳᠠᠭᠤᠯᠠᠨ᠎ᠠ ᠭᠡᠵᠦ ᠣᠭᠲᠣᠬᠠᠨ ᠴᠤ᠌ ᠰᠠᠨᠠᠭ᠎ᠠ ᠦᠭᠡᠢ ᠲᠤᠯᠠ ᠮᠣᠷᠢ ᠪᠠᠨ ᠲᠠᠲᠠᠵᠤ ᠰᠠᠢᠬᠠᠨ ᠠᠯᠠᠭ ᠨᠢᠳᠦ ᠪᠡᠨ ᠲᠣᠷᠮᠣᠯᠵᠠᠭᠤᠯᠤᠨ ᠮᠢᠰᠢᠶᠡᠪᠡ᠃ ᠲᠡᠭᠡᠬᠦ ᠪᠡᠷ ᠨᠢ ᠪᠢ ᠤᠷᠮ᠎ᠠ ᠵᠣᠷᠢᠭ ᠣᠷᠣᠵᠤ᠂ ᠤᠬᠠᠭᠠᠨ᠂ ᠬᠣᠭᠣᠯᠠᠢ ᠬᠣᠶᠠᠷ ᠤ᠋ᠨ ᠢ᠋ᠶ᠋ᠠᠨ ᠴᠢᠳᠠᠯ ᠢ᠋ ᠰᠢᠪᠬᠠᠵᠤ ᠬᠠᠷᠢ ᠬᠣᠯᠠ ᠶᠠᠪᠤᠭᠰᠠᠨ ᠬᠠᠢᠷᠠᠲᠤ ᠭᠠᠭᠴᠠ ᠥᠬᠢᠨ ᠢ᠋ᠶ᠋ᠡᠨ ᠮᠥᠷᠥᠭᠡᠳᠦᠭᠰᠡᠨ ᠡᠬᠡ ᠶ᠋ᠢᠨ ᠲᠤᠬᠠᠢ ᠳᠠᠭᠤᠯᠠᠪᠠ᠃ ᠲᠡᠭᠡᠲᠡᠯ᠎ᠡ ᠬᠤᠯᠠᠨ ᠬᠠᠨᠴᠤᠢ ᠠ᠋ᠴᠠ ᠪᠠᠨ ᠠᠯᠴᠢᠭᠤᠷ ᠭᠠᠷᠭᠠᠵᠤ ᠨᠢᠯᠪᠤᠰᠤ ᠪᠠᠨ ᠠᠷᠴᠢᠪᠠ ᠰᠢᠦ᠃ ᠪᠢ ᠠᠮᠠ ᠪᠠᠨ ᠠᠩᠭᠠᠢᠭᠰᠠᠨ ᠬᠡᠪ ᠢ᠋ᠶ᠋ᠡᠷ ᠢ᠋ᠶ᠋ᠡᠨ ᠲᠠᠭ ᠪᠣᠯᠤᠯ᠎ᠠ᠃ ᠢᠩᠭᠢᠵᠦ ᠤᠶᠠᠷᠠᠬᠤ ᠶᠠᠭᠤᠮ᠎ᠠ ᠭᠡᠵᠦ ᠶᠡᠷᠦ ᠰᠠᠨᠠᠭᠰᠠᠨ ᠦᠭᠡᠢ᠃
ᠰᠠᠮᠫᠢᠯ ᠠ᠋ ᠳᠠᠭᠤᠯᠠᠭᠠᠴᠢ ᠳᠠ ᠭᠡᠳ ᠬᠤᠯᠠᠨ ᠪᠦᠷ ᠮᠡᠭᠰᠢᠨ ᠤᠬᠢᠯᠠᠯ᠎ᠠ᠃ ᠭᠡᠪᠡᠴᠦ ᠮᠢᠨᠦ ᠳᠠᠭᠤᠯᠠᠬᠤ ᠰᠡᠭᠡᠭᠡ ᠠᠯᠠᠭ᠎ᠠ ᠪᠣᠯᠵᠠᠢ᠃ ᠬᠤᠯᠠᠨ ᠨᠡᠯᠢᠶᠡᠳ ᠤᠳᠠᠭᠠᠨ ᠤᠬᠢᠯᠠᠭᠠᠳ ᠰᠠᠶᠢ ᠲᠠᠢᠳᠬᠤᠷᠠᠵᠤ ᠡᠨᠡ ᠤᠳᠠᠭ᠎ᠠ ᠠᠶᠠᠲᠠᠢᠬᠠᠨ ᠢ᠋ᠶ᠋ᠠᠷ ᠬᠠᠷᠠᠭᠠᠳ᠂
ᠰᠠᠮᠫᠢᠯ᠂ ᠴᠢ ᠶᠠᠮᠠᠷ ᠰᠠᠢᠬᠠᠨ ᠳᠠᠭᠤᠯᠠᠳᠠᠭ ᠶᠤᠮ ᠪᠣᠢ ᠭᠡᠬᠦ ᠳ᠋ᠦ᠍ ᠪᠢ ᠠᠨᠠᠢ ᠯᠠ ᠢᠴᠢᠵᠦ ᠤᠯᠠᠢᠯᠠ᠃
ᠳᠠᠪᠠᠭᠠᠨ ᠳᠡᠭᠡᠷ᠎ᠡ ᠭᠠᠷᠬᠤ ᠦᠶᠡᠰ ᠪᠠᠭ᠎ᠠ ᠦᠳᠡ ᠪᠣᠯᠵᠠᠢ᠃ ᠡᠨᠡ ᠬᠣᠭᠣᠷᠣᠨᠳᠣ ᠬᠤᠯᠠᠨ ᠪᠢᠳᠡ ᠬᠣᠶᠠᠷ ᠪᠡᠶ᠎ᠡ ᠪᠡᠶ᠎ᠡ ᠪᠡᠨ ᠣᠪᠣᠭ᠎ᠠ ᠮᠡᠳᠡᠬᠦ ᠪᠣᠯᠤᠭᠰᠠᠨ ᠪᠠᠢᠯ᠎ᠠ᠃ ᠬᠤᠯᠠᠨ ᠪᠠᠰᠠ ᠨᠠᠳᠠ ᠲᠠᠢ ᠠᠳᠠᠯᠢ ᠥᠨᠥᠴᠢᠨ ᠬᠥᠮᠦᠨ ᠶᠤᠮᠰᠠᠨᠵᠠᠢ᠃ ᠪᠢᠳᠡ ᠣᠪᠣᠭᠠᠨ ᠤ᠋ ᠳᠡᠷᠭᠡᠳᠡ ᠪᠠᠭᠤᠯ᠎ᠠ᠃ ᠡᠨᠡ ᠡᠳᠦᠷ ᠠᠭᠠᠭᠢᠮ᠎ᠠ ᠬᠠᠯᠠᠭᠤᠨ ᠪᠣᠯᠪᠠᠴᠤ ᠳᠠᠪᠠᠭᠠᠨ ᠤ᠋ ᠥᠨᠳᠥᠷ ᠲᠦ᠍ ᠰᠠᠯᠬᠢ ᠰᠡᠷᠢᠭᠦᠨ ᠪᠥᠭᠡᠳ ᠰᠢᠯᠮᠦᠦᠰᠦᠲᠦ ᠣᠢ ᠶ᠋ᠢᠨ ᠰᠣᠳᠣᠨ ᠦᠨᠦᠷ ᠠᠩᠬᠢᠯᠵᠤ᠂ ᠲᠡᠷᠲᠡᠭᠡ ᠳᠣᠣᠷ᠎ᠠ ᠬᠥᠬᠡ ᠨᠣᠭᠣᠭᠠᠨ ᠰᠢᠭᠤᠢ ᠳᠤᠮᠳᠠᠭᠤᠷ ᠤᠷᠤᠰᠬᠤ ᠤᠨᠤᠨ ᠭᠣᠣᠯ ᠤ᠋ᠨ ᠨᠤᠭᠤᠯᠤᠭ᠎ᠠ ᠨᠤᠭᠤᠳ ᠭᠢᠯᠠᠯᠵᠠᠨ᠂ ᠮᠡᠯᠲᠡᠯᠵᠡᠨ ᠬᠠᠷᠠᠭᠳᠠᠪᠠ᠃
ᠬᠤᠯᠠᠨ ᠵᠤᠯᠠᠢ ᠳᠠᠷᠤᠨ ᠣᠷᠢᠶᠠᠵᠤ ᠴᠢᠬᠢᠨ ᠦ᠌ ᠲᠤᠰ ᠵᠠᠩᠭᠢᠳᠤᠭᠰᠠᠨ ᠤᠯᠠᠭᠠᠨ ᠫᠠᠩᠰᠠᠨ ᠠᠯᠴᠢᠭᠤᠷ ᠢ᠋ᠶ᠋ᠠᠨ ᠠᠪᠴᠤ ᠮᠢᠬᠠᠯᠢᠭ ᠴᠠᠭᠠᠨ ᠭᠠᠷ ᠢ᠋ᠶ᠋ᠠᠷ ᠢ᠋ᠶ᠋ᠠᠨ ᠮᠠᠩᠨᠠᠢ ᠪᠠᠨ ᠢᠯᠢᠬᠦ ᠳ᠋ᠦ᠍ ᠨᠠᠮᠠᠶ᠋ᠢ ᠰᠢᠷᠲᠡᠵᠦ ᠶᠠᠭᠤ ᠪᠣᠳᠣᠭᠰᠠᠨ ᠢ᠋ ᠪᠤᠤ ᠮᠡᠳᠡ ᠨᠢᠭᠡ ᠯᠡ ᠳᠣᠨᠵᠢᠲᠠᠢᠬᠠᠨ ᠢᠨᠢᠶᠡᠮᠰᠦᠭᠯᠡᠨ᠎ᠡ᠃ ᠡᠨᠡ ᠦᠶ᠎ᠡ ᠳ᠋ᠦ᠍ ᠪᠢ ᠴᠢᠩᠭᠢᠰ ᠬᠠᠭᠠᠨ ᠮᠥᠳᠳᠥ ᠪᠤᠤ ᠢᠷᠡᠭᠡᠰᠡᠢ ᠭᠡᠵᠦ ᠪᠣᠳᠣᠵᠤ ᠪᠠᠢᠭᠰᠠᠨ ᠲᠤᠯᠠ ᠪᠠᠢᠨ ᠪᠠᠢᠨ ᠵᠠᠮ ᠤᠷᠤᠭᠤ ᠬᠠᠷᠠᠵᠠᠢ᠃
ᠴᠢ ᠶᠠᠭᠤ ᠪᠠᠨ ᠬᠠᠷ᠎ᠠ ᠪᠣᠢ? ᠭᠡᠵᠦ ᠬᠡᠦᠬᠡᠨ ᠦ᠌ ᠭᠡᠨᠡᠳᠲᠡ ᠠᠰᠠᠭᠤᠬᠤ ᠳ᠋ᠤ᠌
ᠴᠢᠩᠭᠢᠰ᠂ ᠂ ᠂ ᠭᠡᠮᠡᠨ ᠰᠠᠨᠠᠮᠰᠠᠷ ᠦᠭᠡᠢ ᠬᠡᠯᠡᠵᠦ ᠣᠷᠬᠢᠯ᠎ᠠ᠃
ᠶᠠᠭᠤ? ᠭᠡᠵᠦ ᠭᠠᠢᠬᠠᠨ ᠬᠠᠷᠠᠬᠤ ᠳ᠋ᠤ᠌ ᠨᠢ ᠪᠢ ᠪᠦᠷ бантажᠪᠠᠨᠲᠠᠵᠤ ᠣᠷᠬᠢᠭᠠᠳ
ᠠ ᠲᠡᠢᠮᠦ᠂ ᠂ ᠃ ᠴᠢᠩᠭᠢᠰ᠂ ᠂ ᠂ ᠦᠭᠡᠢ ᠠ᠋ ᠴᠠ᠂ ᠂ ᠴᠠ᠂ ᠂ ᠭᠡᠵᠦ бувтнаад ᠪᠠᠪᠠᠲᠤᠨᠠᠭᠠᠳ ᠮᠠᠩᠭᠤᠤ ᠶᠤᠮ ᠰᠢᠭ᠋ ᠮᠠᠭᠠᠰᠠᠢᠲᠠᠯᠠ ᠢᠨᠢᠶᠡᠬᠦ ᠳ᠋ᠦ᠍ ᠬᠤᠯᠠᠨ ᠤᠯᠠᠮ ᠭᠠᠢᠬᠠᠵᠤ
ᠶᠠᠭᠤᠨ ᠴᠢᠩᠭᠢᠰ ᠪᠣᠢ? ᠭᠡᠳ ᠨᠢᠳᠦ ᠪᠡᠨ ᠲᠣᠮᠣ ᠠ᠋ᠴᠠ ᠲᠣᠮᠣ ᠪᠣᠯᠭᠠᠯ᠎ᠠ᠃
ᠪᠢ ᠰᠠᠶᠢ ᠯᠠ ᠨᠢᠭᠡ ᠬᠡᠯᠡ ᠪᠡᠨ ᠲᠠᠲᠠᠭᠴᠠᠨ ᠪᠣᠯᠵᠤ
ᠦᠭᠡᠢ᠂ ᠴᠡᠮᠪᠡ ᠭᠤᠸᠠᠢ ᠭᠦᠢᠴᠡᠵᠦ ᠢᠷᠡᠬᠦ ᠪᠣᠯᠤᠭ᠎ᠠ ᠦᠭᠡᠢ ᠶᠦᠮ ᠠ᠋ ᠭᠡᠪᠡ᠃ ᠬᠤᠯᠠᠨ ᠪᠠᠰᠠ ᠯᠠ ᠭᠠᠢᠬᠠᠭᠰᠠᠨ ᠬᠡᠪ ᠢ᠋ᠶ᠋ᠡᠷ ᠢ᠋ᠶ᠋ᠡᠨ᠂
ᠲᠡᠭᠡᠭᠡᠳ ᠴᠢᠩᠭᠢᠰ᠂ ᠴᠢᠩᠭᠢᠰ ᠭᠡᠳ ᠪᠠᠢᠳᠠᠭ᠂ ᠂ ᠂ ᠭᠡᠬᠦ ᠳ᠋ᠦ᠍ ᠨᠢ ᠪᠢ ᠣᠳᠣ ᠳᠦᠭᠦᠷᠦᠭᠰᠡᠨ ᠬᠡᠷᠡᠭ ᠭᠡᠵᠦ ᠪᠣᠳᠣᠭᠠᠳ᠂
ᠴᠡᠮᠪᠡ ᠭᠤᠸᠠᠢ ᠴᠢᠩᠭᠢᠰ ᠬᠠᠭᠠᠨ ᠲᠠᠢ ᠲᠥᠰᠲᠡᠢ ᠰᠢᠦ ᠭᠡᠲᠡᠯ᠎ᠡ
ᠶᠠᠭᠤ ᠭᠡᠨ᠎ᠡ ᠠ᠋? ᠭᠡᠳ ᠭᠡᠳᠡᠷᠭᠦ ᠤᠨᠤᠨ ᠬᠥᠬᠡᠷᠡᠵᠦ
ᠦᠬᠦᠭᠰᠡᠨ ᠬᠣᠢᠨ᠎ᠠ ᠪᠠᠨ ᠴᠢᠩᠭᠢᠰ ᠬᠠᠭᠠᠨ ᠪᠣᠯ᠃ ᠴᠢᠩᠭᠢᠰ ᠰᠢᠭ ᠪᠠᠭᠠᠲᠤᠷ ᠪᠣᠯ ᠠᠳᠠᠭᠯᠠᠭᠠᠳ ᠡᠬᠡᠨᠡᠷ ᠢ᠋ᠶ᠋ᠡᠨ ᠵᠣᠳᠣᠬᠤ ᠦᠭᠡᠢ ᠪᠠᠢᠬᠤ ᠰᠠᠨ᠃ ᠲᠡᠷᠡ ᠴᠢᠨᠢ ᠣᠳᠣ ᠨᠣᠭᠣᠭᠠᠷᠠᠵᠤ ᠯᠠ ᠶᠠᠪᠤᠭ᠎ᠠ ᠪᠢᠵᠡ᠃ ᠡᠨᠡ ᠰᠥᠨᠢ ᠳ᠋ᠦ᠍ ᠪᠡᠨ ᠰᠤᠮᠤ ᠬᠦᠷᠴᠦ ᠴᠢᠳᠠᠪᠠᠯ ᠳᠡᠭᠡᠳᠦ ᠵᠠᠶᠠᠭ᠎ᠠ ᠭᠡᠳ ᠰᠠᠨᠠᠭ᠎ᠠ ᠠᠯᠲᠠᠨ ᠨᠣᠭᠣᠭᠠᠨ ᠳᠡᠭᠡᠷ᠎ᠡ ᠬᠠᠵᠠᠭᠤᠯᠳᠠᠨ ᠢᠯᠡ ᠭᠠᠷᠤᠭᠰᠠᠨ ᠡᠪᠦᠳᠦᠭ ᠢ᠋ᠶ᠋ᠡᠨ ᠬᠣᠷᠮᠣᠢ ᠪᠠᠷ ᠢ᠋ᠶ᠋ᠠᠨ ᠣᠷᠢᠶᠠᠭᠠᠳ᠂ ᠨᠢᠭᠡ ᠰᠢᠷᠬᠡᠭ ᠭᠢᠯᠭᠠᠨ᠎ᠠ ᠲᠠᠰᠤᠳᠠᠨ ᠠᠮᠠᠨ ᠳ᠋ᠤ᠌ ᠪᠠᠨ ᠵᠢᠭᠤᠵᠤ ᠶᠠᠮᠠᠷᠬᠠᠨ ᠨᠢᠭᠡ ᠵᠦᠢᠯ ᠢ᠋ ᠮᠥᠷᠥᠭᠡᠳᠦᠨ ᠰᠠᠨᠠᠭᠠᠰᠢᠷᠠᠬᠤ ᠮᠡᠲᠦ ᠨᠢᠳᠦ ᠪᠡᠨ ᠠᠨᠢᠵᠤ ᠪᠠᠢᠭᠰᠠᠨ ᠢ᠋ᠶ᠋ᠠᠨ ᠠᠭᠠᠯᠢᠭᠦᠢᠲᠦᠨ ᠢᠨᠢᠶᠡᠵᠦ᠂
ᠨᠠᠮᠠᠶ᠋ᠢ ᠲᠡᠳᠡ! ᠭᠡᠳ ᠭᠠᠷ ᠢ᠋ᠶ᠋ᠠᠨ ᠥᠭᠪᠡ᠃ ᠲᠡᠭᠦᠨ ᠦ᠌ ᠭᠠᠷ ᠵᠥᠭᠡᠯᠡᠬᠡᠨ ᠪᠥᠭᠡᠳ ᠪᠦᠯᠢᠶᠡᠬᠡᠨ ᠪᠠᠢᠯ᠎ᠠ᠃
ᠬᠤᠯᠠᠨ ᠲᠡᠷᠡ ᠳᠠᠷᠤᠢ ᠮᠣᠷᠢᠨ ᠳ᠋ᠤ᠌ ᠪᠠᠨ ᠮᠣᠷᠳᠠᠵᠤ᠂
ᠰᠠᠮᠫᠢᠯ ᠠ᠋ ᠡᠷᠴᠢ ᠪᠡᠷ ᠢ᠋ᠶ᠋ᠡᠨ ᠳᠠᠪᠬᠢᠭᠠᠳ ᠭᠣᠣᠯ ᠳᠡᠭᠡᠷ᠎ᠡ ᠣᠴᠢᠶ᠎ᠠ᠃ ᠤᠰᠤᠨ ᠤ᠋ ᠡᠷᠭᠢ ᠳᠡᠭᠡᠷ᠎ᠡ ᠶᠡᠬᠡ ᠰᠠᠢᠬᠠᠨ ᠪᠠᠢᠭ᠎ᠠ᠃ ᠴᠡᠮᠪᠡ ᠮᠥᠳᠳᠥ ᠢᠷᠡᠬᠦ ᠦᠭᠡᠢ᠂ ᠶᠠᠪᠤᠶ᠎ᠠ! ᠭᠡᠵᠦ ᠬᠥᠭᠵᠢᠯᠲᠡᠢ ᠬᠡᠯᠡᠭᠡᠳ ᠮᠣᠷᠢᠨ ᠳ᠋ᠤ᠌ ᠪᠠᠨ ᠲᠠᠰᠢᠭᠤᠷ ᠥᠭᠴᠦ ᠳᠠᠪᠠᠭ᠎ᠠ ᠤᠷᠤᠭᠤ ᠵᠢᠷᠣᠭᠠᠯᠠᠭᠤᠯᠪᠠ᠃ ᠪᠢ ᠴᠦ᠍ ᠶᠠᠭᠠᠷᠠᠨ ᠮᠣᠷᠳᠠᠵᠤ ᠬᠣᠢᠨ᠎ᠠ ᠠ᠋ᠴᠠ ᠨᠢ ᠳᠠᠪᠬᠢᠪᠠ᠃ ᠰᠠᠮᠫᠢᠯ ᠠ᠋ ᠳᠠᠭᠤᠯᠠᠭᠠᠷᠠᠢ ᠭᠡᠨ᠎ᠡ᠃ ᠪᠢ ᠰᠡᠮᠡᠷᠬᠡᠢ ᠨᠣᠭᠣᠭᠠᠨ ᠲᠡᠷᠯᠢᠭ ᠦ᠋ᠨ ᠢ᠋ᠶ᠋ᠡᠨ ᠬᠣᠷᠮᠣᠢ ᠶ᠋ᠢ ᠬᠡᠢᠰᠬᠡᠩᠬᠡᠨ᠂
- ᠡᠷ᠎ᠡ ᠠ᠋ ᠪᠣᠷᠣ ᠬᠠᠷᠴᠠᠭᠠᠨᠠ ᠨᠢ ᠦ ᠪᠡᠨ
ᠵᠢᠭᠦᠷ ᠲᠦ᠍ ᠪᠡᠨ ᠬᠦᠴᠦᠲᠡᠢ ᠠᠢ ᠬᠦ ᠠᠯᠳᠠᠷᠠᠢ ᠮᠢᠨᠢ ᠠ᠋ ᠠ᠋ ᠂ ᠂ ᠭᠡᠳ ᠯᠡ ᠵᠢᠷᠢᠮ ᠦ᠋ᠨ ᠳᠠᠪᠠᠭ᠎ᠠ ᠶ᠋ᠢ ᠵᠢᠩᠭᠢᠨᠡᠲᠡᠯ᠎ᠡ ᠳᠠᠭᠤᠯᠠᠵᠤ ᠶᠠᠪᠤᠯ᠎ᠠ᠃
ᠭᠣᠣᠯ ᠳᠡᠭᠡᠷ᠎ᠡ ᠬᠦᠷᠴᠦ ᠢᠷᠡᠬᠦ ᠳ᠋ᠦ᠍ ᠨᠥᠭᠦᠭᠡ ᠬᠤᠷᠳᠤᠨ ᠮᠣᠷᠢᠳ ᠮᠠᠨᠢ ᠬᠦᠷᠲᠡᠯ᠎ᠡ ᠬᠥᠯᠥᠷᠡᠴᠢᠬᠡᠭᠰᠡᠨ ᠪᠠᠢᠪᠠ᠃
ᠬᠤᠯᠠᠨ ᠨᠠᠮᠠᠶ᠋ᠢ ᠬᠥᠮᠦᠨ ᠪᠠᠷᠤᠭ ᠶᠠᠪᠤᠬᠤ ᠪᠠᠨ ᠪᠣᠯᠢᠭᠰᠠᠨ᠂ ᠬᠠᠭᠤᠴᠢᠨ ᠭᠠᠷᠠᠮ ᠲᠡᠰᠢ ᠳᠠᠭᠠᠭᠤᠯᠵᠤ ᠣᠴᠢᠪᠠ᠃ ᠪᠢᠳᠡ ᠬᠣᠶᠠᠷ ᠤᠯᠢᠶᠠᠰᠤ ᠪᠤᠷᠭᠠᠰᠤ᠂ ᠮᠣᠢᠯ ᠳᠣᠯᠣᠭᠣᠨᠠ ᠬᠣᠣᠰᠯᠠᠭᠰᠠᠨ ᠪᠢᠲᠡᠭᠦᠦ ᠰᠢᠭᠤᠢ ᠶ᠋ᠢᠨ ᠳᠤᠮᠳᠠ ᠪᠠᠭᠤᠵᠤ ᠮᠣᠷᠢᠳ ᠢ᠋ᠶ᠋ᠠᠨ ᠤᠶᠠᠭᠠᠳ ᠲᠤᠬᠠᠲᠠᠢᠬᠠᠨ ᠬᠦᠦᠷᠨᠢᠵᠦ ᠰᠠᠭᠤᠯ᠎ᠠ᠂ ᠂ ᠃
ᠴᠣᠬᠣᠮ ᠶᠠᠭᠤ ᠭᠡᠭᠴᠢ ᠪᠣᠯᠵᠤ ᠪᠠᠢᠭ᠎ᠠ ᠶ᠋ᠢ ᠪᠢ ᠮᠡᠳᠡᠬᠦ ᠪᠡᠨ ᠪᠠᠢᠵᠠᠢ᠃
ᠬᠤᠯᠠᠨ ᠮᠠᠨ ᠤ᠋ ᠨᠤᠲᠤᠭ ᠲᠤ᠌ ᠴᠢᠮ᠎ᠠ ᠰᠢᠭ᠋ ᠰᠠᠢᠬᠠᠨ ᠬᠡᠦᠬᠡᠨ ᠪᠠᠢᠬᠤ ᠦᠭᠡᠢ ᠰᠢᠦ᠃
ᠨᠠᠳᠠ ᠪᠠᠰᠠ ᠥᠭᠡᠷ᠎ᠡ ᠰᠠᠢᠬᠠᠨ ᠶᠠᠭᠤᠮ᠎ᠠ ᠪᠣᠢ ᠯᠠ ᠳᠠ
ᠶᠠᠭᠤ ᠭᠡᠵᠦ?
ᠶᠠᠭᠠᠬᠢᠪᠠ᠃ ᠰᠡᠳᠬᠢᠯ ᠪᠠᠢᠨ᠎ᠠ᠃
ᠲᠡᠭᠡᠭᠡᠳ ᠵᠢᠷᠭᠠᠯᠲᠠᠢ ᠠᠮᠢᠳᠤᠷᠠᠵᠤ᠂ ᠂ ᠃
ᠴᠢ ᠪᠣᠳᠣ ᠯᠠ ᠳᠠ᠃ ᠪᠢ ᠬᠥᠮᠦᠨ ᠦ᠌ ᠡᠷᠬᠡᠨ ᠳ᠋ᠦ᠍ ᠪᠠᠢᠨ᠎ᠠ᠃ ᠵᠣᠪᠠᠯᠠᠩ ᠢ᠋ ᠪᠡᠨ ᠨᠤᠤᠬ᠎ᠠ ᠶ᠋ᠢ ᠯᠡ ᠪᠣᠳᠣᠬᠤ ᠶᠤᠮ᠃ ᠬᠥᠮᠦᠨ ᠨᠠᠮᠠᠶ᠋ᠢ ᠵᠢᠷᠭᠠᠯ ᠳ᠋ᠤ᠌ ᠪᠠᠨ ᠲᠠᠰᠢᠭᠤᠷᠠᠭᠰᠠᠨ ᠠᠮᠢᠲᠠᠨ ᠭᠡᠵᠦ ᠪᠣᠳᠣᠳᠠᠭ᠃
ᠬᠤᠯᠠᠨ᠂ ᠴᠢ ᠢᠩᠭᠢᠵᠦ ᠠᠮᠢᠳᠤᠷᠠᠬᠤ ᠶᠣᠰᠣ ᠦᠭᠡᠢ᠂ ᠰᠠᠯᠤᠭᠠᠳ ᠶᠠᠪᠤ! ᠴᠢᠮᠠᠶ᠋ᠢ ᠰᠦᠷᠳᠡᠭᠦᠯᠳᠡᠭ ᠪᠠᠢᠬᠤ ᠦᠭᠡᠢ ᠤᠤ᠃ ᠬᠠᠶᠠᠭᠠᠳ ᠶᠠᠪᠤᠴᠢᠬᠠᠪᠠᠯ ᠴᠢᠨᠢ ᠶᠠᠭᠠᠬᠢᠵᠤ ᠴᠤ᠌ ᠴᠢᠳᠠᠬᠤ ᠦᠭᠡᠢ᠃
ᠰᠠᠮᠫᠢᠯ ᠠ᠋᠂ ᠴᠢᠮ᠎ᠠ ᠰᠢᠭ ᠬᠥᠮᠦᠨ ᠲᠡᠢ ᠰᠠᠨ ᠪᠣᠯ᠂ ᠂ ᠂ ᠴᠢ ᠳᠠᠩᠴᠤ ᠢᠴᠢᠮᠡᠲᠡᠭᠡᠢ ᠶᠦᠮ ᠳᠡ᠃ ᠨᠠᠮᠠᠶ᠋ᠢ ᠦᠨᠦᠰ ᠯᠡ ᠳᠡ᠂ ᠂ ᠃
ᠪᠢᠳᠡᠨ ᠦ᠌ ᠬᠠᠵᠠᠭᠤ ᠳ᠋ᠠᠬᠢ ᠪᠤᠷᠭᠠᠰᠤᠨ ᠤ᠋ ᠮᠥᠴᠢᠷ ᠳᠡᠭᠡᠷ᠎ᠡ ᠢᠷᠡᠵᠦ ᠰᠠᠭᠤᠭᠰᠠᠨ ᠪᠢᠴᠢᠬᠠᠨ ᠪᠣᠷᠣ ᠪᠢᠯᠵᠤᠤᠬᠠᠢ «ᠡᠳᠡ ᠶᠡᠷᠦ ᠨᠢ ᠶᠠᠭᠠᠬᠢᠵᠤ ᠪᠠᠢᠨ᠎ᠠ» ᠭᠡᠰᠡᠨ ᠪᠠᠢᠷᠢ ᠲᠠᠢ ᠲᠣᠯᠣᠭᠠᠢ ᠪᠠᠨ ᠭᠢᠯᠵᠢᠢᠯᠭᠡᠨ ᠰᠢᠯᠢ ᠰᠤᠪᠰᠤ ᠰᠢᠭ᠋ ᠥᠴᠦᠬᠡᠨ ᠨᠢᠳᠦ ᠪᠡᠨ ᠡᠷᠭᠢᠯᠳᠦᠭᠦᠯᠦᠨ᠎ᠡ᠃
ᠬᠤᠯᠠᠨ ᠭᠠᠷ ᠢ᠋ᠶ᠋ᠠᠨ ᠳᠡᠷᠡᠯᠡᠵᠦ ᠨᠢᠳᠦ ᠪᠡᠨ ᠠᠨᠢᠭᠠᠳ᠂
ᠨᠠᠮᠤᠷ ᠴᠢᠨᠦ ᠠᠢᠮᠠᠭ ᠣᠷᠣᠭᠰᠠᠨ ᠬᠣᠢᠨ᠎ᠠ ᠪᠢ ᠴᠡᠮᠪᠡ ᠡᠴᠡ ᠰᠠᠯᠤᠭᠠᠳ ᠪᠠᠰᠠ ᠠᠢᠮᠠᠭ ᠣᠷᠣᠨ᠎ᠠ᠃ ᠠᠵᠢᠯ ᠬᠢᠪᠡᠯ ᠠᠮᠢᠳᠤᠷᠠᠨ᠎ᠠ ᠰᠢᠦ ᠳᠡ᠃ ᠪᠢ ᠣᠶᠣᠳᠠᠯᠴᠢᠨ᠂ ᠦᠭᠡᠢ ᠳᠡ ᠴᠡᠪᠡᠷᠯᠡᠭᠴᠢ ᠬᠢᠵᠦ ᠲᠥᠩᠬᠢᠬᠦ ᠪᠠᠢᠯᠭᠦᠢ᠃ ᠲᠡᠢᠮᠦ ᠠ᠋ ᠰᠠᠮᠫᠢᠯ ᠠ᠋?
ᠲᠡᠢᠮᠦ ᠠ᠋᠃ ᠪᠢ ᠪᠣᠯ ᠲᠷᠠᠺᠲ᠋ᠣᠷᠴᠢᠨ ᠶᠤᠮ ᠤᠤ ᠵᠢᠯᠣᠭᠣᠴᠢ ᠪᠣᠯᠬᠤ ᠰᠠᠨᠠᠭ᠎ᠠ ᠲᠠᠢ! ᠬᠤᠯᠠᠨ! ᠡᠨᠡ ᠰᠢᠪᠠᠭᠤ ᠶᠠᠮᠠᠷ ᠬᠥᠭᠡᠷᠦᠬᠦᠨ ᠨᠢᠳᠦ ᠲᠡᠢ ᠶᠦᠮ ᠪᠣᠢ?
ᠰᠢᠨ᠎ᠡ ᠭᠠᠷᠠᠮ ᠤ᠋ᠨ ᠵᠠᠮ ᠳ᠋ᠤ᠌ ᠣᠷᠣᠬᠤ ᠦᠶ᠎ᠡ ᠳ᠋ᠦ᠍ ᠨᠢᠭᠡᠨᠲᠡ ᠣᠷᠣᠢ ᠪᠣᠯᠤᠭᠰᠠᠨ ᠪᠠᠢᠯ᠎ᠠ᠃ ᠭᠡᠪᠡᠴᠦ ᠪᠢᠳᠡ ᠴᠢᠩᠭᠢᠰ ᠬᠠᠭᠠᠨ ᠨᠥᠭᠦᠭᠡ ᠴᠠᠭᠠᠨ ᠲᠣᠬᠣᠢ ᠳ᠋ᠤ᠌ ᠪᠠᠨ ᠯᠠ ᠨᠣᠭᠣᠭᠠᠷᠠᠵᠤ ᠶᠠᠪᠤᠭ᠎ᠠ ᠭᠡᠵᠦ ᠠᠵᠢᠭ ᠰᠡᠵᠢᠭ ᠴᠦ᠍ ᠦᠭᠡᠢ ᠶᠠᠪᠤᠯ᠎ᠠ᠃ ᠬᠡᠴᠢᠨᠡᠨ ᠪᠠᠶᠠᠷ ᠵᠢᠷᠭᠠᠯ ᠲᠠᠢ ᠶᠠᠪᠤᠭᠰᠠᠨ ᠭᠡᠵᠦ ᠰᠠᠨᠠᠨ᠎ᠠ᠃ ᠬᠤᠯᠠᠨ ᠮᠢᠨᠦ ᠮᠥᠷᠥ ᠶ᠋ᠢ ᠲᠦᠰᠢᠨ ᠮᠦᠰᠢᠶᠡᠵᠦ᠂ ᠪᠢ ᠡᠷ᠎ᠡ ᠪᠣᠷᠣ ᠬᠠᠷᠴᠠᠭ᠎ᠠ ᠠᠶᠠᠯᠤᠨ ᠮᠦᠰᠢᠶᠡᠵᠦ᠂ ᠣᠷᠣᠢ ᠶ᠋ᠢᠨ ᠨᠠᠷᠠᠨ ᠠᠭᠤᠯᠠ ᠶ᠋ᠢᠨ ᠲᠣᠯᠣᠭᠠᠢ ᠳᠡᠭᠡᠷ᠎ᠡ ᠮᠦᠰᠢᠶᠡᠨ᠎ᠡ᠃
ᠪᠢᠳᠡ ᠬᠣᠶᠠᠷ ᠤ᠋ᠨ ᠤᠷᠢᠳᠤ ᠠ᠋ᠴᠠ ᠶᠠᠮᠠᠷ ᠨᠢᠭᠡ ᠬᠥᠮᠦᠨ ᠤᠯᠠᠭᠠᠨ ᠲᠣᠭᠣᠰᠣ ᠲᠠᠲᠠᠭᠤᠯᠤᠨ ᠳᠠᠪᠬᠢᠵᠤ ᠠᠢᠰᠤᠢ᠃ ᠬᠤᠯᠠᠨ ᠭᠡᠨᠡᠳᠲᠡ ᠮᠣᠷᠢ ᠪᠠᠨ ᠲᠠᠲᠠᠵᠤ ᠲᠡᠷᠡ ᠬᠥᠮᠦᠨ ᠦ᠌ ᠵᠦᠭ ᠲᠦᠭᠰᠢᠭᠦᠷᠢᠲᠡᠢ ᠪᠡᠷ ᠰᠢᠷᠳᠡᠭᠡᠳ᠂ ᠪᠢ ᠴᠦ᠍ дорхинооᠳᠣᠷᠣᠬᠢᠨ ᠢ᠋ᠶ᠋ᠠᠨ
ᠴᠡᠮᠪᠡ ᠢᠷᠡᠵᠦ ᠶᠠᠪᠤᠨ᠎ᠠ ᠭᠡᠵᠦ ᠰᠢᠪᠡᠨᠡᠪᠡ᠃ ᠪᠢ ᠴᠦ᠍ дорхинооᠳᠣᠷᠣᠬᠢᠨ ᠢ᠋ᠶ᠋ᠠᠨ ᠱᠠᠯᠴᠢᠢᠵᠤ ᠣᠷᠬᠢᠯ᠎ᠠ ᠵᠢᠷᠦᠬᠡ ᠮᠠᠨᠢ ᠠᠮᠠ ᠪᠠᠷ ᠢ᠋ᠶ᠋ᠠᠨ ᠭᠠᠷᠬᠤ ᠨᠢ ᠠ᠋
ᠬᠠᠮᠢᠭ᠎ᠠ ᠠ᠋ᠴᠠ ᠳᠠ ᠡᠨᠡ ᠴᠢᠨᠢ ᠰᠤᠮᠤ ᠠ᠋ᠴᠠ ᠨᠠᠰᠢ ᠢᠷᠡᠵᠦ ᠶᠠᠪᠤᠭ᠎ᠠ ᠬᠥᠮᠦᠨ ᠪᠠᠢᠨ᠎ᠠ᠃
ᠮᠠᠨ ᠮᠥᠨ ᠶᠠᠭᠠᠬᠢᠬᠤ ᠠᠷᠭ᠎ᠠ ᠦᠭᠡᠢ ᠮᠥᠨ᠂ ᠪᠢᠳᠡᠨ ᠦ᠌ ᠲᠡᠨᠳᠡ ᠪᠠᠢᠬᠤ ᠬᠣᠭᠣᠷᠣᠨᠳᠣ ᠰᠤᠮᠤ ᠣᠷᠣᠵᠤ ᠳᠠ
- ᠣᠳᠣ ᠶᠠᠭᠠᠬᠢᠬᠤ ᠪᠣᠢ
- ᠬᠠᠷᠢᠨ ᠠ᠋ ᠭᠣᠣᠯ ᠳᠡᠭᠡᠷ᠎ᠡ ᠪᠠᠭᠤᠵᠤ ᠮᠣᠷᠢᠳ ᠢ᠋ᠶ᠋ᠠᠨ ᠠᠮᠠᠷᠠᠭᠠᠭᠰᠠᠨ ᠭᠡᠬᠦ ᠡᠴᠡ
- ᠡᠢᠮᠦ ᠤᠳᠠᠭᠠᠨ ᠤᠤ
ᠬᠠᠷᠢᠨ ᠨᠢ ᠠ᠋᠂ ᠂ ᠃
ᠳᠣᠭᠰᠢᠨ ᠴᠢᠩᠭᠢᠰ ᠬᠠᠭᠠᠨ ᠴᠤ᠌ ᠶᠠᠭᠤ ᠶᠠᠭᠤ ᠦᠭᠡᠢ ᠬᠦᠷᠦᠭᠡᠳ ᠢᠷᠡᠯ᠎ᠡ᠃ ᠲᠡᠷᠡ ᠪᠢᠳᠡ ᠬᠣᠶᠠᠷ ᠲᠤ᠌ ᠲᠤᠯᠵᠤ ᠮᠣᠷᠢ ᠪᠠᠨ ᠲᠠᠲᠠᠭᠠᠳ ᠢᠷᠪᠢᠰ ᠦ᠋ᠨ ᠰᠢᠷ᠎ᠠ ᠨᠢᠳᠦ ᠪᠡᠷ ᠢ᠋ᠶ᠋ᠡᠨ ᠮᠠᠭᠤᠬᠠᠢ ᠬᠠᠷᠠᠯ᠎ᠠ᠃ ᠡᠩᠭᠡᠷ ᠵᠠᠭᠠᠮ᠎ᠠ ᠨᠢ ᠵᠠᠳᠠᠭᠠᠢ᠂ ᠴᠢᠷᠠᠢ ᠨᠢ ᠬᠥᠭᠡᠩᠭᠢ ᠡᠮᠡᠭᠡᠯ ᠳᠡᠭᠡᠷ᠎ᠡ ᠪᠡᠨ ᠬᠠᠵᠠᠭᠤᠯᠳᠠᠨ ᠪᠦᠳᠦᠭᠦᠨ ᠲᠡᠩᠵᠡᠨ ᠲᠠᠰᠢᠭᠤᠷ ᠢ᠋ᠶ᠋ᠠᠨ ᠮᠣᠷᠢᠨ ᠳᠡᠯ ᠳᠡᠭᠡᠷ᠎ᠡ ᠬᠥᠨᠳᠡᠯᠢᠳᠦᠭᠦᠯᠦᠨ ᠪᠠᠷᠢᠵᠠᠢ᠃
ᠴᠢ ᠰᠤᠮᠤ ᠠ᠋ᠴᠠ ᠢᠷᠡᠪᠡ ᠤᠤ ᠭᠡᠵᠦ ᠬᠤᠯᠠᠨ ᠶᠡᠬᠡ ᠯᠡ ᠲᠤᠯᠭᠠᠮᠳᠠᠨ ᠠᠰᠠᠭᠤᠬᠤ ᠳ᠋ᠤ᠌ ᠴᠡᠮᠪᠡ ᠰᠢᠲᠦ ᠪᠡᠨ ᠲᠠᠴᠢᠭᠢᠨᠠᠲᠠᠯ᠎ᠠ ᠬᠠᠪᠢᠷᠤᠭᠠᠳ᠂ ᠠᠮᠠ ᠪᠠᠨ ᠮᠤᠷᠤᠢᠯᠭᠠᠨ
- ᠰᠤᠮᠤ ᠠ᠋ᠴᠠ ᠭᠡᠨ᠎ᠡ ᠰᠢᠦ᠃ ᠡᠨᠡ ᠵᠤᠯᠪᠤᠳᠠᠰᠤ ᠲᠠᠢ ᠪᠠᠨ ᠰᠢᠭᠤᠢ ᠳᠣᠲᠣᠷ᠎ᠠ ᠬᠡᠪᠲᠡᠵᠦ ᠪᠠᠢᠬᠤ ᠳ᠋ᠤ᠌ ᠴᠢᠨᠢ᠂ ᠂ ᠃
ᠪᠢᠲᠡᠭᠡᠢ ᠳᠡᠮᠡᠢᠷᠡ ᠴᠢ᠂ ᠂ ᠃
ᠳᠠᠭᠤ! ᠭᠡᠵᠦ ᠴᠡᠮᠪᠡ ᠮᠠᠭᠤᠬᠠᠢ ᠬᠠᠰᠬᠢᠷᠤᠭᠠᠳ ᠨᠠᠳᠠ ᠤᠷᠤᠭᠤ ᠳᠠᠭᠠᠷᠢᠵᠤ ᠶᠠᠭᠠᠬᠢᠬᠤ ийхийнᠢᠭᠢᠬᠦ ᠶ᠋ᠢᠨ ᠵᠠᠪ ᠦᠭᠡᠢ ᠮᠣᠷᠢᠨ ᠳᠡᠭᠡᠷ᠎ᠡ ᠡᠴᠡ ᠮᠢᠨᠢ ᠬᠣᠣ ᠲᠠᠲᠠᠵᠤ ᠣᠷᠬᠢᠭᠠᠳ
-ᠮᠠᠭᠤ ᠨᠣᠪᠰᠢ ᠬᠥᠮᠦᠨ ᠦ᠌ ᠮᠣᠷᠢ ᠤᠨᠤᠭᠠᠳ ᠪᠠᠰᠠ ᠡᠬᠡᠨᠡᠷ ᠢ᠋ ᠨᠢ᠂ ᠂ ᠃
ᠴᠡᠮᠪᠡ! ᠴᠢ ᠶᠠᠮᠠᠷ ᠵᠢᠭᠲᠡᠢᠬᠡᠨ ᠠᠮᠢᠲᠠᠨ ᠪᠣᠢ! ᠭᠡᠵᠦ ᠬᠤᠯᠠᠨ ᠤᠬᠢᠯᠠᠩᠨᠠᠨ ᠬᠠᠰᠬᠢᠷᠪᠠ᠃
ᠴᠡᠮᠪᠡ ᠭᠠᠯᠵᠠᠭᠤᠷᠠᠭᠰᠠᠨ ᠶᠤᠮ ᠰᠢᠭ᠋ ᠰᠢᠷ᠎ᠠ ᠨᠢᠳᠦ ᠪᠡᠨ ᠡᠷᠭᠢᠯᠳᠦᠭᠦᠯᠦᠨ ᠰᠢᠳᠦ ᠪᠡᠨ ᠢᠷᠵᠠᠢᠯᠭᠠᠵᠤ
- ᠳᠠᠭᠤ᠂ ᠨᠠᠭᠠᠨ᠎ᠠ ᠴᠢᠨᠢ ᠨᠠᠮ ᠴᠣᠬᠢᠨ᠎ᠠ ᠰᠢᠦ ᠭᠡᠵᠦ ᠤᠷᠢᠯᠠᠭᠠᠳ ᠴᠤᠯᠪᠤᠭᠤᠷ ᠢ᠋ ᠨᠢ ᠰᠢᠭᠦᠷᠡᠨ ᠠᠪᠴᠤ ᠮᠣᠷᠢ ᠶ᠋ᠢ ᠨᠢ ᠲᠠᠰᠢᠭᠤᠷᠳᠠᠪᠠ᠃
ᠪᠢ ᠪᠠᠭᠤᠨ᠎ᠠ᠃ ᠪᠢ ᠦᠬᠦᠭᠰᠡᠨ ᠴᠦ᠍ ᠴᠢᠮ᠎ᠠ ᠲᠠᠢ ᠶᠠᠪᠤᠬᠤ ᠦᠭᠡᠢ ᠭᠡᠵᠦ ᠬᠤᠯᠠᠨ ᠬᠣᠷᠣᠰᠤᠨ ᠤᠬᠢᠯᠠᠬᠤ ᠳ᠋ᠤ᠌
ᠴᠢ ᠲᠡᠭᠡ᠂ ᠬᠠᠷᠢᠨ ᠪᠢ ᠴᠠᠭᠠᠳᠤᠬᠢ ᠨᠢᠰᠤᠬᠠᠢ ᠵᠢᠭᠠᠯ ᠢ᠋ ᠴᠢᠨᠢ ᠨᠢᠭᠡ ᠯᠡ ᠴᠣᠬᠢᠨ᠎ᠠ ᠰᠢᠦ ᠭᠡᠵᠦ ᠴᠡᠮᠪᠡ ᠪᠣᠷᠣᠣᠬᠠᠢ ᠮᠡᠲᠦ ᠪᠦᠳᠦᠭᠦᠨ ᠲᠠᠰᠢᠭᠤᠷ ᠢ᠋ᠶ᠋ᠠᠨ ᠳᠠᠯᠠᠢᠨ ᠨᠠᠳᠠ ᠤᠷᠤᠭᠤ ᠳᠠᠪᠰᠢᠯᠠᠬᠤ ᠳ᠋ᠤ᠌
- ᠴᠡᠮᠪᠡ᠂ ᠪᠤᠯᠢᠭᠠᠴᠢ! ᠬᠤᠯᠠᠨ ᠭᠠᠷ ᠠ᠋ᠴᠠ ᠨᠢ ᠵᠢᠭᠤᠷᠠᠪᠠ᠃ ᠪᠢ ᠭᠡᠳᠡᠭ ᠬᠥᠮᠦᠨ ᠤᠬᠠᠭᠠᠨ ᠪᠠᠯᠠᠷᠲᠤᠬᠤ ᠰᠢᠬᠠᠮ᠂ ᠭᠠᠵᠠᠷ ᠵᠣᠭᠣᠭᠰᠠᠨ ᠭᠠᠳᠠᠰᠤ ᠰᠢᠭ᠋ ᠬᠥᠳᠡᠯᠦᠯ ᠦᠭᠡᠢ ᠵᠣᠭᠰᠣᠵᠤ ᠪᠠᠢᠵᠠᠢ᠃ ᠴᠡᠮᠪᠡ ᠦᠰᠦᠷᠦᠨ ᠪᠠᠭᠤᠵᠤ ᠮᠣᠷᠢᠳ ᠢ᠋ᠶ᠋ᠠᠨ ᠬᠤᠯᠠᠨ ᠤ᠋ ᠮᠣᠷᠢᠨ ᠤ᠋ ᠬᠦᠵᠦᠭᠦᠨ ᠡᠴᠡ ᠬᠣᠯᠪᠣᠭᠠᠳ ᠮᠥᠨ ᠯᠡ ᠬᠠᠷᠠᠢᠨ ᠮᠣᠷᠳᠠᠵᠤ᠂ ᠬᠤᠯᠠᠨ ᠤ᠋ ᠴᠤᠯᠪᠤᠭᠤᠷ ᠢ᠋ ᠰᠢᠭᠦᠷᠡᠵᠦ ᠠᠪᠤᠭᠠᠳ᠂ ᠮᠣᠷᠢᠳ ᠢ᠋ᠶ᠋ᠠᠨ ᠬᠠᠢᠷ᠎ᠠ ᠨᠠᠢᠷ ᠦᠭᠡᠢ ᠲᠠᠰᠢᠭᠤᠷᠳᠠᠨ ᠳᠠᠪᠬᠢᠪᠠ᠃ ᠮᠢᠨᠦ ᠡᠮᠦᠨ᠎ᠡ ᠤᠯᠠᠭᠠᠨ ᠲᠣᠭᠣᠰᠣ ᠮᠠᠨᠠᠷᠠᠵᠤ ᠂ ᠬᠥᠭᠡᠷᠦᠬᠦᠢ ᠬᠤᠯᠠᠨ ᠤ᠋ ᠬᠣᠷᠣᠰᠤᠨ ᠤᠬᠢᠯᠠᠬᠤ ᠴᠢᠮᠡᠭᠡ ᠲᠠᠰᠤᠷᠠᠯ᠎ᠠ᠃ ᠪᠢ ᠵᠠᠮ ᠳᠡᠭᠡᠷ᠎ᠡ ᠶᠠᠪᠠᠭᠠᠨ ᠬᠠᠶᠠᠭᠳᠠᠭᠰᠠᠨ ᠢ᠋ᠶ᠋ᠠᠨ ᠰᠠᠶᠢ ᠤᠬᠠᠭᠠᠷᠠᠵᠤ ᠴᠡᠮᠪᠡ ᠶ᠋ᠢᠨ ᠬᠣᠢᠨ᠎ᠠ ᠠ᠋ᠴᠠ ᠭᠠᠷ ᠵᠠᠩᠭᠢᠳᠤᠨ᠂
ᠪᠢ ᠴᠢᠮ᠎ᠠ ᠠ᠋ᠴᠠ ᠬᠠᠷᠢᠭᠤ ᠪᠠᠨ ᠠᠪᠤᠨ᠎ᠠ ᠳᠠ᠃ ᠵᠠᠪᠠᠯ ᠠᠪᠤᠨ᠎ᠠ! ᠬᠤᠯᠠᠨ ᠴᠤ᠌ ᠴᠢᠮᠠᠶ᠋ᠢ ᠬᠠᠶᠠᠨ᠎ᠠ᠂ ᠦᠵᠡᠭᠡᠷᠡᠢ ᠂ ᠮᠠᠭᠤ ᠨᠣᠬᠠᠢ! 〈ᠬᠤᠯᠠᠨ ᠴᠢᠮᠠᠶ᠋ᠢ ᠵᠠᠪᠠᠯ ᠬᠠᠶᠠᠨ᠎ᠠ! ᠭᠡᠵᠦ ᠨᠢᠯᠪᠤᠰᠤ ᠪᠠᠨ ᠠᠷᠴᠢᠵᠤ ᠨᠢᠰᠦ ᠪᠡᠨ ᠲᠠᠲᠠᠭᠰᠠᠭᠠᠷ ᠬᠤᠴᠤᠷᠠᠵᠤ ᠪᠢᠯᠡ᠃
ᠡᠬᠢ ᠰᠤᠷᠪᠤᠯᠵᠢ᠄ https://www.biirbeh.mn/index.php?sel=content&f=one&obj_id=725
ᠺᠢᠷᠢᠯ ᠡᠴᠡ ᠬᠥᠷᠪᠡᠭᠦᠯᠦᠭᠴᠢ᠄ ᠨᠤᠮᠤᠴᠢᠨ ᠪᠢᠯᠢᠭ
ᠬᠢᠨᠠᠭᠴᠢ᠄
Хулан бид хоёр
С.Эрдэнэ
Арван долоон нас ч дээ. Хөөрхий. зайлуул. Би тэгэхэд өөрийгөө эр хүнд тооцож явжээ. Гэтэл тэр зун ёстой шалчгар эр болохоо мэдсэн юм. Долдугаар сарын нэгэн өдөр би нутгийнхаа Чингис хаан болоод түүний залуу гэргийн хамт сумынхаа наадамд очихоор эртлэн мордлоо. Гэр Чингис хаан гэдэг маань ердөө л шар Цамба юм шүү дээ. Би түүнд ийм догшин сүртэй хоч өгсөн боловч хүнд хэлдэггүй байлаа. Хурдан морь уяхад нь би түүнд туслалцсан юм. Тэгэхэд над шиг жулдрай амьтан салхин зээрд, цахилгаан хээр гэх мэт үлгэр домгийн нэртэй тэр сүрхий хөлөг морьдыг нь үдшийн чийг буусан хойно хээр аваачиж идээшлүүлэх, өглөө үүрээр чилээгий нь гаргах, өдөр услах зэрэг хар бор ажил хийхээс өөр ямар тус хүргэх билээ.
Шар Цамба гэгч гуч эргэм настай, ирвэсниих шиг жоотгор шар нүдтэй, буржгар хүрэн үстэй, дундуураа ховилтсон урт эрүүтэй бөгөөд майгавтар богинохон хөлөө бат гишгэж нударгаа үргэлж зангидаж явдаг хүн. Шар нүд нь урин зөөлөн харцтай байхыг би ер үзсэнгүй. Нусгай жаалууд бол түүний харцнаас айж хулганан, мөрөө хавчиж, модон өмд өмссөн юм шиг хөдлөхгүй болно. Цамба адуу мал, алт мөнгөөр баян бөгөөд морь арилжих дон туссан хүн. Хавар ногоо цухуйнгуут хэдэн морь сайн эмээл тохож, сайхан хувцас өмсөөд л хуй салхи мэт арилж өгнө. Тэгээд Хэрлэн Баян-Улаан, Гал шар бүр Дариганга хүртэл доншуучлаад ид зун болсон хойно сайн сайн морьдыг хатир жороо, өнгө зүсээр нь ижилсүүлж хөтлөөд, уулын бэлээр тоос татуулж уртын дуу уянгалуулсаар буцаж ирнэ. Шар Цамбын ид хав ийм л байлаа. Манай нутгийнхний зарим нь түүнийг цагаан омогтой, хийморьтой, сайн эр гэх боловч олонх нь онгиргон сагсуу, олиггүй хүн гэлцдэг билээ. Харин би бол түүнийг Чингис хаан шиг л хүн гэж бодно. Бид үүр цүүрээр өмнө зүг давхиж явлаа. Сумын төв хүртэл хоёр өртөө газар, зам их бартаатай. Жирэмтийн даваа гэж нэг их даваа буй. Нар цухуйхын алдад Чингис Цагаан тохойн айлаар бууж дөрөө чангална гэж бид хоёрыг орхиод жилийж одов. Тэгэнгүүт би дотроо гэнэт баяртай боллоо. Арван долоон насанд, үгүй дээ л эр хүний үнэр орсон байх шүү дээ. Шар Цамбын эхнэрийг Хулан гэнэ. Хулан холын нутгаас хадамд ирсэн, сар шиг сайхан, салхи шиг тогтворгүй амьтан билээ.
Ахыгаа дагаж аймаг руу хоёр жил хэртэй яваад энэ хавар нутагтаа буцаж ирэхэд минь Шар Цамба ийм залуу сайхан эхнэр авсан байлаа. Цамба эхнэрээ үргэлж занчиж, үүр шөнөөр чарлуулж байдаг гэж манай нутгийнхан ярилцаж байлаа. Гэвч би тийнхүү чойжин буулгаж байхыг нь үзсэнгүй.
За тэгээд Чингис хаан бараа сураггүй болжээ. Би наадамд уралдуулахаар сойсон дөрвөн сайхан морий нь хөтлөөд Хулан хүүхний дэргэд цогиулж явлаа. Өглөөний сэрүүнд ээгсэн эргүүлээд Жирэмийн даваа даваарай гэж «хаан» бидэнд тушаасан юм.
Би Хулан хүүхнийг хулгай нүдээр шохоорхон харж ер бишийн баяр хөөртэй явав. Ингээд л давхиад байвал хаа ч хүрч болмоор санагдана.
Цэлмэг тэнгэрт нар мандаж, салхин өмнөөс сэрчигнэнхэд уулын энтээ сүүдэр тусаж байхад, өрнө уулын улбар туяа тусжээ. Нуга газрын шүүдэрт ногоо хөлд шир шир хийж, урдах зам дээрээс болжмор шувуу байн байн ниснэ. Хулан хүүхэн улаан савхин гутал өмсөж, жижигхэн хөлийнхөө өлмийг хотойлгож жийжүү дөрөө жийж , хөх торгон тэрлэгийнхээ хормойг өвдөгнөөсөө дээш цугларуулж, торгон оймсны цаана туяарч байгаа чийрэг булчингаа чангахан ороогоод, боржигин хийцтэй эмээл дээр янзтайхан сууж, шар дурдан бүс эвлэгхэн ороосон нарийхан бэлхүүсээ жороо хүрнийхээ явдлын аясаар үл мэдэг нахилзуулан явна.
Магнай дээрээ сартай жороо хүрэн морь мөнгөн товруут хазаарынхаа амгайг соёондоо өлгөж хазаар даран тэмүүлэхэд үс нь илбүүршсэн тэгшхэн зоо нь үл мэдэг жирвэлзэхийг үзвэл аягатай ус тавьсан ч асгармааргүй, морь эзэн хоёрын энэ байдалд хөгжмийн хөг таарах мэт сэтгэлд маш тааламжтай.
Харин, миний өмссөн хувцас гэвэл, эмжээр нь сэмэрсэн ногоон жигүүн тэрлэг, өвдөг дээрээ зууван нөхөөстэй цэрэг өмд, хугархай саравчтай хуучин муу малгай, унасан морь гэвэл, Чингис хааны адуун сүргийн адаг, ааш муутай алаг үрээ байлаа.
Хулан, уулын орой харж уянгат дуу аялж явснаа намайг нүднийхээ булангаар харж доогтойхон инээмсэглээд, Сампил аа чи дуулаач гэхэд миний царай яах ийхийн завгүй улаа бутраатахлаа. Өнчин хүн дуулаач гэгчээр Би тэрүүхэндээ л зэгсэн хоолойтой байжээ. Адуу малд явахдаа дуу аялж хадны цууриа чагнадаг өвчтэй юмсан. Би сүүндээ цадсан тугал шиг хэлээ долоож, эхлээд тун онхио муутайгаар «Ар Хянган уулан дээр нь гараад харахад» гэдгийг дууллаа. Хулан намайг ингэж дуулна гэж огтхон ч санаагүй тул морио татаж сайхан алаг нүдээ тормолзуулан мишээв. Тэгэхээр нь би урам зориг орж, ухаан, хоолой хоёрынхоо чадлыг шавхаж харь хол явсан хайрт ганц охиноо мөрөөдсөн эхийн тухай дуулав. Тэгтэл Хулан ханцуйнаасаа алчуур гаргаж нулимсаа арчив шүү. Би амаа ангайсан хэвээрээ таг боллОО. Ингэж уярах юм гэж ер санасангүй.
Сампил аа дуулаач дээ гээд Хулан бүр мэгшин уйллаа. Гэвч миний дуулах сэхээ алга болжээ. Хулан нэлээд удаан уйлаад сая тайтгарч энэ удаа аятайхнаар хараад,
Сампил, чи ямар сайхан дуулдаг юм бэ гэхэд би аанай л ичиж улайлаа.
Даваан дээр гарах үес бага үд болжээ. Энэ хооронд Хулан бид хоёр бие биеэ овоо мэдэх болсон байлаа. Хулан бас надтай адил өнчин хүн юмсанжээ. Бид овооны дэргэд буулаа. Энэ өдөр аагим халуун боловч давааны өндөрт салхи сэрүүн бөгөөд шилмүүст ойн содон үнэр анхилж, тэртээ Дор хөх ногоон шугуй дундуур урсах Онон голын нугалаанууд гялалзан, мэлтэлзэн харагдав.
Хулан зулай даран ороож чихний тус зангидсан улаан пансан алчуураа авч махлаг цагаан гараараа магнайгаа илээд намайг ширтэж юу бодсныг бүү мэд нэг л донжтойхон инээмсэглэнэ. Энэ үед би Чингис хаан мөд бүү ирээсэй гэж бодож байсан тул байн байн зам руу харжээ.
Чи юугаа хараа вэ? гэж хүүхний гэнэт асуухад
Чингис... хэмээн санамсаргүй хэлж орхилоо.
Юу? гэж гайхан харахад нь би бүр бантаж орхиод
Аа тийм... Чингис... үгүй ээ ца.. ца.. гэж бувтнаад мангуу юм шиг маасайтал инээхэд Хулан улам гайхаж
Юун Чингис вэ? гээд нүдээ томоос том болголоо.
Би сая л нэг хэлээ татагчаан болж
үгүй, Цамба гуай гүйцэж ирэх болоогүй юм аа гэв. Хулан бас л гайхсан хэвээрээ,
Тэгээд Чингис, Чингис гээд байдаг... гэхэд нь би одоо дүүрсэн хэрэг гэж бодоод,
Цамба гуай Чингис хаантай төстэй шүү гэтэл
Юу гэнэ ээ? гээд гэдрэг унан хөхөрч
үхсэн хойноо Чингис хаан бол. Чингис шиг баатар бол адаглаад эхнэрээ зодохгүй байхсан. Тэр чинь одоо ногоорч л яваа биз. Энэ шөнөдөө сум хүрч чадвал дээд заяа гээд санаа алдан ногоон дээр хажуулдан ил гарсан өвдгөө хормойгоороо ороогоод, нэг ширхэг хялгана тасдан амандаа зууж ямархан нэг зүйлийг мөрөөдон санаашрах мэт нүдээ аньж байснаа аальгүйтэн инээж,
Намайг тат! гээд гараа өгөв. Түүний гар зөөлхөн бөгөөд бүлээхэн байлаа.
Хулан тэр даруй мориндоо мордож,
Сампил аа эрчээрээ давхиад гол дээр очъё. Усны эрэг дээр их сайхан байгаа. Цамба мөд ирэхгүй, явъя! гэж хөгжилтэй хэлээд мориндоо ташуур өгч даваа руу жороолуулав. Би ч яаран мордож хойноос нь давхив. Сампил аа дуулаарай гэнэ. Би сэмэрхий ногоон тэрлэгнийхээ хормойг хийсгэнхэн,
- Эр ээ боруу харцагана нь үү-ээ
Жигүүрхэндээ хүчтэй ай хө алдрай мину эээ.. гээд л жирэмийн давааг жингэнэтэл дуулж явлаа.
Гол дээр хүрч ирэхэд нөгөө хурдан морьд маань хүртэл хөлөрчихсөн байв.
Хулан намайг хүн бараг явахаа больсон, хуучин гарам тийш дагуулж очив. Бид хоёр улиас бургас, мойл долоогоно хосолсон битүү шугуйн дунд бууж морьдоо уяад тухтайхан хүүрнэж суулаа...
Чухам юу гэгч болж байгааг би мэдэхээ байжээ.
Хулаан манай нутагт чам шиг сайхан хүүхэн байхгүй шүү.
Над бас өөр сайхан юм бий л дээ
Юу гэж?
Яагаав. Сэтгэл байна.
Тэгээд жаргалтай амьдарч...
Чи бод л доо. Би хүний эрхэнд байна. Зовлонгоо нуухыг л бодох юм. Хүн намайг жаргалдаа ташуурсан амьтан гэж боддог.
Хулаан, чи ингэж амьдрах ёсгүй, салаад яв! Чамайг сүрдүүлдэг байхгүй юу. Хаяад явчихвал чинь яаж ч чадахгүй.
Сампил аа, чам шиг хүнтэйсэн бол... чи даанч ичимтгий юм даа. Намайг үнс л дээ...
Бидний хажуу дахь бургасны мөчир дээр ирж суусан бяцхан бор бялзуухай «эд ер нь яаж байна» гэсэн байртай толгойгоо гилжийлгэн шил сувс шиг өчүүхэн нүдээ эргэлдүүлнэ.
Хулан гараа дэрлэж нүдээ аниад,
Намар чиний аймаг орсон хойно би Цамбаас салаад бас аймаг орно. Ажил хийвэл амьдарна шүү дээ. Би оёдолчин, үгүй дээ цэвэрлэгч хийж дөнгөх байлгүй. Тийм ээ Сампил аа?
Тийм ээ. Би бол тракторчин юм уу жолооч болох санаатай! Хулаан! Энэ шувуу ямар хөөрхөн нүдтэй юм бэ?
Шинэ гармын замд орох үед нэгэнт орой болсон байлаа. Гэвч бид Чингис хаан нөгөө цагаан тохойдоо л ногоорч яваа гэж ажиг сэжиг ч үгүй явлаа. Хичнээн баяр жаргалтай явсан гэж санана. Хулан миний мөрийг түшин мишээж, би эр бор харцага аялан мишээж, оройн наран уулын толгой дээр мишээнэ.
Бид хоёрын урдаас ямар нэг хүн улаан тоос татуулан давхиж айсуй. Хулан гэнэт морио татаж тэр хүний зүг түгшүүртэйгээр ширтээд, Би ч дорхиноо
Цамба ирж явна гэж шивэгнэв. Би ч дорхиноо шалчийж орхилоо Зүрх маань амаараа гарах нь ээ
Хаанаас даа энэ чинь сумаас нааш ирж яваа хүн байна.
Мөөн мөн яах аргагүй мөн.Бидний тэнд байх хооронд сум орж дээ
- Одоо яах вэ
- Харин ээ Гол дээр бууж морьдоо амраасан гэхээс
- Ийм удаан уу
Харин нь ээ...
Догшин Чингис хаан ч юу юугүй хүрээд ирлээ. Тэр бид хоёрт тулж морио татаад ирвэснй шар нүдээрээ муухай харлаа. Энгэр заам нь задгай, царай нь хөөнгө эмээл дээрээ хажуулдан бүдүүн тэнзэн ташуураа морин дэл дээр хөндөлдүүлэн барьжээ.
Чи сумаас ирэв үү гэж Хулан их л тулгамдан асуухад Цамба шүдээ тачигнатал хавираад, амаа муруйлган
- Сумаас гэнэ шүү. Энэ зулбадастайгаа шугуй дотор хэвтэж байхад чинь...
Битгий дэмийр чи...
Дуу! гэж Цамба муухай хашгираад над руу дайрч яах ийхийн завгүй морин дээрээс минь хуу татаж орхиод
-Муу новш хүний морь унаад бас эхнэрий нь...
Цамбаа! Чи ямар жигтэйхэн амьтан бэ! гэж Хулан уйлагнан хашгирав.
Цамба галзуурсан юм шиг шар нүдээ эргэлдүүлэн шүдээ ярзайлгаж
- Дуу, наана чинь нам цохино шүү гэж орилоод цулбууры нь шүүрэн авч морийг нь ташуурдав.
Би бууна. Би үхсэн ч чамтай явахгүй гэж Хулан хорсон уйлахад
Чи тэг .Харин би цаадах нусгай жаалыг чинь нэг л цохино шүү гэж Цамба бороохой мэт бүдүүн ташуураа далайн над руу давшлахад
Цамбаа, болиоч! Хулан гараас нь зуурав. Би гэдэг хүн ухаан балартах шахам, газар зоосон гадас шиг хөдлөлгүй зогсож байжээ. Цамба үсрэн бууж морьдоо Хулангийн морины хүзүүнээс холбоод мөн л харайн мордож, Хулангийн цулбуурыг шүүрч аваад, морьдоо хайр найргүй ташуурдан давхив. Миний өмнө улаан тоос манарч, хөөрхий Хулангийн хорсон уйлах чимээ тасарлаа. Би зам дээр явган хаягдсанаа сая ухаарч Цамбын хойноос гар зангидан,
Би чамаас хариугаа авна даа. Заавал авна! Хулан ч чамайг хаяна. үзээрэй, муу нохой! 'Хулан чамайг заавал хаяна! гэж нулимсаа арчиж нусаа татсаар хоцорч билээ.
https://www.biirbeh.mn/index.php?sel=content&f=one&obj_id=725
